ᠳᠡᠣᠬᠡᠨ ᠣᠯᠠᠷᠢᠯ
ᠨᠡᠶᠢᠲᠡᠯᠡᠭᠰᠡᠨ ᠴᠠᠭ᠄
2019/11/18
      ᠠᠯᠠᠱᠠ ᠣᠷᠣᠨ ᠪᠣᠯ ᠪᠠᠯᠠᠷ ᠡᠷᠳᠡᠨ ᠤ ᠬᠦᠮᠦᠨ ᠲᠦᠷᠦᠯᠬᠢᠳᠡᠨ ᠤ ᠡᠭᠦᠰᠦᠯ ᠤᠨ ᠭᠠᠵᠠᠷ ᠤᠨ ᠨᠢᠭᠡ ᠪᠠᠶᠢᠵᠦ᠂ ᠠᠯᠠᠱᠠ ᠪᠠᠷᠠᠭᠤᠨ ᠬᠤᠰᠢᠭᠤᠨ ᠤ ᠶᠠᠪᠠᠷᠠᠢ ᠠᠭᠤᠯᠠᠨ ᠤ ᠠᠭᠤᠢ ᠳᠠᠬᠢ ᠭᠠᠷ ᠤᠨ ᠣᠷᠣᠮ ᠤᠨ ᠬᠠᠳᠠᠨ ᠵᠢᠷᠤᠭ ᠪᠠ ᠠᠯᠠᠱᠠ ᠵᠡᠬᠦᠨ ᠬᠤᠰᠢᠭᠤᠨ ᠤ ᠶᠡᠭᠡ ᠬᠡᠮᠵᠢᠶᠡᠨ ᠤ ᠨᠠᠷᠢᠯᠢᠭ ᠴᠢᠯᠠᠭᠤᠨ ᠵᠡᠪᠰᠡᠭ ᠤᠨ ᠰᠣᠶᠣᠯ ᠤᠨ ᠦᠯᠡᠳᠡᠭᠳᠡᠯ ᠤᠨ ᠢᠯᠡᠷᠡᠬᠦᠯᠦᠯᠳᠡ ᠨᠢ ᠠᠯᠠᠱᠠ ᠣᠷᠣᠨ ᠳᠤ ᠠᠯᠢ ᠡᠷᠳᠡ ᠬᠠᠭᠤᠴᠢᠨ ᠴᠢᠯᠠᠭᠤᠨ ᠵᠡᠪᠰᠡᠭ ᠤᠨ ᠦᠶ᠎ᠡ  ᠳᠤ ᠨᠢᠭᠡᠨᠳᠡ ᠬᠦᠮᠦᠨ ᠳᠦᠷᠦᠯᠬᠢᠳᠡᠨ ᠤ ᠬᠦᠳᠡᠯᠭᠡᠭᠡᠨ ᠲᠠᠢ ᠪᠠᠶᠢᠭᠰᠠᠨ ᠢ ᠬᠡᠷᠡᠴᠢᠯᠡᠵᠦ ᠪᠣᠢ᠃       ᠪᠠᠯᠠᠷ ᠡᠷᠳᠡᠨ ᠤ ᠨᠡᠶᠢᠭᠡᠮ ᠤᠨ ᠰᠡᠬᠦᠯᠴᠢ ᠦᠶ᠎ᠡ᠂ ᠪᠣᠭᠤᠯᠳᠦ ᠨᠡᠶᠢᠬᠡᠮ ᠤᠨ ᠦᠶ᠎ᠡ ᠳᠤ ᠡᠵᠡᠨ᠎ᠡ ᠭᠤᠣᠯ  ᠤᠨ ᠣᠷᠣᠰᠬᠠᠯ ᠳᠠᠭᠠᠣ᠂ ᠰᠣᠪᠨᠠᠭᠤᠷ ᠤᠨ ᠡᠷᠬᠢ ᠳᠠᠭᠠᠣ ᠨᠢᠬᠡᠨᠳᠡ ᠱᠠᠩ ᠵᠸᠦ ᠶᠢᠨ ᠳᠦᠷᠦ ᠶᠢᠨ ᠡᠷᠳᠡᠨ ᠤ ᠠᠷᠠᠳ ᠣᠷᠣᠰᠢᠨ ᠠᠮᠢᠳᠣᠷᠠᠵᠦ ᠪᠠᠶᠢᠭᠰᠠᠨ ᠣᠯᠠ ᠮᠦᠷ ᠪᠣᠢ᠃       ᠴᠢᠨ ᠱᠢ ᠬᠤᠸᠠᠩ ᠵᠢᠷᠭᠤᠭᠠᠨ ᠣᠯᠣᠰ ᠢ ᠨᠢᠭᠡᠳᠭᠡᠭᠰᠡᠨ ᠤ ᠳᠠᠷᠠᠭ᠎ᠠ᠂ ᠠᠯᠠᠱᠠ ᠶᠢᠨ ᠵᠡᠬᠦᠨ ᠬᠤᠶᠢᠳᠣ ᠬᠡᠰᠡᠭ ᠲᠤ ᠠᠩᠬ᠎ᠠ ᠪᠸᠢ ᠳ᠋ᠢ ᠵᠢᠶᠦ᠋ᠨ ᠢ ᠪᠠᠶᠢᠭᠤᠯᠪᠠ᠃       ᠬᠠᠨ ᠣᠯᠣᠰ ᠤᠨ ᠦᠶ᠎ᠡ ᠳᠤ᠂ ᠠᠯᠠᠱᠠ ᠣᠷᠣᠨ ᠨᠢ ᠳᠣᠰ ᠪᠦᠷᠢ ᠪᠸᠢ ᠳ᠋ᠢ᠂ ᠡᠦ ᠸᠧᠢ᠂ ᠵᠠᠩ ᠶᠧ ᠭᠤᠷᠪᠠᠨ ᠵᠢᠶᠦ᠋ᠨ ᠳᠤ ᠬᠤᠪᠢᠶᠠᠷᠢᠯᠠᠭᠳᠠᠨ ᠵᠠᠬᠢᠷᠣᠭᠳᠠᠵᠦ ᠪᠠᠶᠢᠪᠠ᠃ ᠬᠠᠨ ᠡᠦ ᠳ᠋ᠢ ᠶᠢᠨ ᠲᠠᠢ ᠴᠤ ᠶᠢᠨ ᠭᠤᠷᠪᠠᠳᠣᠭᠠᠷ ᠣᠨ( ᠨᠡᠶᠢᠳᠡ ᠶᠢᠨ ᠣᠨ ᠳᠣᠭᠠᠯᠠᠯ ᠠᠴᠠ ᠡᠮᠦᠨ᠎ᠡ 102 ᠣᠨ) ᠳᠤ᠂ 18 ᠳᠦᠮᠡᠨ ᠴᠡᠷᠢᠭ ᠢ ᠬᠦᠳᠡᠯᠭᠡᠨ ᠾᠧᠰᠢ ᠣᠷᠣᠨ ᠳᠤ ᠬᠦᠷᠴᠦ ᠬᠢᠯᠢ ᠶᠢ ᠰᠠᠬᠢᠭᠤᠯᠣᠨ᠂ ᠳᠠᠷᠢᠶᠠᠯᠠᠩ ᠡᠷᠬᠢᠯᠡᠬᠦᠯᠵᠦ᠂ ᠣᠮᠠᠷᠠᠳᠣ ᠬᠡᠰᠡᠭ  ᠲᠤ ᠵᠢᠦᠢ ᠶᠠᠨ᠂ ᠰᠢᠦ ᠱᠧ ᠬᠡᠬᠦ ᠬᠤᠶᠠᠷ ᠰᠢᠶᠠᠨ ᠢ ᠪᠠᠶᠢᠭᠤᠯᠪᠠ᠃ ᠬᠠᠨ ᠰᠢᠣᠸᠠᠨ ᠳ᠋ᠢ ᠶᠢᠨ ᠪᠧᠨ ᠱᠢ ᠶᠢᠨ ᠳᠡᠷᠢᠬᠦᠨ ᠣᠨ(ᠨᠡᠶᠢᠳᠡ ᠶᠢᠨ ᠣᠨ ᠳᠣᠭᠠᠯᠠᠯ ᠠᠴᠠ ᠡᠮᠦᠨ᠎ᠡ 73 ᠣᠨ) ᠳᠤ᠂ ᠵᠢᠦᠢ ᠶᠠᠨ ᠰᠢᠶᠠᠨ ᠨᠢ ᠵᠠᠩ ᠶᠧ ᠵᠢᠶᠦ᠋ᠨ ᠳᠤ ᠬᠠᠷᠢᠶᠠᠯᠠᠭᠳᠠᠨ ᠵᠠᠬᠢᠷᠣᠭᠳᠠᠵᠦ ᠪᠠᠶᠢᠪᠠ᠃ ᠵᠡᠬᠦᠨ ᠬᠠᠨ ᠤ ᠭᠤᠸᠠᠩ ᠡᠦ ᠳ᠋ᠢ ᠬᠠᠭᠠᠨ ᠤ ᠳᠡᠷᠢᠬᠦᠨ ᠣᠨ(25 ᠣᠨ) ᠳᠤ᠂《 ᠵᠠᠩ ᠶᠧ ᠵᠢᠦᠢ ᠶᠠᠨ ᠤ ᠬᠠᠷᠢᠶᠠᠳᠣ ᠣᠯᠣᠰ》ᠬᠡᠮᠡᠨ ᠦᠭᠡᠷᠡᠴᠢᠯᠡᠵᠦ᠂ ᠵᠡᠬᠦᠨ ᠬᠠᠨ ᠤ ᠰᠢᠶᠠᠨ ᠳ᠋ᠢ ᠬᠠᠭᠠᠨ ᠤ ᠰᠢᠩ ᠫᠢᠩ ᠤᠨ ᠬᠤᠶᠠᠳᠣᠭᠠᠷ ᠣᠨ(195 ᠣᠨ) ᠳᠤ᠂ ᠰᠢ ᠬᠠᠢ ᠵᠢᠶᠦ᠋ᠨ ᠢ ᠪᠠᠶᠢᠭᠤᠯᠵᠦ᠂ ᠵᠢᠦᠢ ᠶᠠᠨ ᠰᠢᠶᠠᠨ ᠡᠬᠦᠨ ᠳᠤ ᠬᠠᠷᠢᠶᠠᠯᠠᠭᠳᠠᠵᠦ ᠪᠠᠶᠢᠪᠠ᠃       ᠸᠧᠢ ᠶᠢᠨ ᠡᠮᠦᠨᠡᠳᠦ ᠣᠮᠠᠷᠠᠳᠣ ᠳᠦᠷᠦ ᠶᠢᠨ ᠦᠶ᠎ᠡ ᠳᠤ᠂ ᠸᠧᠢ ᠣᠯᠣᠰ ᠪᠠ ᠪᠠᠷᠠᠭᠤᠨ ᠶᠢᠨ ᠣᠯᠣᠰ ᠰᠢ ᠬᠠᠢ ᠵᠢᠶᠦ᠋ᠨ ᠢ ᠦᠷᠬᠦᠯᠵᠢᠯᠡᠨ ᠦᠯᠡᠳᠡᠭᠡᠪᠡ᠃ ᠣᠮᠠᠷᠠᠳᠣ ᠸᠧᠢ ᠣᠯᠣᠰ ᠤᠨ ᠦᠶ᠎ᠡ ᠳᠤ ᠠᠯᠠᠱᠠ ᠣᠷᠣᠨ ᠨᠢ ᠯᠢᠶᠠᠩᠵᠸᠦ ᠳᠤ ᠬᠠᠷᠢᠶᠠᠯᠠᠭᠳᠠᠵᠦ᠂ ᠣᠮᠠᠷᠠᠳᠣ ᠸᠧᠢ ᠣᠯᠣᠰ ᠤᠨ ᠳ᠋ᠣᠣ ᠡᠦ ᠳ᠋ᠢ ᠬᠠᠭᠠᠨ ᠰᠠᠭᠤᠷᠢᠨ ᠳᠤ ᠵᠠᠯᠠᠷᠠᠭᠰᠠᠨ ᠳᠡᠷᠢᠬᠦᠨ ᠣᠨ(386 ᠣᠨ) ᠳᠤ ᠳ᠋ᠢ ᠦᠨᠳᠦᠰᠦᠳᠡᠨ ᠤ ᠯᠢᠣᠢ ᠭᠤᠸᠠᠩ ᠬᠡᠬᠦ ᠬᠦᠮᠦᠨ ᠬᠤᠶᠢᠳᠣ ᠯᠢᠶᠠᠩ ᠣᠯᠣᠰ ᠢ ᠪᠠᠶᠢᠭᠤᠯᠵᠦ᠂ ᠵᠢᠣᠢ ᠶᠠᠨ ᠰᠢᠶᠠᠨ ᠢ ᠵᠠᠬᠢᠷᠴᠣ ᠪᠠᠶᠢᠪᠠ᠃ ᠣᠮᠠᠷᠠᠳᠣ ᠸᠧᠢ ᠣᠯᠣᠰ ᠤᠨ ᠰᠢᠶᠣᠣ ᠮᠢᠩ ᠳ᠋ᠢ ᠬᠠᠭᠠᠨ ᠤ ᠵᠧᠩ ᠭᠤᠸᠠᠩ ᠤᠨ ᠬᠤᠶᠠᠳᠣᠭᠠᠷ ᠣᠨ(521 ᠣᠨ) ᠳᠤ᠂ ᠵᠢᠣᠢ ᠶᠠᠨ ᠤ ᠡᠷᠳᠡᠨ ᠤ ᠬᠤᠳᠠ ᠴᠠᠶᠢᠵᠠ ᠨᠢ ᠷᠸᠦ ᠷᠠᠨ ᠤ ᠪᠢᠷᠨᠮᠠᠨᠴᠣᠳ ᠤᠨ ᠨᠣᠶᠠᠷᠬᠠᠯ ᠤᠨ ᠣᠷᠣᠨ ᠪᠠᠶᠢᠪᠠ᠃       ᠰᠦᠢ ᠣᠯᠣᠰ ᠠᠴᠠ ᠳᠠᠩ ᠣᠯᠣᠰ ᠤᠨ ᠡᠬᠢᠨ ᠤ ᠦᠶ᠎ᠡ ᠳᠤ᠂ ᠠᠯᠠᠱᠠ ᠣᠷᠣᠨ ᠨᠢ ᠭᠠᠨᠵᠸᠦ᠂ ᠰᠦᠵᠸᠦ  ᠳᠤ ᠬᠠᠷᠢᠶᠠᠯᠠᠭᠳᠠᠵᠦ᠂ ᠮᠦᠨᠴᠦ ᠲᠢᠶᠦ᠋ᠷᠺ ᠤᠨ ᠢᠵᠠᠭᠤᠷᠳᠠᠳ ᠲᠤ ᠡᠵᠡᠯᠡᠭᠳᠡᠵᠦ ᠪᠠᠶᠢᠭᠰᠠᠨ ᠶᠣᠮ᠃ ᠳᠠᠩ ᠣᠯᠣᠰ  ᠤᠨ ᠴᠦᠢ ᠬᠦᠩ ᠤᠨ ᠬᠤᠶᠠᠳᠣᠭᠠᠷ ᠣᠨ(686 ᠣᠨ) ᠳᠤ᠂ ᠳᠠᠩ ᠣᠯᠣᠰ ᠠᠴᠠ ᠭᠡᠰᠡᠭ ᠬᠤᠭᠤᠴᠠᠭᠠᠨ  ᠳᠤ《 ᠠᠨᠪᠸᠢ ᠶᠢᠨ ᠳ᠋ᠦ᠋ ᠬᠣ᠋ ᠹᠦ᠋ ᠵᠠᠬᠢᠷᠭᠠᠨ》 ᠢ ᠭᠤᠪᠢ ᠶᠢᠨ ᠠᠷᠣ ᠠᠴᠠ ᠭᠤᠪᠢ ᠶᠢᠨ ᠡᠮᠦᠨ᠎ᠡ ᠰᠢᠯᠵᠢᠬᠦᠯᠵᠦ᠂ ᠳ᠋ᠦ᠋ ᠬᠣ᠋ ᠹᠦ᠋ ᠵᠠᠬᠢᠷᠭᠠᠨ ᠨᠢ ᠳᠦᠩ ᠴᠧᠩ ᠳᠤ ᠪᠠᠶᠢᠪᠠ᠂ ᠳᠠᠷᠣᠢ ᠣᠳᠣ ᠶᠢᠨ ᠡᠵᠡᠨ᠎ᠡ ᠬᠤᠰᠢᠭᠤᠨ ᠤ ᠬᠢᠯᠢ ᠳᠤ ᠪᠣᠢ᠃ ᠳᠠᠩ ᠰᠢᠣᠸᠠᠨᠽᠦ᠋ᠩ ᠤᠨ ᠳᠢᠶᠠᠨ ᠪᠣᠣ ᠶᠢᠨ ᠬᠤᠶᠠᠳᠣᠭᠠᠷ ᠣᠨ(743 ᠣᠨ) ᠳᠤ᠂ ᠳᠠᠩ ᠣᠯᠣᠰ ᠨᠢᠩ ᠺᠸᠦ ᠴᠡᠷᠢᠭ ᠢ ᠪᠠᠶᠢᠭᠤᠯᠵᠦ᠂ ᠵᠢᠣᠢ ᠶᠠᠨ ᠤ ᠴᠡᠷᠢᠭ ᠤᠨ ᠶᠠᠪᠣᠳᠠᠯ ᠢ ᠶᠡᠷᠦᠩᠬᠡᠶᠢᠯᠡᠨ ᠵᠠᠬᠢᠷᠴᠦ ᠪᠠᠶᠢᠪᠠ᠃     《ᠠᠨ ᠱᠢ  ᠶᠢᠨ ᠣᠷᠪᠠᠯᠭᠠᠨ》 ᠤ ᠦᠶ᠎ᠡ ᠳᠤ᠂ ᠳᠦᠹᠠᠨ ᠾᠧᠰᠢ ᠶᠢᠨ ᠬᠤᠩᠬᠢᠯ ᠢ ᠳᠠᠰᠣᠯᠵᠦ᠂ ᠵᠢᠣᠢ ᠶᠠᠨ ᠣᠷᠣᠨ ᠨᠢ ᠴᠠᠩ ᠠᠨ ᠠᠴᠠ ᠪᠠᠷᠠᠭᠤᠨ ᠬᠢᠵᠠᠭᠠᠷ ᠣᠷᠣᠨ ᠳᠤ ᠨᠡᠪᠳᠡᠷᠡᠬᠦ《ᠳᠠᠯ᠎ᠠ ᠨᠣᠳᠤᠭ ᠤᠨ ᠳᠣᠷᠭᠠᠨ ᠤ ᠬᠤᠶᠢᠳᠦ ᠵᠠᠮ》ᠪᠣᠯᠪᠠ᠃ ᠡᠬᠦᠨ ᠠᠴᠠ ᠰᠡᠬᠦᠯᠡᠷ᠂ ᠵᠢᠣᠢ ᠶᠠᠨ ᠣᠷᠣᠨ ᠨᠢ ᠣᠷᠢᠳ ᠬᠤᠵᠢᠳ ᠳᠦᠹᠠᠨ᠂ ᠾᠦᠢ ᠾᠧ᠂ ᠬᠢᠳᠠᠨ ᠠᠶᠢᠮᠠᠭ ᠲᠤ ᠡᠵᠡᠯᠡᠭᠳᠡᠪᠡ᠃       ᠣᠮᠠᠷᠠᠳᠣ ᠰᠦᠩ ᠣᠯᠣᠰ ᠤᠨ ᠪᠣᠣ ᠶᠣᠸᠠᠨ ᠤ ᠳᠡᠷᠢᠬᠦᠨ ᠣᠨ(1038 ᠣᠨ) ᠳᠤ᠂ ᠪᠠᠷᠠᠭᠤᠨ ᠰᠢᠶᠠ ᠣᠯᠣᠰ ᠴᠡᠷᠢᠭ ᠤᠨ ᠬᠢᠨᠠᠨ ᠵᠠᠬᠢᠷᠬᠤ 12 ᠵᠣᠷᠭᠠᠨ ᠢ ᠪᠠᠶᠢᠭᠤᠯᠵᠦ᠂ ᠠᠯᠠᠱᠠ ᠠᠭᠤᠯᠠ ᠶᠢᠨ ᠬᠤᠷᠮᠣᠢ ᠳᠠᠭᠠᠣ 5 ᠳᠦᠮᠡᠨ ᠴᠡᠷᠢᠭ ᠢ ᠳᠣᠬᠢᠷᠠᠭᠤᠯᠵᠦ ᠰᠠᠬᠢᠭᠤᠯᠪᠠ᠃ ᠵᠢᠣᠢ ᠶᠠᠨ ᠣᠷᠣᠨ ᠳᠤ《ᠾᠸᠢ ᠱᠦᠢ ᠪᠠᠯᠭᠠᠰᠣᠨ  ᠤ ᠶᠠᠨ ᠤ ᠴᠡᠷᠢᠭ ᠤᠨ ᠵᠣᠷᠭᠠᠨ》 ᠢ ᠪᠠᠶᠢᠭᠤᠯᠵᠦ᠂ ᠵᠠᠬᠢᠷᠴᠦ ᠪᠠᠶᠢᠭᠰᠠᠨ ᠣᠷᠣᠨ ᠤ ᠳᠦᠪ ᠨᠢ ᠣᠳᠣ ᠶᠢᠨ ᠡᠵᠡᠨ᠎ᠡ ᠬᠤᠰᠢᠭᠤᠨ ᠤ ᠬᠠᠷ᠎ᠠ ᠬᠤᠳᠠ ᠪᠣᠯᠣᠨ᠎ᠠ᠃       ᠶᠣᠸᠠᠨ ᠣᠯᠣᠰ ᠤᠨ ᠦᠶ᠎ᠡ ᠳᠤ ᠡᠵᠡᠨᠡᠢ ᠵᠠᠮ ᠢ ᠳᠣᠬᠢᠷᠠᠭᠤᠯᠵᠦ᠂ ᠭᠠᠨᠰᠦ ᠶᠢᠨ ᠳᠦᠪ ᠪᠢᠴᠢᠭ ᠤᠨ ᠮᠣᠵᠢ  ᠳᠤ ᠬᠠᠷᠢᠶᠠᠯᠠᠭᠤᠯᠣᠨ ᠵᠠᠬᠢᠷᠣᠭᠤᠯᠵᠦ᠂ ᠴᠡᠷᠢᠭ ᠵᠠᠰᠠᠭ ᠤᠨ ᠶᠠᠪᠣᠳᠠᠯ ᠢ ᠬᠠᠮᠢᠶᠠᠷᠣᠨ᠂ ᠶᠡᠷᠦᠩᠬᠡᠢ ᠬᠠᠮᠢᠶᠠᠷᠣᠯᠳᠠ ᠶᠢᠨ ᠶᠠᠮᠣᠨ ᠨᠢ ᠬᠠᠷ᠎ᠠ ᠬᠤᠳᠠ ᠳᠤ ᠪᠠᠶᠢᠪᠠ᠃       ᠮᠢᠩ ᠣᠯᠣᠰ ᠤᠨ ᠦᠶ᠎ᠡ ᠳᠤ᠂ ᠣᠮᠠᠷᠠᠳᠣ ᠶᠣᠸᠠᠨ ᠣᠯᠣᠰ ᠪᠠ ᠣᠶᠢᠷᠠᠳ ᠤᠨ ᠬᠦᠴᠦᠨ ᠣᠷᠢᠳ ᠬᠤᠵᠢᠳ ᠠᠯᠠᠱᠠ ᠣᠷᠣᠨ ᠢ ᠡᠵᠡᠯᠡᠪᠡ᠃ ᠮᠢᠩ ᠣᠯᠣᠰ ᠤᠨ ᠬᠤᠩ ᠡᠦ ᠶᠢᠨ ᠳᠠᠪᠣᠳᠣᠭᠠᠷ ᠣᠨ(1372 ᠣᠨ) ᠳᠤ᠂ ᠮᠢᠩ ᠤᠨ ᠴᠡᠷᠢᠭ ᠤᠨ ᠪᠠᠷᠠᠭᠤᠨ ᠵᠠᠮ ᠤᠨ 5 ᠳᠦᠮᠡᠨ ᠴᠡᠷᠢᠭ ᠪᠣᠭᠤᠮᠳᠠ ᠶᠢ ᠦᠩᠭᠡᠷᠡᠨ ᠡᠵᠡᠨᠡᠢ ᠵᠠᠮ ᠢ ᠰᠢᠭᠤᠳ ᠴᠢᠭᠯᠡᠨ ᠬᠠᠷ᠎ᠠ ᠬᠤᠳᠠ ᠶᠢ ᠰᠠᠬᠢᠵᠦ ᠪᠠᠶᠢᠭᠰᠠᠨ ᠪᠣᠶᠠᠨᠳᠡᠮᠦᠷ ᠵᠠᠩᠵᠣᠨ ᠢᠯᠠᠭᠳᠠᠭᠠᠳ ᠬᠠᠷ᠎ᠠ ᠬᠤᠳᠠ ᠣᠷᠬᠢᠭᠳᠠᠭᠰᠠᠨ ᠪᠠᠶᠢᠯ᠎ᠠ᠃ ᠮᠢᠩ ᠣᠯᠣᠰ ᠤᠨ ᠳᠣᠮᠳᠠᠴᠢ ᠦᠶ᠎ᠡ ᠠᠴᠠ ᠰᠡᠭᠦᠯᠡᠷ ᠮᠣᠩᠭᠤᠯ ᠤᠨ ᠳᠠᠶᠠᠨ ᠬᠠᠨ ᠤ ᠬᠠᠷᠢᠶᠠᠳᠣ ᠶᠢᠨ ᠣᠳᠣᠷᠯᠠᠨ ᠮᠠᠯᠵᠢᠬᠤ ᠪᠡᠯᠴᠢᠭᠡᠷ ᠪᠣᠯᠣᠭᠰᠠᠨ ᠪᠠᠶᠢᠪᠠ᠃       ᠴᠢᠩ ᠣᠯᠣᠰ ᠤᠨ ᠡᠬᠢᠨ ᠤ ᠦᠶ᠎ᠡ ᠳᠤ᠂ ᠮᠣᠩᠭᠤᠯ ᠤᠨ ᠣᠷᠳᠣᠰ ᠠᠶᠢᠮᠠᠭ ᠤᠨ ᠷᠢᠨᠴᠢᠨ᠂ ᠬᠦᠷᠦᠳᠠᠶᠢᠴᠢᠨ ᠠᠯᠠᠱᠠ ᠣᠷᠣᠨ ᠳᠤ ᠣᠳᠣᠷᠯᠠᠨ ᠮᠠᠯᠵᠢᠵᠦ ᠪᠠᠶᠢᠪᠠ᠃ ᠡᠶᠡᠪᠡᠷ ᠵᠠᠰᠠᠭᠴᠢ ᠶᠢᠨ ᠵᠢᠷᠭᠤᠳᠣᠭᠠᠷ ᠣᠨ(1649 ᠣᠨ) ᠳᠤ᠂ ᠶᠡᠭᠡ ᠵᠠᠮᠰᠣ ᠶᠢᠨ ᠣᠷᠪᠠᠯᠭᠠᠨ ᠠᠴᠠ ᠪᠣᠯᠵᠦ᠂ ᠳᠡᠬᠦᠨ ᠤ ᠬᠠᠷᠢᠶᠠᠳᠣ ᠠᠷᠠᠳ ᠨᠢ ᠪᠣᠷᠣᠳᠣᠬᠤᠢ ᠶᠢᠨ ᠣᠷᠣᠨ ᠳᠤ ᠨᠡᠬᠦᠳᠡᠯᠯᠡᠨ ᠣᠴᠢᠪᠠ᠃ ᠡᠩᠬᠡ ᠠᠮᠣᠭᠤᠯᠠᠩ ᠤᠨ ᠠᠷᠪᠠᠨ ᠳᠠᠪᠣᠨ ᠣᠨ(1676 ᠣᠨ) ᠳᠤ᠂ ᠣᠶᠢᠷᠠᠳ ᠤᠨ ᠵᠦᠩᠭᠠᠷ ᠠᠶᠢᠮᠠᠭ ᠤᠨ ᠳᠦᠷᠦᠭᠦᠦ ᠭᠠᠯᠳᠠᠨ ᠬᠤᠱᠣᠳ ᠠᠶᠢᠮᠠᠭ ᠤᠨ ᠳᠦᠷᠦᠭᠦᠦ ᠸᠴᠢᠷᠳᠣ ᠬᠠᠨ ᠢ ᠢᠯᠠᠪᠠ᠃ ᠡᠩᠬᠡ ᠠᠮᠣᠭᠤᠯᠠᠩ ᠤᠨ ᠠᠷᠪᠠᠨ ᠵᠢᠷᠭᠤᠭᠠᠨ ᠣᠨ(1677 ᠣᠨ) ᠳᠤ᠂ ᠬᠦᠣᠰᠢ ᠬᠠᠨ ᠤ ᠣᠮᠪᠣᠯᠣ ᠬᠤᠷᠣᠯᠠᠢ ᠬᠤᠱᠣᠳ ᠤᠨ ᠦᠯᠡᠳᠡᠭᠰᠡᠨ ᠠᠶᠢᠮᠠᠭ ᠢᠶᠠᠨ ᠳᠠᠭᠠᠭᠤᠯᠣᠨ ᠰᠢᠨᠵᠢᠶᠠᠩ ᠠᠴᠠ ᠨᠡᠭᠦᠳᠡᠯᠯᠡᠵᠦ ᠬᠦᠬᠡᠨᠠᠭᠤᠷ ᠤᠨ ᠵᠦᠯᠭᠡᠳᠦ ᠳᠠᠯ᠎ᠠ ᠶᠢ ᠳᠣᠭᠤᠯᠣᠭᠠᠳ ᠠᠯᠠᠱᠠ ᠣᠷᠣᠨ ᠳᠤ ᠬᠦᠷᠴᠦ ᠢᠷᠡᠪᠡ᠃ ᠡᠩᠬᠡ ᠠᠮᠣᠭᠤᠯᠠᠩ ᠤᠨ ᠭᠤᠴᠢᠨ ᠵᠢᠷᠭᠤᠭᠠᠨ ᠣᠨ(1697 ᠣᠨ) ᠳᠤ᠂ ᠠᠯᠠᠱᠠ ᠬᠤᠱᠣᠳ ᠬᠤᠰᠢᠭᠤ ᠶᠢ ᠪᠠᠶᠢᠭᠤᠯᠪᠠ᠃ ᠡᠩᠬᠡ ᠠᠮᠣᠭᠤᠯᠠᠩ ᠤᠨ ᠭᠤᠴᠢᠨ ᠳᠣᠯᠣᠭᠠᠨ ᠣᠨ(1698 ᠣᠨ) ᠳᠤ᠂ ᠢᠵᠢᠯ ᠮᠦᠷᠡᠨ ᠤ ᠵᠠᠢ ᠳᠤ ᠣᠳᠣᠷᠯᠠᠨ ᠨᠡᠭᠦᠳᠡᠯᠯᠡᠵᠦ ᠪᠠᠶᠢᠭᠰᠠᠨ ᠳᠣᠷᠭᠤᠳ ᠠᠶᠢᠮᠠᠭ ᠤᠨ ᠠᠶᠣᠰᠢ ᠬᠠᠨ ᠤ ᠳᠡᠬᠦᠦ ᠨᠠᠵᠢᠷᠮᠠᠮᠣᠳ ᠤᠨ ᠬᠦᠪᠡᠬᠦᠨ ᠠᠷᠠᠪᠵᠣᠣᠷ ᠬᠠᠷᠢᠶᠠᠳᠣ ᠪᠠᠨ ᠳᠠᠭᠠᠭᠤᠯᠣᠨ ᠳᠦᠪᠡᠳ ᠲᠤ ᠬᠦᠷᠴᠦ ᠯᠠᠮᠠᠳᠠᠨ ᠪᠠᠭᠰᠢ ᠳᠤ ᠪᠠᠷᠠᠳᠠᠭᠠᠳ ᠪᠣᠴᠠᠬᠤ ᠵᠠᠮ ᠳᠠᠭᠠᠨ ᠬᠤᠷᠢᠭᠯᠠᠯᠳᠠ ᠳᠤ ᠣᠴᠠᠷᠠᠵᠦ᠂ ᠳᠣᠳᠣᠭᠠᠳᠣ ᠠᠴᠠ ᠳᠣᠰᠠᠯᠠᠮᠵᠢ ᠭᠤᠶᠣᠭᠰᠠᠨ ᠳᠤ᠂ ᠴᠢᠩ  ᠤᠨ ᠳᠦᠷᠦ ᠠᠴᠠ ᠳ᠋ᠠᠩ ᠾᠧ᠂ ᠰᠡᠷᠳᠡᠩ ᠤᠨ ᠭᠠᠵᠠᠷ ᠢ ᠰᠣᠶᠣᠷᠬᠠᠪᠠ᠃ ᠡᠨᠡ ᠨᠢ ᠳᠣᠷᠭᠤᠳ ᠤᠨ ᠣᠪᠠᠰᠢ ᠬᠠᠨ ᠬᠠᠷᠢᠶᠠᠳᠣ ᠪᠠᠨ ᠳᠠᠭᠠᠭᠤᠯᠣᠨ ᠵᠡᠬᠦᠨᠰᠢ ᠪᠣᠴᠠᠭᠰᠠᠨ ᠠᠴᠠ 73 ᠵᠢᠯ ᠡᠷᠳᠡ ᠪᠠᠶᠢᠪᠠ᠃ ᠨᠠᠶᠢᠷᠠᠯᠳᠦ ᠳᠦᠪ ᠤᠨ ᠳᠣᠯᠣᠳᠣᠭᠠᠷ ᠣᠨ(1729 ᠣᠨ) ᠳᠤ᠂ ᠠᠷᠠᠪᠵᠣᠣᠷ ᠤᠨ ᠬᠦᠪᠡᠭᠦᠨ ᠳ᠋ᠠᠨᠵᠦ᠋ᠩ ᠢ ᠳᠦᠷᠦ ᠶᠢᠨ ᠪᠠᠶᠢᠯᠡ ᠡᠷᠭᠦᠮᠵᠢᠯᠡᠪᠡ᠃ ᠨᠠᠶᠢᠷᠠᠯᠳᠦ ᠳᠦᠪ ᠤᠨ ᠶᠢᠰᠦᠳᠦᠭᠡᠷ ᠣᠨ(1731 ᠣᠨ) ᠠᠴᠠ ᠰᠡᠭᠦᠯᠡᠷ ᠡᠵᠡᠨ᠎ᠡ ᠭᠤᠣᠯ ᠤᠨ ᠣᠷᠣᠰᠬᠠᠯ ᠳᠠᠭᠠᠣ ᠣᠳᠣᠷᠯᠠᠨ ᠨᠡᠭᠦᠪᠡ᠃ ᠳᠡᠭᠷᠢ ᠳᠡᠳᠭᠦᠭᠴᠢ ᠶᠢᠨ ᠠᠷᠪᠠᠨ ᠨᠠᠢᠮᠠᠳᠣᠭᠠᠷ ᠣᠨ(1729 ᠣᠨ) ᠳᠤ᠂ ᠡᠵᠡᠨ᠎ᠡ ᠬᠠᠭᠤᠴᠢᠨ ᠳᠣᠷᠭᠤᠳ ᠬᠤᠰᠢᠭᠤ ᠶᠢ ᠪᠠᠶᠢᠭᠤᠯᠪᠠ᠃ ᠬᠤᠶᠠᠷ ᠬᠤᠰᠢᠭᠤᠨ ᠤ ᠳᠡᠭᠡᠷ᠎ᠡ ᠨᠢ ᠠᠶᠢᠮᠠᠭ ᠳᠣᠬᠢᠷᠠᠭᠤᠯᠣᠭᠰᠠᠨ ᠦᠬᠡᠢ᠂ ᠭᠠᠳᠠᠭᠠᠳᠣ ᠮᠣᠩᠭᠤᠯ ᠤᠨ ᠳᠦᠷᠦ ᠶᠢ ᠵᠠᠰᠠᠬᠤ ᠶᠠᠪᠣᠳᠠᠯ ᠤᠨ ᠶᠠᠮᠣᠨ ᠳᠤ ᠰᠢᠭᠤᠳ ᠬᠠᠷᠢᠶᠠᠯᠠᠭᠳᠠᠨ ᠵᠠᠬᠢᠷᠣᠭᠳᠠᠵᠦ ᠪᠠᠶᠢᠪᠠ᠃       ᠢᠷᠭᠡᠨ ᠣᠯᠣᠰ ᠤᠨ ᠦᠶ᠎ᠡ ᠳᠤ᠂ ᠠᠯᠠᠱᠠ ᠬᠤᠱᠣᠳ ᠬᠤᠰᠢᠭᠤ᠂ ᠡᠵᠡᠨ᠎ᠡ ᠬᠠᠭᠤᠴᠢᠨ ᠳᠣᠷᠭᠤᠳ ᠬᠤᠰᠢᠭᠤ ᠨᠢ ᠳᠦᠪ ᠵᠠᠬᠢᠷᠭ᠎ᠠ ᠶᠢᠨ ᠮᠣᠩᠭᠤᠯ ᠳᠦᠪᠡᠳ ᠤᠨ ᠶᠠᠪᠣᠳᠠᠯ ᠤᠨ ᠬᠤᠷᠢᠶ᠎ᠠ ᠳᠤ ᠰᠢᠭᠤᠳ ᠬᠠᠷᠢᠶᠠᠯᠠᠭᠳᠠᠨ ᠵᠠᠬᠢᠷᠣᠭᠳᠠᠵᠦ᠂ ᠨᠢᠩᠰᠢᠶᠠ ᠶᠢᠨ ᠬᠠᠮᠠᠭᠠᠯᠠᠭᠴᠢ ᠴᠡᠷᠢᠭ ᠤᠨ ᠡᠯᠴᠢ ᠶᠢᠨ ᠭᠠᠵᠠᠷ ᠪᠠ ᠨᠢᠩᠰᠢᠶᠠ ᠮᠣᠵᠢ ᠠᠴᠠ ᠬᠤᠶᠠᠷ ᠬᠤᠰᠢᠭᠤ ᠶᠢ ᠬᠠᠪᠰᠣᠷᠭᠠᠨ ᠬᠠᠮᠢᠶᠠᠷᠴᠦ ᠪᠠᠶᠢᠪᠠ᠃ ᠡᠨᠡᠬᠦ ᠬᠤᠭᠤᠴᠠᠭᠠᠨ ᠳᠤ᠂ ᠣᠣᠯ ᠤᠨ ᠠᠯᠠᠱᠠ ᠬᠤᠱᠣᠳ ᠬᠤᠰᠢᠭᠤᠨ ᠳᠤ ᠬᠠᠷᠢᠶᠠᠯᠠᠭᠳᠠᠵᠦ ᠪᠠᠶᠢᠭᠰᠠᠨ ᠬᠠᠳᠣᠨᠳᠣᠬᠤᠢ ᠪᠠᠭ(ᠰᠢᠶᠠᠩ) ᠳᠤ ᠰᠢᠶᠠᠨ ᠤ ᠳᠡᠰ ᠤᠨ ᠪᠠᠶᠢᠭᠤᠯᠣᠯᠳᠣ ᠳᠦᠷᠢᠮ ᠢ ᠪᠠᠶᠢᠭᠤᠯᠣᠨ ᠬᠡᠷᠡᠭᠵᠢᠬᠦᠯᠪᠡ᠃      1949 ᠣᠨ ᠤ 9 ᠰᠠᠷ᠎ᠠ ᠶᠢᠨ 23 ᠤ ᠡᠳᠦᠷ᠂ ᠠᠯᠠᠱᠠ ᠬᠤᠱᠣᠳ ᠬᠤᠰᠢᠭᠤ ᠨᠠᠶᠢᠷᠠᠮᠳᠠᠯ ᠢᠶᠠᠷ ᠴᠢᠯᠦᠭᠡᠯᠡᠭᠳᠡᠪᠡ᠃      1949 ᠣᠨ ᠤ 9 ᠰᠠᠷ᠎ᠠ ᠶᠢᠨ 27 ᠤ ᠡᠳᠦᠷ᠂ ᠡᠵᠡᠨ᠎ᠡ ᠬᠠᠭᠤᠴᠢᠨ ᠳᠣᠷᠭᠤᠳ ᠬᠤᠰᠢᠭᠤ ᠨᠠᠶᠢᠷᠠᠮᠳᠠᠯ  ᠢᠶᠠᠷ ᠴᠢᠯᠦᠭᠡᠯᠡᠭᠳᠡᠪᠡ᠃      1949 ᠣᠨ ᠤ 11 ᠰᠠᠷ᠎ᠠ ᠳᠤ᠂ ᠡᠵᠡᠨ᠎ᠡ ᠬᠤᠰᠢᠭᠤᠨ ᠤ ᠦᠪᠡᠷᠳᠡᠭᠡᠨ ᠵᠠᠰᠠᠬᠤ ᠠᠷᠠᠳ ᠤᠨ ᠵᠠᠰᠠᠭ ᠤᠨ ᠣᠷᠳᠣᠨ ᠪᠠᠶᠢᠭᠤᠯᠣᠭᠳᠠᠪᠠ᠃      1950 ᠣᠨ ᠤ 3 ᠰᠠᠷ᠎ᠠ ᠳᠤ᠂ ᠠᠯᠠᠱᠠ ᠬᠤᠱᠣᠳ ᠬᠤᠰᠢᠭᠤᠨ ᠤ ᠦᠪᠡᠷᠳᠡᠭᠡᠨ ᠵᠠᠰᠠᠬᠤ ᠠᠷᠠᠳ ᠤᠨ ᠵᠠᠰᠠᠭ ᠤᠨ ᠣᠷᠳᠣᠨ ᠪᠠᠶᠢᠭᠤᠯᠣᠭᠳᠠᠪᠠ᠃      1954 ᠣᠨ ᠤ 4 ᠰᠠᠷ᠎ᠠ ᠳᠤ᠂ ᠨᠢᠩᠰᠢᠶᠠ ᠮᠣᠵᠢ ᠶᠢᠨ ᠮᠣᠩᠭᠤᠯ ᠦᠪᠡᠷᠳᠡᠭᠡᠨ ᠵᠠᠰᠠᠬᠤ ᠣᠷᠣᠨ ᠪᠠᠶᠢᠭᠤᠯᠣᠭᠳᠠᠵᠦ᠂ ᠠᠯᠠᠱᠠ ᠬᠤᠰᠢᠭᠤ ᠪᠠ ᠬᠠᠳᠣᠨᠳᠣᠬᠤᠢ ᠰᠢᠶᠠᠨ ᠡᠬᠦᠨ ᠳᠤ ᠬᠠᠷᠢᠶᠠᠯᠠᠭᠳᠠᠵᠦ᠂ ᠳᠣᠰᠬᠠᠢ ᠣᠷᠣᠨ  ᠤ ᠳᠡᠰ ᠤᠨ ᠣᠷᠣᠨ ᠨᠣᠳᠤᠭ ᠤᠨ ᠵᠠᠰᠠᠭ ᠤᠨ ᠡᠷᠭᠡ ᠲᠠᠢ ᠪᠠᠶᠢᠵᠦ᠂ ᠨᠢᠩᠰᠢᠶᠠ ᠮᠣᠵᠢ ᠳᠤ ᠬᠠᠷᠢᠶᠠᠯᠠᠭᠳᠠᠨ ᠬᠠᠮᠢᠶᠠᠷᠣᠭᠳᠠᠵᠦ ᠪᠠᠶᠢᠪᠠ᠃ ᠳᠣᠰ ᠵᠢᠯ ᠤᠨ 10 ᠰᠠᠷ᠎ᠠ ᠳᠤ᠂ ᠨᠢᠩᠰᠢᠶᠠ ᠮᠣᠵᠢ ᠶᠢᠨ ᠪᠠᠶᠢᠭᠤᠯᠣᠯᠳᠣ ᠳᠦᠷᠢᠮ ᠢ ᠦᠭᠡᠶᠢᠰᠬᠡᠵᠦ᠂ ᠭᠠᠨᠰᠦ ᠮᠣᠵᠢ ᠲᠠᠢ ᠨᠡᠶᠢᠯᠡᠭᠦᠯᠦᠭᠰᠡᠨ ᠠᠴᠠ ᠨᠢᠩᠰᠢᠶᠠ ᠮᠣᠵᠢ ᠶᠢᠨ ᠮᠣᠩᠭᠤᠯ ᠦᠪᠡᠷᠳᠡᠭᠡᠨ ᠵᠠᠰᠠᠬᠤ ᠣᠷᠣᠨ ᠤ ᠨᠡᠷ᠎ᠡ ᠶᠢ ᠨᠢ ᠭᠠᠨᠰᠦ ᠮᠣᠵᠢ ᠶᠢᠨ ᠮᠣᠩᠭᠤᠯ ᠦᠪᠡᠷᠳᠡᠭᠡᠨ ᠵᠠᠰᠠᠬᠤ ᠣᠷᠣᠨ ᠬᠡᠵᠦ ᠬᠠᠯᠠᠪᠠ᠃      1955 ᠣᠨ ᠤ 3 ᠰᠠᠷ᠎ᠠ ᠳᠤ᠂ ᠭᠠᠨᠰᠦ ᠮᠣᠵᠢ ᠶᠢᠨ ᠮᠣᠩᠭᠤᠯ ᠦᠪᠡᠷᠳᠡᠭᠡᠨ ᠵᠠᠰᠠᠬᠤ ᠣᠷᠣᠨ ᠤ ᠨᠡᠷ᠎ᠡ ᠶᠢ  ᠨᠢ ᠭᠠᠨᠰᠦ ᠮᠣᠵᠢ ᠶᠢᠨ ᠮᠣᠩᠭᠤᠯ ᠦᠪᠡᠷᠳᠡᠭᠡᠨ ᠵᠠᠰᠠᠬᠤ ᠵᠸᠦ ᠬᠡᠮᠡᠨ ᠬᠠᠯᠠᠵᠦ᠂ ᠡᠵᠡᠨ᠎ᠡ ᠬᠤᠰᠢᠭᠤᠨ ᠤ ᠦᠪᠡᠷᠳᠡᠭᠡᠨ ᠵᠠᠰᠠᠬᠤ ᠣᠷᠣᠨ ᠤ ᠨᠡᠷ᠎ᠡ ᠶᠢ ᠨᠢ ᠡᠵᠡᠨ᠎ᠡ ᠶᠢᠨ ᠦᠪᠡᠷᠳᠡᠭᠡᠨ ᠵᠠᠰᠠᠬᠤ ᠬᠤᠰᠢᠭᠤ ᠬᠡᠮᠡᠨ ᠬᠠᠯᠠᠪᠠ᠃      1955 ᠣᠨ ᠤ 11 ᠰᠠᠷ᠎ᠠ ᠳᠤ᠂ ᠭᠠᠨᠰᠦ ᠮᠣᠵᠢ ᠶᠢᠨ ᠮᠣᠩᠭᠤᠯ ᠦᠪᠡᠷᠳᠡᠭᠡᠨ ᠵᠠᠰᠠᠬᠤ ᠵᠸᠦ ᠶᠢᠨ ᠨᠡᠷ᠎ᠡ  ᠶᠢ ᠨᠢ ᠭᠠᠨᠰᠦ ᠮᠣᠵᠢ ᠶᠢᠨ ᠪᠠᠶᠠᠠᠬᠤᠳᠠ ᠮᠣᠩᠭᠤᠯ ᠦᠨᠳᠦᠰᠦᠳᠡᠨ ᠤ ᠦᠪᠡᠷᠳᠡᠭᠡᠨ ᠵᠠᠰᠠᠬᠤ ᠵᠸᠦ ᠬᠡᠮᠡᠨ ᠬᠠᠯᠠᠪᠠ᠃      1956 ᠣᠨ ᠤ 2 ᠰᠠᠷ᠎ᠠ ᠳᠤ᠂ ᠪᠠᠶᠠᠠᠨᠠᠭᠤᠷ ᠠᠶᠢᠮᠠᠭ ᠢ ᠪᠠᠶᠢᠭᠤᠯᠵᠦ᠂ ᠠᠯᠠᠱᠠ ᠬᠤᠰᠢᠭᠤ᠂ ᠡᠵᠡᠨ᠎ᠡ ᠬᠤᠰᠢᠭᠤ᠂ ᠬᠠᠳᠣᠨᠳᠣᠬᠤᠢ ᠰᠢᠶᠠᠨ ᠪᠠ ᠪᠠᠶᠠᠠᠬᠤᠳᠠ ᠶᠢ ᠬᠠᠷᠢᠶᠠᠯᠠᠵᠦ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠳᠤ ᠬᠠᠷᠢᠶᠠᠯᠠᠭᠳᠠᠪᠠ᠃      1958 ᠣᠨ ᠤ 4 ᠰᠠᠷ᠎ᠠ ᠳᠤ᠂ ᠪᠠᠶᠠᠠᠨᠠᠭᠤᠷ ᠠᠶᠢᠮᠠᠭ ᠢ ᠪᠣᠷᠣᠳᠣᠬᠤᠢ ᠶᠢᠨ ᠵᠠᠰᠠᠭ ᠵᠠᠬᠢᠷᠭᠠᠨ ᠤ ᠣᠷᠣᠨ  ᠲᠠᠢ ᠨᠡᠶᠢᠯᠡᠬᠦᠯᠵᠦ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠳᠣᠮᠢᠯᠠᠭᠰᠠᠨ ᠪᠠᠶᠢᠭᠤᠯᠣᠮᠵᠢ ᠪᠠᠶᠢᠵᠦ᠂ ᠠᠶᠢᠮᠠᠭ ᠤᠨ ᠳᠦᠪ ᠢᠶᠠᠨ ᠰᠠᠨ ᠱᠧᠩ ᠭᠦᠩ(ᠣᠳᠣ ᠶᠢᠨ ᠪᠠᠶᠠᠠᠨᠠᠭᠤᠷ ᠬᠤᠳᠠ ᠶᠢᠨ ᠬᠠᠳᠣᠨᠳᠣᠬᠤᠢ ᠰᠢᠶᠠᠨ ᠤ ᠪᠠᠶᠠᠠᠭᠤᠣᠯ ᠪᠠᠯᠭᠠᠰᠦ) ᠳᠤ ᠨᠡᠬᠦᠯᠭᠡᠪᠡ︔ ᠳᠣᠰ ᠵᠢᠯ ᠤᠨ 8 ᠰᠠᠷ᠎ᠠ ᠳᠤ᠂ ᠪᠠᠶᠠᠠᠬᠤᠳᠠ ᠶᠢᠨ ᠬᠤᠳᠠ ᠶᠢᠨ ᠪᠠᠶᠢᠭᠤᠯᠣᠯᠳᠣ ᠳᠦᠷᠢᠮ ᠢ ᠦᠭᠡᠶᠢᠰᠬᠡᠵᠦ᠂ ᠪᠠᠯᠭᠠᠰᠣᠨ ᠤ ᠳᠡᠰ ᠤᠨ ᠪᠠᠶᠢᠭᠤᠯᠣᠯᠳᠣ ᠳᠦᠷᠢᠮ ᠪᠣᠯᠭᠠᠪᠠ᠃      1961 ᠣᠨ ᠤ 4 ᠰᠠᠷ᠎ᠠ ᠳᠤ᠂ ᠠᠯᠠᠱᠠ ᠬᠤᠰᠢᠭᠤ ᠶᠢ ᠠᠯᠠᠱᠠ ᠵᠡᠬᠦᠨ ᠬᠤᠰᠢᠭᠤ ᠪᠠ ᠠᠯᠠᠱᠠ ᠪᠠᠷᠠᠭᠤᠨ ᠬᠤᠰᠢᠭᠤ ᠬᠡᠵᠦ ᠰᠠᠯᠭᠠᠨ ᠳᠣᠬᠢᠷᠠᠭᠤᠯᠪᠠ᠃      1969 ᠣᠨ ᠤ 7 ᠰᠠᠷ᠎ᠠ ᠳᠤ᠂ ᠠᠯᠠᠱᠠ ᠵᠡᠬᠦᠨ ᠬᠤᠰᠢᠭᠤ ᠶᠢ ᠨᠢᠩᠰᠢᠶᠠ ᠶᠢᠨ ᠬᠤᠳᠣᠩ ᠦᠨᠳᠦᠰᠦᠳᠡᠨ ᠤ ᠦᠪᠡᠷᠳᠡᠭᠡᠨ ᠵᠠᠰᠠᠬᠤ ᠣᠷᠣᠨ ᠳᠤ ᠰᠢᠯᠵᠢᠬᠦᠯᠦᠨ ᠦᠭᠴᠦ᠂ ᠠᠯᠠᠱᠠ ᠪᠠᠷᠠᠭᠤᠨ ᠬᠤᠰᠢᠭᠤ᠂ ᠡᠵᠡᠨ᠎ᠡ ᠬᠤᠰᠢᠭᠤ ᠶᠢ ᠭᠠᠨᠰᠦ ᠮᠣᠵᠢ ᠳᠤ ᠰᠢᠯᠵᠢᠬᠦᠯᠦᠨ ᠦᠭᠪᠡ᠃      1979 ᠣᠨ ᠤ 7 ᠰᠠᠷ᠎ᠠ ᠳᠤ᠂ ᠠᠯᠠᠱᠠ ᠵᠡᠬᠦᠨ ᠬᠤᠰᠢᠭᠤ᠂ ᠡᠵᠡᠨ᠎ᠡ ᠬᠤᠰᠢᠭᠤ᠂ ᠠᠯᠠᠱᠠ ᠪᠠᠷᠠᠭᠤᠨ ᠬᠤᠰᠢᠭᠤ ᠶᠢ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠳᠤ ᠰᠢᠯᠵᠢᠬᠦᠯᠦᠨ ᠪᠣᠴᠠᠭᠠᠪᠠ᠃      1980 ᠣᠨ ᠤ 5 ᠰᠠᠷ᠎ᠠ ᠳᠤ᠂ ᠠᠯᠠᠱᠠ ᠠᠶᠢᠮᠠᠭ ᠪᠠᠶᠢᠭᠤᠯᠣᠭᠳᠠᠵᠦ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠳᠤ ᠬᠠᠷᠢᠶᠠᠯᠠᠭᠳᠠᠨ᠂ ᠭᠠᠵᠠᠷ ᠣᠷᠣᠨ ᠦᠪᠡᠷᠳᠡᠭᠡᠨ ᠵᠠᠰᠠᠬᠤ ᠵᠸᠦ ᠶᠢᠨ ᠳᠡᠰ ᠤᠨ ᠪᠠᠶᠢᠭᠤᠯᠣᠯᠳᠣ ᠳᠦᠷᠢᠮ ᠢ ᠬᠡᠷᠡᠭᠵᠢᠬᠦᠯᠵᠦ᠂ ᠠᠯᠠᠱᠠ ᠵᠡᠬᠦᠨ ᠬᠤᠰᠢᠭᠤ᠂ ᠠᠯᠠᠱᠠ ᠪᠠᠷᠠᠭᠤᠨ ᠬᠤᠰᠢᠭᠤ ᠪᠠ ᠡᠵᠡᠨ᠎ᠡ ᠬᠤᠰᠢᠭᠤ ᠬᠡᠬᠦ ᠭᠤᠷᠪᠠᠨ ᠬᠤᠰᠢᠭᠤ ᠬᠠᠷᠢᠶᠠᠯᠠᠭᠳᠠᠳᠠᠭ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号