ᠭᠠᠵᠠᠷ ᠵᠦᠢ ᠶᠢᠨ ᠤᠷᠴᠢᠨ ᠲᠤᠭᠤᠷᠢᠨ — ᠤᠷᠤᠨ ᠪᠠᠶᠢᠷᠢ ᠬᠢᠯᠢ ᠶᠢᠨ ᠵᠠᠭᠠᠭ
ᠨᠡᠶᠢᠲᠡᠯᠡᠭᠰᠡᠨ ᠴᠠᠭ᠄
2019/11/20
       ᠠᠯᠠᠱᠨ ᠠᠶᠢᠮᠠᠭ ᠨᠢ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠬᠠᠮᠤᠭ ᠤᠨ ᠪᠠᠷᠠᠭᠤᠨ ᠲᠠᠯ᠎ᠠ ᠳᠤ ᠪᠠᠶᠢᠷᠢᠯᠠᠵᠦ᠂ ᠬᠦᠭᠡᠬᠤᠳᠠ ᠪᠤᠭᠤᠲᠤ  ᠢᠷᠭᠠᠢ ᠲᠡᠮᠡᠭᠡᠲᠤ ᠶᠢᠨ ᠠᠵᠤ ᠠᠬᠤᠢ ᠶᠢᠨ ᠤᠷᠤᠨ᠂ ᠭᠠᠨᠰᠤ ᠬᠦᠭᠡᠨᠠᠭᠤᠷ ᠯᠠᠨᠵᠸᠤ ᠰᠢᠨᠵᠢᠶᠠᠩ ᠤᠨ ᠠᠵᠤ ᠠᠬᠤᠢ ᠶᠢᠨ ᠪᠦᠰᠡ ᠶᠢᠨ ᠠᠭᠤᠯᠵᠠᠷ ᠲᠤ ᠤᠷᠤᠰᠢᠵᠦ ᠪᠠᠶᠢᠳᠠᠭ᠃ ᠵᠠᠬᠦᠨ᠂ ᠵᠡᠬᠦᠨ ᠬᠤᠶᠢᠰᠢ ᠪᠠᠨ ᠦᠬᠠᠢ᠂ ᠪᠠᠶᠠᠠᠨᠠᠭᠤᠷ᠂ ᠤᠷᠲᠤᠰ ᠭᠤᠷᠪᠠᠨ ᠬᠤᠳᠠ ᠲᠠᠢ ᠵᠠᠯᠭᠠᠯᠲᠤᠵᠦ᠂ ᠡᠮᠤᠨ᠎ᠠ᠂ ᠵᠡᠬᠦᠨ ᠡᠮᠤᠨᠠᠰᠢ ᠪᠠᠨ ᠨᠢᠩᠰᠢᠶ᠋ᠨ ᠶᠢᠨ ᠬᠤᠲᠤᠩ ᠦᠨᠲᠤᠰᠦᠳᠠᠨ ᠤ ᠦᠪᠠᠷᠳᠡᠭᠡᠨ ᠵᠠᠰᠠᠬᠤ ᠤᠷᠤᠨ ᠲᠠᠢ ᠬᠦᠷᠰᠢᠯᠠᠵᠦ᠂ ᠪᠠᠷᠠᠭᠤᠨ᠂ ᠪᠠᠷᠠᠭᠤᠨ ᠡᠮᠤᠨᠠᠰᠢ ᠪᠠᠨ ᠭᠠᠨᠰᠤ ᠮᠤᠵᠢ ᠲᠠᠢ ᠬᠢᠯᠢ ᠨᠠᠶᠢᠯᠠᠵᠦ ᠪᠠᠶᠢᠳᠠᠭ᠃ ᠤᠮᠠᠷᠠᠰᠢ ᠪᠠᠨ ᠮᠤᠩᠭᠤᠯ ᠤᠯᠤᠰ ᠲᠠᠢ ᠬᠢᠯᠢᠯᠢᠵᠦ᠂ 735 ᠺᠢᠯᠤᠮᠧᠲᠷ ᠤᠷᠲᠤ ᠬᠢᠯᠢ ᠶᠢᠨ ᠱᠤᠭᠤᠮ ᠲᠠᠢ᠃ ᠭᠠᠵᠠᠷ ᠵᠦᠢ ᠶᠢᠨ ᠪᠠᠶᠢᠷᠢᠰᠢᠯ  ᠨᠢ ᠵᠡᠬᠦᠨ ᠤᠷᠲᠤᠷᠢᠭ ᠤᠨ 97。10`~106。53`᠂  ᠤᠮᠠᠷᠠᠲᠤ ᠦᠷᠭᠡᠷᠢᠭ ᠤᠨ 37。24` ~ 42。47` ᠶᠢᠨ ᠬᠤᠭᠤᠷᠤᠨᠲᠤ ᠪᠠᠶᠢᠵᠦ᠂ ᠵᠡᠬᠦᠨ ᠪᠠᠷᠠᠭᠤᠨᠰᠢ ᠪᠠᠨ 831 ᠺᠢᠯᠤᠮᠧᠲᠷ ᠤᠷᠲᠤ᠂ ᠡᠮᠤᠨ᠎ᠠ ᠬᠤᠶᠢᠰᠢ ᠪᠠᠨ 598 ᠺᠢᠯᠤᠮᠧᠲᠷ ᠤᠨ ᠵᠠᠢ ᠲᠠᠢ ᠪᠠᠶᠢᠵᠦ᠂ ᠶᠠᠷᠤᠩᠭᠡᠢ ᠲᠠᠯᠠᠪᠠᠢ ᠨᠢ ᠪᠠᠷᠤᠭ 27 ᠲᠡᠭᠰᠢ ᠲᠦᠷᠪᠠᠯᠵᠢᠨ ᠺᠢᠯᠤᠮᠧᠲᠷ ᠪᠠᠶᠢᠵᠦ᠂ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠶᠠᠷᠤᠩᠭᠡᠢ ᠲᠠᠯᠠᠪᠠᠢ ᠶᠢᠨ 22.8% ᠶᠢ ᠡᠵᠡᠯᠠᠨ᠎ᠠ᠃        ᠪᠠᠶ᠋ᠬᠠᠠᠤᠳᠠ ᠪᠠᠯᠭᠠᠰᠤ ᠵᠡᠬᠦᠨᠰᠢ ᠪᠠᠨ ᠪᠡᠭᠡᠵᠢᠩ ᠬᠤᠳᠠ ᠠᠴᠠ 1131 ᠺᠢᠯᠤᠮᠧᠲᠷ᠂ ᠬᠦᠭᠡᠬᠤᠳᠠ ᠠᠴᠠ 723 ᠺᠢᠯᠤᠮᠧᠲᠷ ᠵᠠᠢ ᠲᠠᠢ᠃ ᠵᠡᠬᠦᠨ ᠡᠮᠤᠨᠠᠰᠢ ᠪᠠᠨ ᠢᠷᠭᠠᠢ ᠬᠦᠷᠳᠡᠯ᠎ᠠ 114 ᠺᠢᠯᠤᠮᠧᠲᠷ᠂ ᠰᠢ ᠠᠨ ᠬᠤᠳᠠ ᠬᠦᠷᠳᠡᠯ᠎ᠠ 817 ᠺᠢᠯᠤᠮᠧᠲᠷ ᠵᠠᠢ ᠲᠠᠢ᠃ ᠪᠠᠷᠠᠭᠤᠨ ᠡᠮᠤᠨᠠᠰᠢ ᠪᠠᠨ ᠯᠠᠨᠵᠸᠤ ᠬᠤᠳᠠ ᠬᠦᠷᠳᠡᠯ᠎ᠠ 520 ᠺᠢᠯᠤᠮᠧᠲᠷ ᠵᠠᠢ ᠲᠠᠢ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号