ᠠᠯᠠᠱᠠ ᠠᠶᠢᠮᠠᠭ ᠤᠨ ᠲᠤᠶᠢᠮᠦ ᠪᠠᠶᠢᠳᠠᠯ
ᠨᠡᠶᠢᠲᠡᠯᠡᠭᠰᠡᠨ ᠴᠠᠭ᠄
2019/1/9
      ︽ᠠᠯᠠᠱᠨ︾ ᠪᠤᠯ ᠮᠤᠩᠭᠤᠯ ᠦᠭᠡ᠂ ︽ᠦᠩᠭᠡ ᠠᠯᠠᠭᠯᠠᠭᠰᠠᠨ ᠭᠠᠵᠠᠷ︾ ᠭᠡᠰᠡᠨ ᠤᠳᠬ᠎ᠠ ᠲᠠᠢ᠃ ᠠᠯᠠᠱᠨ ᠠᠶᠢᠮᠠᠭ   ᠨᠢ ᠦᠪᠤᠷ ᠮᠤᠩᠭᠤᠯ   ᠤᠨ ᠦᠪᠠᠷᠳᠡᠭᠡᠨ ᠵᠠᠰᠠᠬᠤ ᠤᠷᠤᠨ   ᠤ ᠬᠠᠮᠤᠭ ᠪᠠᠷᠠᠭᠤᠨ ᠲᠠᠯ᠎ᠠ   ᠳᠤ ᠪᠠᠶᠢᠷᠢᠯᠠᠵᠦ᠂ ᠵᠠᠬᠦᠨ᠂ ᠵᠡᠬᠦᠨ ᠬᠤᠶᠢᠰᠢ   ᠪᠠᠨ ᠦᠬᠠᠢ᠂ ᠪᠠᠶᠠᠠᠨᠠᠭᠤᠷ᠂ ᠤᠷᠲᠤᠰ ᠭᠤᠷᠪᠠᠨ ᠬᠤᠳᠠ   ᠲᠠᠢ ᠵᠠᠯᠭᠠᠯᠲᠤᠵᠦ᠂ ᠡᠮᠤᠨ᠎ᠠ᠂ ᠵᠡᠬᠦᠨ ᠡᠮᠤᠨᠠᠰᠢ   ᠪᠠᠨ ᠨᠢᠩᠰᠢᠶ᠋ᠨ   ᠶᠢᠨ ᠬᠤᠲᠤᠩ ᠦᠨᠲᠤᠰᠦᠳᠠᠨ   ᠤ ᠦᠪᠠᠷᠳᠡᠭᠡᠨ ᠵᠠᠰᠠᠬᠤ ᠤᠷᠤᠨ   ᠲᠠᠢ ᠬᠦᠷᠰᠢᠯᠠᠵᠦ᠂ ᠪᠠᠷᠠᠭᠤᠨ᠂ ᠪᠠᠷᠠᠭᠤᠨ ᠡᠮᠤᠨᠠᠰᠢ   ᠪᠠᠨ ᠭᠠᠨᠰᠤ ᠮᠤᠵᠢ   ᠲᠠᠢ ᠬᠢᠯᠢ ᠨᠠᠶᠢᠯᠠᠵᠦ᠂ ᠤᠮᠠᠷᠠᠰᠢ   ᠪᠠᠨ ᠮᠤᠩᠭᠤᠯ ᠤᠯᠤᠰ ᠲᠠᠢ ᠬᠢᠯᠢᠯᠢᠵᠦ᠂ 735 ᠺᠢᠯᠤᠮᠧᠲᠷ   ᠤᠨ ᠬᠢᠯᠢ   ᠶᠢᠨ ᠱᠤᠭᠤᠮ ᠲᠠᠢ᠃ ᠪᠦᠬᠦ ᠠᠶᠢᠮᠠᠭ   ᠤᠨ ᠶᠠᠷᠤᠩᠭᠡᠢ ᠲᠠᠯᠠᠪᠠᠢ 27 ᠲᠦᠮᠠᠨ ᠲᠡᠭᠰᠢ ᠲᠦᠷᠪᠠᠯᠵᠢᠨ ᠺᠢᠯᠤᠮᠧᠲᠷ᠂ ᠶᠠᠷᠤᠩᠭᠡᠢ ᠬᠦᠮᠦᠨ ᠠᠮᠨ 25 ᠲᠦᠮᠨ ᠪᠠᠶᠢᠵᠦ᠂ ᠦᠪᠤᠷ ᠮᠤᠩᠭᠤᠯ   ᠤᠨ ᠦᠪᠠᠷᠳᠡᠭᠡᠨ ᠵᠠᠰᠠᠬᠤ ᠤᠷᠤᠨ   ᠤ 12 ᠠᠶᠢᠮᠠᠭ ᠬᠤᠳᠠ   ᠶᠢᠨ ᠲᠤᠲᠤᠷ᠎ᠠ ᠲᠠᠯᠠᠪᠠᠢ   ᠪᠠᠷ ᠬᠠᠮᠤᠭ ᠶᠡᠭᠡ᠂ ᠬᠦᠮᠦᠨ ᠠᠮᠨ   ᠪᠠᠷ ᠬᠠᠮᠤᠭ ᠴᠦᠭᠡᠨ ᠠᠶᠢᠮᠠᠭ ᠪᠤᠯᠤᠨ᠎ᠠ᠃ ᠮᠤᠩᠭᠤᠯ ᠦᠨᠲᠤᠰᠦᠳᠠᠨ᠂ ᠬᠢᠳᠠᠳ ᠦᠨᠲᠤᠰᠦᠳᠠᠨ᠂ ᠬᠤᠲᠤᠩ ᠦᠨᠲᠤᠰᠦᠳᠠᠨ᠂ ᠮᠠᠨᠵᠤ ᠦᠨᠲᠤᠰᠦᠳᠠᠨ ᠵᠡᠷᠭᠡ 28 ᠦᠨᠲᠤᠰᠦᠳᠠᠨ ᠲᠠᠢ᠃ ᠪᠦᠬᠦ ᠠᠶᠢᠮᠠᠭ   ᠲᠤ ᠭᠤᠷᠪᠠᠨ ᠬᠤᠰᠢᠭᠤ  ᠪᠠ ᠦᠪᠠᠷᠳᠡᠭᠡᠨ ᠵᠠᠰᠠᠬᠤ ᠤᠷᠤᠨ   ᠤ ᠲᠡᠰ   ᠤᠨ ᠲᠦᠷᠪᠠᠨ ᠨᠡᠭᠡᠭᠡᠯᠳᠡ   ᠶᠢᠨ ᠤᠷᠤᠨ ᠲᠠᠢ᠂ ᠠᠯᠠᠱᠨ ᠠᠶᠢᠮᠠᠭ   ᠤᠨ ᠵᠠᠬᠢᠷᠭ᠎ᠠ   ᠶᠢᠨ ᠰᠠᠭᠤᠭ᠎ᠠ ᠭᠠᠵᠠᠷ ᠨᠢ ᠠᠯᠠᠱᠨ ᠵᠡᠬᠦᠨ ᠬᠤᠰᠢᠭᠤᠨ ᠤ ᠪᠠᠶ᠋ᠬᠠᠠᠤᠳᠠ ᠪᠠᠯᠭᠠᠰᠤ ᠪᠤᠯᠤᠨ᠎ᠠ᠃       ᠠᠯᠠᠱᠨ ᠦᠨᠢ ᠤᠳᠠᠭᠠᠨ ᠲᠡᠤᠭᠡ ᠲᠠᠢ᠃ ᠡᠷᠳᠡᠨ ᠤ ᠬᠠᠭᠤᠴᠢᠨ ᠴᠢᠯᠠᠭᠤᠨ ᠵᠡᠪᠰᠡᠭ ᠤᠨ ᠦᠶ᠎ᠠ ᠠᠴᠠ ᠡᠬᠢᠯᠠᠨ ᠠᠳᠡ ᠨᠢᠭᠡᠨᠳᠡ ᠬᠦᠮᠦᠨ ᠲᠦᠷᠦᠯᠬᠢᠳᠠᠨ ᠤ ᠠᠵᠢᠯᠯᠠᠭ᠎ᠠ ᠲᠠᠢ ᠪᠠᠶᠢᠵᠠᠢ᠃ ᠪᠠᠷᠠᠭᠤᠨ ᠬᠠᠨ ᠤᠯᠤᠰ ᠤᠨ ᠨᠠᠷᠠᠲᠤ ᠵᠠᠩᠵᠤᠨ ᠡᠾᠦ᠋ᠸᠧ ᠴᠢᠦᠢ ᠪᠢᠩ ᠵᠢᠤᠢ ᠶᠠᠨ ᠳᠤ ᠤᠷᠤᠵᠦ ᠡᠾᠧᠰᠢ ᠤᠷᠤᠨ ᠢ ᠡᠭᠡᠬᠦᠯᠦᠨ ᠠᠪᠤᠭᠰᠠᠨ ᠪᠠᠶᠢᠳᠠᠭ᠃ ᠶᠤᠸᠠᠨ ᠤᠯᠤᠰ ᠤᠨ ᠦᠶ᠎ᠠ ᠳᠤ ᠡᠵᠡᠨᠠᠢ ᠵᠠᠮ ᠤᠨ ᠶᠠᠷᠤᠩᠭᠡᠢ ᠬᠠᠮᠢᠶᠠᠷᠤᠯᠳᠠ ᠶᠢᠨ ᠶᠠᠮᠤᠨ ᠢ ᠪᠠᠶᠢᠭᠤᠯᠪᠠ᠃ ᠡᠩᠭᠡ ᠠᠮᠤᠭᠤᠯᠠᠩ ᠤᠨ ᠦᠶ᠎ᠠ ᠳᠤ᠂ ᠤᠶᠢᠷᠠᠳ ᠤᠨ ᠬᠤᠱᠤᠳ ᠶᠠᠰᠤᠳᠠᠨ ᠰᠢᠨᠵᠢᠶᠠᠩ ᠤᠨ ᠲᠢᠶᠠᠨ ᠱᠠᠨ ᠠᠭᠤᠯᠠᠨ ᠠᠴᠠ ᠠᠯᠠᠱᠨ ᠨᠤᠲᠤᠭ ᠲᠤ ᠨᠡᠬᠦᠳᠡᠯᠯᠠᠨ ᠢᠷᠡᠵᠦ᠂ ᠲᠤᠷᠭᠤᠳ ᠶᠠᠰᠤᠳᠠᠨ ᠸᠤᠯᠭ᠎ᠠ ᠮᠦᠷᠠᠨ ᠤ ᠬᠦᠪᠡᠭᠡᠨ ᠠᠴᠠ ᠲᠦᠮᠠᠨ ᠭᠠᠵᠠᠷ ᠤᠨ ᠪᠡᠷᠭᠡ ᠶᠢ ᠲᠤᠭᠤᠯᠵᠦ ᠡᠵᠡᠨ᠎ᠠ ᠭᠤᠤᠯ ᠤᠨ ᠬᠦᠪᠡᠭᠡᠨ ᠳᠤ ᠪᠤᠴᠠᠨ ᠢᠷᠡᠭᠰᠡᠨ ᠶᠤᠮ᠃ ᠴᠢᠩ ᠤᠨ ᠦᠶ᠎ᠠ ᠳᠤ ᠠᠯᠠᠱᠨ ᠬᠤᠱᠤᠳ ᠬᠤᠰᠢᠭᠤ ᠪᠠ ᠡᠵᠠᠨ᠎ᠠ ᠶᠢᠨ ᠬᠠᠭᠤᠴᠢᠨ ᠲᠤᠷᠭᠤᠳ ᠬᠤᠰᠢᠭᠤ ᠭᠡᠬᠦ ᠬᠤᠶᠠᠷ ᠤᠨᠴᠠᠭᠠᠢ ᠬᠤᠰᠢᠭᠤ ᠶᠢ ᠪᠠᠶᠢᠭᠤᠯᠤᠭᠰᠠᠨ ᠪᠠᠶᠢᠳᠠᠭ᠃ 1949 ᠤᠨ ᠳᠤ ᠠᠯᠠᠱᠨ ᠬᠤᠱᠤᠳ ᠬᠤᠰᠢᠭᠤ᠂ ᠡᠵᠠᠨ᠎ᠠ ᠲᠤᠷᠭᠤᠳ ᠬᠤᠰᠢᠭᠤ ᠨᠠᠶᠢᠷᠠᠮᠳᠠᠯ ᠢᠶᠠᠷ ᠴᠢᠯᠦᠭᠡᠯᠡᠭᠳᠡᠪᠠ᠃ 1980 ᠤᠨ ᠤ 5 ᠰᠠᠷ᠎ᠠ ᠳᠤ ᠠᠯᠠᠱᠨ ᠠᠶᠢᠮᠠᠭ ᠪᠠᠶᠢᠭᠤᠯᠤᠭᠳᠠᠪᠠ᠃        ︽ᠬᠠᠨ ᠲᠡᠭᠷᠢ ᠠᠯᠠᠱᠨ︾ ᠦᠷᠭᠡᠨ ᠠᠭᠤᠳᠠᠮ ᠮᠦᠷᠳᠡᠭᠡᠨ ᠬᠠᠴᠢᠨ ᠭᠠᠶᠢᠬᠠᠮᠰᠢᠭᠲᠡᠢ᠃ ᠪᠦᠬᠦ ᠪᠦᠮᠪᠤᠷᠴᠡᠭ ᠲᠤ ᠴᠤᠷᠢ ᠶᠢᠨ ᠭᠠᠭᠴᠠ ᠡᠯᠡᠰᠤ ᠮᠠᠩᠬ᠎ᠠ ᠪᠠᠷ ᠭᠤᠤᠯ ᠰᠡᠲᠤᠪ ᠪᠤᠯᠭᠠᠭᠰᠠᠨ ᠲᠡᠯᠡᠭᠡᠢ ᠶᠢᠨ ᠭᠠᠵᠠᠷ ᠰᠢᠨᠵᠢᠯᠡᠭᠡᠨ ᠤ ᠴᠡᠴᠡᠷᠯᠢᠭ᠂ ᠲᠡᠯᠡᠭᠡᠢ ᠶᠢᠨ ᠭᠤᠷᠪᠠᠨ ᠶᠡᠭᠡ ᠲᠤᠤᠷᠠᠢ ᠶᠢᠨ ᠤᠢ ᠶᠢᠨ ᠨᠢᠭᠡ ᠪᠤᠯᠬᠤ ᠡᠵᠡᠨ᠎ᠠ ᠲᠤᠤᠷᠠᠢ  ᠶᠢᠨ ᠤᠢ᠂  ᠬᠦᠮᠦᠨ ᠠᠴᠢᠶᠠᠯᠠᠭᠰᠠᠨ ᠲᠡᠯᠡᠭᠡᠢ ᠶᠢᠨ ᠭᠤᠷᠪᠠᠨ ᠶᠡᠭᠡ ᠰᠠᠨᠰᠠᠷ ᠤᠨ ᠠᠶᠠᠯᠠᠯ ᠤᠨ ᠲᠦᠪ ᠤᠨ ᠨᠢᠭᠡ ᠪᠤᠯᠬᠤ ᠳ᠋ᠦᠩ ᠹᠧᠩ ᠰᠠᠨᠰᠠᠷ ᠤᠨ ᠬᠤᠳᠠ ︵ᠵᠢᠣᠴᠢᠣᠸᠠᠨ ᠤ ᠲᠠᠭᠠᠭᠤᠯᠢ ᠤᠲᠤᠨ ᠤ ᠬᠠᠷᠪᠤᠯᠳᠠ ᠶᠢᠨ ᠲᠦᠪ︶ ᠠᠳᠡ ᠪᠠᠶᠢᠷᠢᠰᠢᠵᠦ ᠪᠠᠶᠢᠳᠠᠭ᠃ 20 ᠳ᠋ᠤᠭᠠᠷ ᠵᠠᠭᠤᠨ ᠤ ᠲᠤᠮᠳᠠᠲᠤ ᠤᠯᠤᠰ ᠤᠨ ᠬᠠᠭᠤᠴᠢ ᠰᠤᠲᠤᠯᠤᠯ ᠤᠨ ᠲᠦᠷᠪᠠᠨ ᠶᠡᠭᠡ ᠢᠯᠡᠷᠡᠬᠦᠯᠦᠯᠳᠡ ᠶᠢᠨ ᠨᠢᠭᠡ ᠪᠤᠯᠬᠤ ᠵᠢᠤᠢ ᠶᠠᠨ ᠤ ᠬᠠᠨ ᠤᠯᠤᠰ ᠤᠨ ᠬᠤᠯᠤᠰᠤᠨ ᠪᠢᠴᠢᠭ᠂       ︽ᠤᠷᠠᠨ ᠵᠢᠷᠤᠭ ᠤᠨ ᠶᠢᠷᠳᠢᠨᠴᠦ ᠶᠢᠨ ᠠᠮᠢᠲᠤ ᠴᠢᠯᠠᠭᠤᠵᠢᠮᠠᠯ︾ ᠭᠡᠮᠡᠭᠳᠡᠭᠰᠡᠨ ᠮᠠᠨᠲᠤᠯ ᠠᠭᠤᠯᠨ ᠶᠢᠨ ᠬᠠᠳᠠᠨ ᠵᠢᠷᠤᠭ ᠪᠠ ᠠᠯᠠᠱᠨ ᠠᠭᠤᠯᠨ ᠶᠢᠨ ᠬᠠᠳᠠᠨ ᠵᠢᠷᠤᠭ ᠨᠢ ᠰᠦᠷᠯᠢᠭ ᠪᠤᠷᠤᠭᠵᠢᠭᠤᠨ ᠪᠠᠶᠢᠳᠠᠭ᠃ ᠭᠤᠪᠢ ᠶᠢᠨ ᠪᠠᠷᠠᠭᠤᠨᠳᠠᠬᠢ ᠤᠶᠢᠷᠠᠳ ᠮᠤᠩᠭᠤᠯ᠂ ᠭᠤᠪᠢ ᠶᠢᠨ ᠠᠷᠤ ᠶᠢᠨ ᠬᠠᠯᠬ᠎ᠠ ᠮᠤᠩᠭᠤᠯ᠂ ᠭᠤᠪᠢ ᠶᠢᠨ ᠡᠮᠤᠨᠠᠬᠢ ᠮᠤᠩᠭᠤᠯ ᠭᠤᠷᠪᠠᠨ ᠶᠡᠭᠡ ᠠᠶᠢᠮᠠᠭ ᠤᠨ ᠰᠤᠶᠤᠯ ᠠᠳᠡ ᠠᠭᠤᠰᠤᠯᠴᠠᠨ ᠬᠦᠭᠵᠢᠵᠦ᠂ ᠡᠯᠡᠰᠤ ᠮᠠᠩᠬᠠᠨ ᠤ ᠰᠤᠶᠤᠯ᠂ ᠲᠠᠯ᠎ᠠ ᠨᠤᠲᠤᠭ ᠤᠨ ᠰᠤᠶᠤᠯ᠂ ᠲᠡᠮᠡᠭᠡᠨ ᠰᠤᠶᠤᠯ᠂ ᠠᠭᠠᠷ ᠠᠶᠠᠯᠠᠯ ᠤᠨ ᠰᠤᠶᠤᠯ᠂ ᠦᠵᠡᠮᠤᠷᠢ ᠶᠢᠨ ᠴᠢᠯᠠᠭᠤᠨ ᠰᠤᠶᠤᠯ ᠬᠠᠷᠢᠯᠴᠠᠨ ᠨᠦᠯᠦᠭᠡᠯᠡᠵᠦ ᠪᠤᠢ᠃ ᠲᠤᠮᠳᠠᠲᠤ ᠤᠯᠤᠰ ᠤᠨ ᠦᠵᠡᠮᠤᠷᠢ ᠶᠢᠨ ᠴᠢᠯᠠᠭᠤᠨ ᠬᠤᠳᠠ᠂ ᠲᠤᠮᠳᠠᠲᠤ ᠤᠯᠤᠰ  ᠤᠨ ᠲᠡᠮᠡᠭᠡᠲᠤ ᠨᠤᠲᠤᠭ ᠭᠡᠬᠦ ᠰᠠᠶᠢᠬᠠᠨ ᠠᠯᠳᠠᠷ ᠲᠠᠢ᠃ ᠠᠳᠡᠬᠢ ᠪᠤᠯ ᠪᠦᠬᠦ ᠪᠦᠮᠪᠤᠷᠴᠡᠭ ᠤᠨ ᠮᠠᠰᠢᠨ ᠲᠡᠷᠭᠡᠨ ᠤ ᠭᠡᠭᠡᠷᠡᠯᠠᠨ ᠠᠶᠠᠯᠠᠬᠤ ᠤᠷᠤᠯᠲᠤᠭᠠᠨ ᠤ ᠦᠪᠠᠳᠡᠭᠰᠢ ᠴᠤᠭᠯᠠᠭᠠᠨ —— ︽ᠭᠡᠭᠡᠷᠡᠯᠠᠨ ᠠᠶᠠᠯᠠᠬᠤ e ᠠᠩᠬᠢ︾ ᠶᠢᠨ ᠠᠯᠠᠱᠨ ᠶᠢᠨ ᠪᠠᠭᠠᠲᠤᠷᠴᠤᠳ ᠤᠨ ᠴᠤᠭᠯᠠᠭᠠᠨ ᠤ ᠦᠨᠢᠳᠡ ᠶᠢᠨ ᠡᠷᠬᠢᠯᠠᠬᠦ ᠭᠠᠵᠠᠷ ᠪᠤᠯᠤᠨ᠎ᠠ᠃        ᠬᠢᠳᠠᠳ ᠨᠠᠷᠡᠶᠢᠲᠤᠯ᠄ 阿拉善盟        ᠠᠩᠭ᠍ᠯᠢ ᠨᠠᠷᠡᠶᠢᠲᠤᠯ᠄ Alxa  League        ᠲᠦᠬᠦᠮ ᠨᠠᠷᠡᠶᠢᠲᠤᠯ᠄ 阿盟       ᠵᠠᠰᠠᠭ ᠵᠠᠬᠢᠷᠭᠠᠨ ᠤ ᠤᠷᠤᠨ ᠤ ᠲᠦᠷᠦᠯ ᠵᠦᠢᠯ᠄ ᠠᠶᠢᠮᠠᠭ ︵ᠣᠷᠣᠨ ᠨᠣᠳᠤᠭ ᠤᠨ ᠬᠤᠳᠠ ᠶᠢᠨ ᠲᠡᠰ︶        ᠬᠠᠷᠢᠶᠠᠯᠠᠭᠳᠠᠬᠤ ᠭᠠᠵᠠᠷ ᠤᠷᠤᠨ᠄ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ       ᠬᠠᠷᠢᠶ᠎ᠠ ᠪᠦᠬᠦᠢ ᠭᠠᠵᠠᠷ ᠤᠷᠤᠨ᠄ ᠠᠯᠠᠱᠨ ᠵᠡᠬᠦᠨ ᠬᠤᠰᠢᠭᠤ᠂ ᠠᠯᠠᠱᠨ ᠪᠠᠷᠠᠭᠤᠨ ᠬᠤᠰᠢᠭᠤ᠂ ᠡᠵᠠᠨ᠎ᠠ ᠬᠤᠰᠢᠭᠤ       ᠵᠠᠰᠠᠭ ᠤᠨ ᠤᠷᠲᠤᠨ ᠤ ᠰᠠᠭᠤᠭ᠎ᠠ ᠭᠠᠵᠠᠷ᠄ ᠠᠯᠠᠱᠨ ᠵᠡᠬᠦᠨ ᠬᠤᠰᠢᠭᠤᠨ ᠤ ᠪᠠᠶ᠋ᠬᠠᠠᠤᠳᠠ ᠪᠠᠯᠭᠠᠰᠤ       ᠣᠳᠠᠰᠣᠨ ᠳ᠋ᠤᠭᠠᠷ ᠤᠨ ᠬᠠᠷᠢᠶᠠᠯᠠᠭᠳᠠᠬᠤ ᠲᠤᠭᠤᠷᠢᠭ ᠤᠨ ᠨᠣᠮᠧᠷ᠄ 0483       ᠰᠢᠤᠳᠠᠨ ᠨᠣᠮᠧᠷ᠄ 750306       ᠲᠠᠯᠠᠪᠠᠢ᠄ 27 ᠲᠦᠮᠠᠨ ᠲᠡᠭᠰᠢ ᠲᠦᠷᠪᠠᠯᠵᠢᠨ ᠺᠢᠯᠤᠮᠧᠲᠷ       ᠬᠦᠮᠦᠨ ᠠᠮᠨ᠄ 25 ᠲᠦᠮᠨ ︵2018 ᠤᠨ ᠤ ᠪᠠᠶᠢᠩᠭᠤ ᠰᠠᠭᠤᠭ᠎ᠠ ᠬᠦᠮᠦᠨ ᠠᠮᠨ︶       ᠨᠤᠲᠤᠭ ᠤᠨ ᠠᠶᠠᠯᠭᠤ᠄ ᠮᠤᠩᠭᠤᠯ ᠭᠡᠯᠡᠨ ᠤ ᠤᠶᠢᠷᠠᠳ ᠨᠤᠲᠤᠭ ᠤᠨ ᠠᠶᠠᠯᠭᠤ᠂ ᠬᠢᠳᠠᠳ ᠭᠡᠯᠡᠨ ᠤ ᠪᠠᠶ᠋ᠬᠠᠠᠤᠳᠠ ᠶᠢᠨ ᠰᠢᠨ᠎ᠠ ᠠᠶᠠᠯᠭᠤ᠂ ᠠᠯᠠᠱᠨ ᠵᠡᠬᠦᠨ ᠬᠤᠰᠢᠭᠤᠨ ᠤ ᠮᠢᠨ ᠴᠢᠩ ᠦᠭᠡ᠂ ᠬᠤᠰᠢᠭᠤᠨ ᠤ ᠬᠠᠭᠤᠴᠢᠨ ᠠᠶᠠᠯᠭᠤ᠃       ᠠᠭᠤᠷ ᠠᠮᠢᠰᠬᠤᠯ ᠤᠨ ᠨᠦᠬᠦᠴᠠᠯ᠄ ᠲᠤᠮᠳᠠ ᠰᠡᠷᠢᠬᠦᠨ ᠪᠦᠰᠡ ᠶᠢᠨ ᠡᠭᠡ ᠬᠠᠭᠤᠷᠠᠢ ᠶᠢᠨ ᠴᠢᠨᠠᠷᠲᠡᠢ ᠠᠭᠤᠷ ᠠᠮᠢᠰᠬᠤᠯ       ᠨᠡᠷᠡᠳᠦ ᠦᠵᠠᠮᠵᠢ ᠶᠢᠨ ᠣᠷᠣᠨ᠄ ᠠᠯᠠᠱᠨ ᠠᠭᠤᠯᠨ ᠶᠢᠨ ᠱᠠᠰᠢᠨ ᠢ ᠪᠠᠳᠠᠷᠠᠭᠤᠯᠤᠭᠴᠢ ᠰᠦᠮ᠎ᠠ         ︵ᠪᠠᠷᠠᠭᠤᠨ ᠭᠡᠶᠢᠳ︶ ᠶᠢᠨ ᠠᠮᠢ ᠠᠬᠤᠢ ᠶᠢᠨ ᠵᠢᠭᠤᠯᠴᠢᠯᠠᠯ ᠤᠨ ᠤᠷᠤᠨ   ᠪᠠᠳᠠᠢ ᠶᠢᠨ ᠵᠢᠷᠠᠨ ᠤ ᠡᠯᠡᠰᠤ ᠮᠠᠩᠬᠠᠨ  ᠤ ᠦᠵᠠᠮᠵᠢ ᠶᠢᠨ ᠤᠷᠤᠨ    ᠡᠵᠠᠨ᠎ᠠ ᠶᠢᠨ ᠲᠤᠤᠷᠠᠢ ᠶᠢᠨ ᠤᠢ ᠶᠢᠨ ᠠᠮᠢ ᠠᠬᠤᠢ ᠶᠢᠨ ᠦᠵᠠᠮᠵᠢ ᠶᠢᠨ ᠤᠷᠤᠨ    ᠲᠡᠭᠷᠢ ᠶᠢᠨ ᠲᠤᠩᠬᠤ ᠶᠢᠨ ᠲᠠᠯ᠎ᠠ ᠨᠤᠲᠤᠭ ᠤᠨ ᠦᠵᠠᠮᠵᠢ ᠶᠢᠨ ᠤᠷᠤᠨ ᠵᠡᠷᠭᠡ        ᠨᠢᠰᠭᠡᠯ ᠤᠨ ᠪᠠᠭᠤᠳᠠᠯ᠄ ᠠᠯᠠᠱᠨ ᠵᠡᠬᠦᠨ ᠬᠤᠰᠢᠭᠤᠨ ᠤ ᠪᠠᠶ᠋ᠬᠠᠠᠤᠳᠠ ᠨᠢᠰᠭᠡᠯ ᠤᠨ ᠪᠠᠭᠤᠳᠠᠯ    ᠠᠯᠠᠱᠨ ᠪᠠᠷᠠᠭᠤᠨ ᠬᠤᠰᠢᠭᠤᠨ ᠤ ᠪᠠᠳᠠᠢ ᠶᠢᠨ ᠵᠢᠷᠠᠨ ᠨᠢᠰᠭᠡᠯ ᠤᠨ ᠪᠠᠭᠤᠳᠠᠯ   ᠡᠵᠡᠨ᠎ᠠ ᠶᠢᠨ ᠲᠤᠤᠷᠠᠢ ᠨᠢᠰᠭᠡᠯ ᠤᠨ ᠪᠠᠭᠤᠳᠠᠯ        ᠭᠠᠯ ᠲᠡᠷᠭᠡᠨ ᠦᠷᠳᠡᠭᠡ᠄ ᠡᠵᠡᠨ᠎ᠠ ᠦᠷᠳᠡᠭᠡ        ᠲᠡᠷᠭᠡᠨ ᠤ ᠫᠠᠶᠢᠰᠠ ᠶᠢᠨ ᠤᠷᠤᠯᠠᠭᠴᠢ ᠨᠤᠮᠧᠷ᠄ 蒙 M        ᠵᠠᠰᠠᠭ ᠵᠠᠬᠢᠷᠭᠠᠨ ᠤ ᠤᠷᠤᠨ ᠤ ᠤᠷᠤᠯᠠᠭᠴᠢ ᠨᠤᠮᠧᠷ᠄ 152921  
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号