ᠪᠤᠷᠬᠠᠨ ᠨᠤᠲᠤᠭ
ᠨᠡᠶᠢᠲᠡᠯᠡᠭᠰᠡᠨ ᠴᠠᠭ᠄
2019/8/23
ᠨᠣᠲᠤᠭ ᠤᠨ ᠰᠠᠶᠢᠬᠠᠨ ᠳᠤ ᠰᠡᠳᠬᠢᠯ ᠤᠨ ᠦᠩᠭᠡ ᠬᠠᠷᠠᠭᠳᠠᠳᠠᠭᠨᠠᠭᠤᠷ ᠭᠤᠣᠯ ᠨᠢ ᠨᠤᠭᠳᠤᠯᠵᠤ ᠵᠢᠷᠦᠭᠡᠨ ᠠᠴᠠ ᠤᠶᠠᠳᠠᠭᠨᠤᠭᠤ ᠶᠢᠨ ᠴᠡᠴᠡᠭᠡᠰ ᠠᠮᠢᠲᠤᠷᠠᠯ ᠤᠨ ᠵᠢᠷᠤᠭ ᠲᠦᠰᠦᠪ ᠪᠤᠯᠳᠠᠭᠨᠤᠮᠢᠨ ᠲᠠᠯ᠎ᠠ ᠰᠠᠨᠠᠬᠤ ᠶᠢᠨ ᠡᠬᠢ ᠵᠢᠷᠭᠠᠯ ᠤᠨ ᠴᠡᠭ ᠪᠤᠯᠳᠠᠭ ᠲᠡᠮᠡᠭᠡᠳ ᠪᠠᠭᠰᠢᠷᠠᠭᠰᠠᠨ ᠭᠤᠪᠢ ᠳᠤ ᠦᠷᠬᠦᠯᠵᠢᠯᠡᠯ ᠤᠨ ᠠᠶᠠᠨ ᠵᠡᠷᠭᠡᠯᠭᠡᠨ ᠲᠠᠲᠠᠵᠤᠳᠠᠨᠳᠠ ᠨᠡᠬᠦᠳᠠᠯ ᠲᠡᠤᠭᠡ ᠶᠢᠨ ᠶᠡᠭᠡ ᠬᠦᠷᠦᠩᠭᠡ ᠮᠦᠷ ᠨᠢ ᠪᠠᠶᠢᠳᠠᠭᠲᠡᠭᠡᠲᠦᠰ ᠤᠨ ᠮᠢᠨᠢ ᠦᠪ ᠬᠦᠷᠦᠩᠭᠡ ᠪᠠᠷ ᠭᠠᠵᠠᠷ ᠤᠨ ᠪᠤᠶᠠᠨ ᠬᠡᠮᠵᠢᠶᠡᠯᠡᠵᠤᠲᠠᠪᠤᠨ ᠡᠷᠳᠡᠨᠢ ᠶᠢᠨ ᠰᠦᠷᠦᠭ ᠢ ᠰᠤᠪᠤᠳ ᠱᠢᠷᠦ ᠰᠢᠭ ᠰᠢᠬᠢᠳᠭᠡᠳᠡᠭᠰᠠᠯᠬᠢ ᠨᠢ ᠬᠡᠵᠢᠶᠡᠳᠡ ᠰᠡᠪᠡᠯᠭᠡ ᠶᠢᠨ ᠦᠨᠦᠷ ᠢᠶᠠᠷ ᠨᠠᠮ ᠎ᠠ ᠶᠢ ᠪᠦᠪᠠᠶᠢᠯᠠᠳᠡᠭᠰᠠᠷᠠᠨ ᠤ ᠴᠠᠭᠠᠨ ᠲᠠᠤᠯᠠᠢ ᠰᠦᠨᠢ ᠪᠤᠯᠭᠠᠨ ᠵᠡᠬᠦᠳᠦᠨ ᠳᠤ ᠮᠢᠨᠢ ᠢᠷᠡᠵᠤ ᠲᠤᠭᠯᠠᠳᠠᠭᠪᠠᠩᠬᠠᠷ ᠬᠤᠳᠠᠴᠢ ᠬᠤᠴᠠᠵᠤ ᠬᠤᠯᠠ ᠤᠶᠢᠷ᠎ᠠ ᠶᠢᠨ ᠴᠢᠮᠡᠭᠡ ᠠᠨᠢᠷᠳᠤᠳᠠᠭᠰᠠᠭᠠᠯᠢ ᠰᠦ ᠲᠤᠮᠪᠤᠨ ᠳᠤ ᠢᠰᠭᠡᠷᠴᠤ ᠵᠢᠯ ᠤᠨ ᠰᠠᠶᠢᠬᠠᠨ ᠰᠠᠭᠠᠮᠰᠢᠳᠠᠭᠮᠢᠨᠤ ᠨᠤᠲᠤᠭ ᠤᠨ ᠰᠠᠶᠢᠬᠠᠨ ᠳᠤ ᠲᠠᠭᠤᠨ ᠤ ᠲᠤᠯᠤᠭᠠᠨ ᠨᠤᠲ ᠭᠠᠳᠠᠭᠰᠢ ᠤᠷᠤᠰᠳᠠᠭᠮᠢᠨᠳᠠᠰᠤᠨ ᠪᠤᠷᠤ ᠴᠢᠯᠠᠭᠤᠳ ᠨᠢ ᠬᠦᠯᠦᠷᠡᠵᠤ ᠶᠢᠰᠦ ᠶᠢᠨ ᠬᠦᠢᠳᠡᠨ ᠬᠠᠨᠭ᠍ᠵᠠᠷᠠᠳᠠᠭᠮᠡᠩᠭᠡ ᠪᠤᠯᠤᠭᠰᠠᠨ ᠨᠠᠮᠬᠠᠨ ᠠᠭᠤᠯᠠ ᠲᠤᠯᠤᠭᠠᠳ ᠨᠢ ᠡᠬᠦᠯᠡ ᠵᠠᠩᠬᠢᠶᠠᠯᠠᠳᠠᠭᠮᠡᠷᠭᠡᠨ ᠠᠩᠴᠢᠨ ᠤ ᠬᠤᠷᠤᠬᠠᠢ ᠠᠴᠠ ᠭᠡᠲᠦᠨ ᠬᠦᠷᠦᠭᠡᠰᠦ ᠨᠢ ᠵᠠᠶᠢᠳᠠ ᠪᠠᠶᠢᠳᠠᠭᠬᠤᠷᠠᠭ᠎ᠠ ᠢᠰᠢᠭᠡ ᠬᠠᠷᠢᠭᠤᠯᠵᠤ ᠬᠠᠳᠠᠨ ᠳᠤ ᠨᠢ ᠲᠤᠭᠯᠠᠭᠰᠠᠨ ᠱᠠᠭᠠᠵᠠᠩ ᠤᠨ ᠬᠡᠯᠲᠡᠷᠭᠡᠢ ᠪᠤᠢᠬᠤᠷ᠎ᠠ ᠲᠠᠢ ᠲᠡᠭᠷᠢ ᠶᠢᠨ ᠡᠬᠦᠯᠡ ᠶᠢ ᠲᠤᠰᠤ ᠰᠢᠭ᠋ ᠰᠢᠬᠠᠭᠰᠠᠨ ᠡᠪᠡᠰᠤ ᠨᠤᠭᠤᠭᠠᠨ ᠤ ᠰᠤᠶᠤᠭᠠᠯᠠᠯ ᠪᠤᠢᠪᠤᠲᠤᠭᠤ ᠤᠨᠤᠵᠤ ᠲᠦᠷᠰᠦᠬᠦ᠋ᠢᠳᠡᠭᠰᠡᠨ ᠨᠠᠰᠤ᠂ ᠡᠮᠨᠢᠭ ᠨᠤᠮᠤᠬᠠᠷᠠᠭᠤᠯᠬᠤ ᠡᠷ᠎ᠡ ᠪᠤᠯᠳᠠᠭᠪᠤᠭᠤᠲᠠᠯ ᠲᠦᠯᠡᠭᠡ ᠡᠬᠦᠷᠦᠭᠡᠳ ᠢᠷᠡᠬᠦ ᠳᠤ ᠠᠪᠤ ᠡᠵᠢ ᠶᠢᠨ ᠬᠦᠭᠡᠷᠦᠬᠦ᠋ᠢᠯᠡᠯ ᠲᠤᠮᠤᠭ᠎ᠠ ᠰᠠᠭᠤᠯᠭᠠᠳᠠᠭᠲᠡᠮᠡᠭᠡᠨ ᠰᠦᠷᠦᠭ ᠤᠨ ᠵᠠᠬ᠎ᠠ ᠳᠤ ᠬᠠᠪᠳᠠᠭᠠᠢ ᠶᠢᠨ ᠢᠩᠭᠡ ᠪᠤᠲᠤᠭᠤ ᠲᠠᠭᠠᠭᠤᠯᠤᠨ ᠵᠤᠨᠵᠢᠵᠤᠲᠠᠯ᠎ᠠ ᠶᠢᠨ ᠠᠭᠤᠳᠠᠮ ᠳᠤ ᠵᠡᠭᠡᠷ᠎ᠡ ᠶᠢᠨ ᠢᠨᠵᠠᠭ᠎ᠠ ᠮᠠᠯ ᠤᠨ ᠲᠤᠮᠳᠠ ᠴᠠᠬᠢᠯᠵᠤᠠᠷᠭᠠᠯᠢ ᠶᠠᠩᠬᠢᠷ ᠤᠳ ᠬᠠᠳᠠ ᠲᠦᠷᠦᠭᠡᠯᠡᠨ ᠡᠵᠢ ᠰᠦ ᠪᠠᠨ ᠡᠷᠬᠦᠵᠦᠠᠵᠠ ᠶᠢᠨ ᠰᠠᠶᠢᠬᠠᠨ ᠨᠤᠲᠤᠭ ᠲᠤ ᠦᠷ᠎ᠡ ᠰᠡᠳᠬᠢᠯ ᠮᠢᠨᠢ ᠶᠠᠭᠠᠷᠠᠳᠠᠭᠨᠤᠲᠤᠭ ᠤᠨ ᠨᠠᠮᠤᠷ ᠢᠷᠡᠬᠦ ᠠᠴᠠ ᠡᠮᠦᠨ᠎ᠡ ᠬᠤᠶᠠᠷ ᠪᠤᠭᠤᠷᠤᠯ ᠳᠤ ᠪᠠᠨ ᠤᠴᠢᠵᠤ ᠵᠤᠯᠭᠠᠶ᠎ᠠᠨᠢᠲᠤᠨ ᠨᠠᠭᠤᠷ ᠲᠤ ᠨᠢ ᠵᠢᠭᠠᠰᠤ ᠵᠢᠷᠠᠭᠠᠬᠠᠢ ᠮᠡᠲᠦ ᠬᠤᠪᠢᠯᠤᠨ ᠵᠢᠷᠭᠠᠶ᠎ᠠᠨᠢᠰᠦᠭᠡᠳ ᠦᠩᠭᠡᠷᠡᠬᠦ ᠰᠢᠪᠠᠭᠤᠳ ᠤᠨ ᠵᠢᠷᠭᠢᠬᠦ ᠲᠠᠭᠤᠨ ᠢᠶᠠᠷ ᠤᠶᠠᠰᠴᠤᠨᠢᠯᠪᠤᠰᠤᠨ ᠲᠤᠮᠳᠠ ᠪᠠᠨ ᠭᠤᠭᠴᠤᠭᠠᠷᠠᠵᠤ ᠬᠠᠷᠠᠭᠳᠠᠬᠤ ᠨᠤᠲᠤᠭ ᠤᠨ ᠮᠢᠨᠢ ᠪᠡᠷ᠎ᠡᠪᠢ ᠡᠵᠡᠨ ᠨᠢ ᠪᠠᠶᠢᠳᠠᠯ᠎ᠠ ᠪᠠᠨ ᠪᠢᠰᠢ ᠶᠤᠮ ᠰᠢᠭ ᠭᠠᠭᠴᠠᠭᠠᠷᠳᠠᠯᠨᠤᠲᠤᠭ ᠮᠢᠨᠢ ᠨᠠᠳᠠᠳᠤ ᠭᠤᠮᠤᠳᠠᠨ ᠵᠠᠬᠦᠲᠤᠯᠠᠵᠤ ᠪᠠᠶᠢᠭ᠎ᠠ ᠪᠤᠯᠪᠠ ᠤᠤᠬᠤᠪᠢ ᠲᠠᠢ ᠲᠡᠭᠡᠲᠦᠰ ᠤᠨ ᠦᠪ ᠬᠦᠷᠦᠩᠭᠡ ᠪᠠᠶᠢᠳᠠᠯ᠎ᠠ ᠪᠠᠨ ᠲᠡᠨᠤᠯ ᠎ᠠᠬᠤᠳᠠ ᠤᠷᠤᠭᠤ ᠬᠦᠯᠯᠡᠵᠤ ᠵᠤᠪᠠᠯᠠᠩ ᠡᠷᠢᠬᠦ ᠨᠢ ᠶᠠᠮᠠᠷ ᠦᠢᠯᠡ ᠪᠤᠯᠪᠠ ᠤᠤᠲᠡᠮᠡᠭᠡ ᠲᠠᠢ ᠭᠤᠪᠢ ᠰᠤᠯᠤᠩᠭ᠎ᠠ ᠲᠠᠳᠠᠭᠰᠠᠨ ᠲᠡᠭᠷᠢ ᠶᠢᠨ ᠵᠢᠷᠤᠭᠲᠡᠭᠦᠨ ᠢ ᠵᠢᠷᠤᠬᠤ ᠬᠡᠵᠤ ᠪᠢ ᠮᠠᠯᠴᠢᠨ ᠪᠤᠯᠤᠭᠰᠠᠨᠰᠢᠪᠠᠭᠤ ᠦᠭᠡᠢ ᠨᠠᠭᠤᠷ ᠤᠨ ᠭᠠᠭᠴᠠᠭᠠᠷᠳᠠᠯ ᠢ ᠭᠤᠨᠢᠵᠤ ᠪᠢ ᠪᠢᠴᠢᠬᠦ ᠦᠭᠡᠢᠰᠢᠮᠰᠢᠷᠡᠬᠦ ᠠᠶᠠᠰ ᠲᠠᠢ ᠲᠠᠭᠤᠣ ᠶᠢ ᠵᠤᠬᠢᠶᠠᠵᠤ ᠪᠢ ᠠᠶᠠᠯᠬᠤ ᠦᠭᠡᠢᠮᠢᠨᠤ ᠨᠤᠲᠤᠭ ᠮᠣᠩᠭᠤᠯ ᠤᠨ ᠰᠠᠶᠢᠬᠠᠨ ᠤᠷᠤᠨᠮᠢᠨᠤ ᠨᠤᠲᠤᠭ ᠤᠷᠲᠦ ᠶᠢᠨ ᠲᠠᠭᠤᠣ᠂ ᠮᠤᠷᠢᠨ ᠬᠤᠭᠤᠷ ᠰᠢᠬ ᠡᠬᠦᠰᠦᠯᠮᠢᠨᠤ ᠨᠤᠲᠤᠭ ᠵᠢᠷᠦᠭᠡᠨ ᠠᠴᠠ ᠲᠠᠳᠠᠭᠰᠠᠨ ᠰᠢᠮᠫᠤᠨᠢᠮᠢᠨᠤ ᠨᠤᠲᠤᠭ ᠦᠬᠦᠳᠡᠯ᠎ᠡ ᠪᠠᠨ ᠤᠷᠤᠰᠢᠬᠤ ᠤᠷᠤᠢ ᠶᠢᠨ ᠴᠢᠮᠡᠭ ᠳ᠋ᠧᠪᠠᠵᠢᠨ                             ᠵᠣᠬᠢᠶᠠᠭᠴᠢ᠄  ᠪᠠ᠊ · ᠢᠷᠦᠭᠡᠯᠲᠦ
 
ᠢᠷᠡᠯᠲᠡ᠄ ᠵᠣᠬᠢᠶᠠᠭᠴᠢ᠄  ᠪᠠ᠊ · ᠢᠷᠦᠭᠡᠯᠲᠦ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号