ᠠᠯᠠᠱᠠ ᠳᠠᠬᠢ ᠳᠡᠣᠭᠡᠳᠣ ᠬᠦᠮᠦᠰ ᠤᠨ ᠳᠣᠬᠠᠢ ᠳᠠᠬᠢᠯᠭᠠᠳᠣ ᠵᠦᠢᠯᠡᠰ
ᠨᠡᠶᠢᠲᠡᠯᠡᠭᠰᠡᠨ ᠴᠠᠭ᠄
2019/8/19
     ᠴᠢᠩᠭᠢᠰ ᠬᠠᠭᠠᠨ ᠪᠠ ᠠᠯᠳᠠᠨ ᠳᠡᠪᠰᠢ᠂ ᠭᠡᠰᠡᠷ ᠪᠣᠭᠳᠠ ᠪᠠ ᠪᠣᠭᠳᠠ ᠶᠢᠨ ᠠᠭᠤᠯᠠ ᠪᠤᠯᠤᠨ ᠭᠡᠰᠦ᠋ᠨᠳᠣᠮᠪᠤ ᠶᠢᠨ ᠣᠪᠣᠭ᠎ᠠ᠂ ᠠᠳᠢᠱᠠ ᠠᠷᠬᠤᠳ ᠪᠠ ᠮᠠᠷᠮᠢᠨᠽᠠᠳ ᠤᠨ ᠠᠭᠤᠢ᠂ ᠯᠣᠪᠣᠨ ᠪᠠᠳᠮᠠᠨᠵᠣᠩᠨᠢ ᠪᠠ ᠣᠯᠠᠨᠪᠣᠯᠠᠭ ᠤᠨ ᠪᠣᠣᠷ᠎ᠠ ᠶᠢᠨ ᠠᠭᠤᠯᠠ᠂ ᠣᠯᠠᠭᠠᠨ ᠰᠣᠪᠣᠷᠭ᠎ᠠ᠂ ᠠᠭᠤᠢ ᠶᠢᠨ ᠰᠦᠮ᠎ᠡ᠂ ᠯᠣᠪᠣᠨ ᠪᠠᠳᠮᠠᠨᠵᠣᠩᠨᠢ ᠶᠢᠨ ᠬᠠᠳᠠᠨ ᠳᠡᠭᠡᠷᠡᠬᠢ ᠮᠦᠷ᠂ ᠡᠵᠢ ᠶᠢᠨ ᠠᠭᠤᠢ ᠵᠡᠷᠭᠡ︔ ᠠᠷᠪᠠᠨ ᠨᠠᠢᠮᠠᠨ ᠠᠬᠤᠢ ᠰᠢᠳᠦᠭᠡᠨ ᠤ ᠨᠢᠭᠡ ᠪᠣᠯᠬᠤ ᠠᠯᠠᠱᠠ ᠶᠢᠨ ᠡᠵᠡᠨ ᠭᠡᠰᠨᠢᠨᠳᠡᠷᠮ᠎ᠡ ᠪᠠ ᠪᠠᠶᠠᠨᠰᠦ᠋ᠮᠪᠤᠷ ᠤᠨ ᠣᠪᠣᠭ᠎ᠠ︔ ᠴᠠᠭᠠᠨ ᠮᠠᠨᠵᠣᠰᠢᠷᠢ ᠪᠠ ᠬᠠᠨ ᠠᠭᠤᠯᠠ ᠶᠢᠨ ᠪᠤᠷᠬᠠᠨ ᠠᠭᠤᠯᠠ︔ ᠠᠷᠪᠠᠨ ᠵᠢᠷᠭᠤᠭᠠᠨ ᠠᠭᠤᠢ ᠰᠢᠳᠦᠭᠡᠨ ᠪᠠ ᠳᠠᠷᠪᠠᠴᠤᠭ ᠤᠨ ᠠᠭᠤᠢ︔ ᠦᠭᠡᠷ ᠠᠭᠤᠯᠠ︔ ᠵᠢᠷᠭᠤᠳᠣᠭᠠᠷ ᠳᠠᠯᠠᠢ ᠯᠠᠮᠠ ᠽᠠᠩᠶᠠᠩᠵᠠᠮᠰᠣ ᠪᠠ ᠴᠣᠭᠳᠣ ᠬᠦᠷᠢᠶ᠎ᠡ ᠶᠢᠨ ᠰᠦᠮ᠎ᠡ᠂ ᠮᠣᠨᠵᠢᠯᠠᠩ ᠤᠨ ᠰᠦᠮ᠎ᠡ᠂ ᠪᠠᠷᠠᠭᠤᠨ ᠭᠡᠶᠢᠳ ᠵᠡᠷᠭᠡ︔ ᠱᠠᠭᠵᠠᠮᠤᠨᠢ ᠪᠠ ᠦᠭᠡᠷ ᠠᠭᠤᠯᠠ ᠶᠢᠨ ᠰᠦᠮ᠎ᠡ︔ ᠳ᠋ᠣᠷᠵᠢᠫᠠᠩᠮᠤ ᠪᠠ ᠡᠭᠡ ᠶᠢᠨ ᠠᠭᠤᠢ ︹孩母 ︵亥姆︶ 寺︺ ; ᠠᠭᠸᠠᠩᠳᠠᠨᠳᠠᠷ ᠪᠠ ᠵᠡᠬᠦᠨ ᠭᠡᠶᠢᠳ᠂ ᠪᠣᠷᠬᠠᠨ ᠤ ᠱᠠᠰᠢᠨ ᠪᠠ ᠰᠦᠮᠡᠳᠣ ᠶᠢᠨ ᠠᠭᠤᠢ ᠵᠡᠷᠭᠡ ᠨᠢ ᠳᠣᠰ ᠳᠣᠰ ᠳᠠᠭᠠᠨ ᠳᠡᠣᠭᠡ ᠳᠣᠮᠤᠭ ᠲᠠᠢ ᠠᠷᠢᠭᠤᠨ ᠳᠠᠭᠰᠢᠨ ᠣᠷᠣᠨ ᠪᠣᠯᠬᠤ ᠶᠤᠮ᠃ ᠡ᠊ᠨᠳᠡ ᠵᠦᠪᠭᠡᠨ ᠭᠡᠳᠣ ᠶᠢ ᠰᠣᠩᠭᠤᠨ ᠳᠡᠮᠳᠡᠭᠯᠡᠶ᠎ᠡ᠃      ︵ᠨᠢᠭᠡ︶ ᠴᠢᠩᠭᠢᠰ ᠬᠠᠭᠠᠨ ᠤ ᠠᠯᠳᠠᠨ ᠳᠡᠪᠰᠢ ᠪᠠ ᠳᠣᠯᠭ᠎ᠠ      ᠠᠯᠳᠠᠨ ᠳᠡᠪᠰᠢ ᠶᠢᠨ ᠠᠭᠤᠯᠠ ᠪᠣᠯ ᠠᠯᠠᠱᠠ ᠪᠠᠷᠠᠭᠤᠨ ᠬᠤᠰᠢᠭᠤᠨ ᠤ ᠪᠠᠷᠠᠭᠤᠨ ᠵᠦᠭ ᠲᠤ ᠪᠠᠶᠢᠷᠢᠯᠠᠵᠣ ᠪᠦᠬᠦᠢ ᠳᠠᠯᠠᠢ ᠶᠢᠨ ᠳᠦᠪᠰᠢᠨ ᠠᠴᠠ 2995 ᠮᠧᠲᠷ ᠰᠢᠬᠠᠮ ᠡᠷᠬᠦᠭᠳᠡᠵᠣ ᠪᠠᠶᠢᠭ᠎ᠠ ᠪᠠᠷᠠᠭᠤᠨ ᠡᠮᠣᠨ᠎ᠡ ᠳᠠᠯ᠎ᠠ ᠨᠢ ᠦᠨᠳᠦᠷ᠂ ᠵᠡᠬᠦᠨ ᠬᠤᠶᠢᠳᠣ ᠳᠠᠯ᠎ᠠ ᠨᠢ ᠨᠠᠮᠬᠠᠨ ᠠᠭᠤᠯᠠ ᠪᠣᠯᠬᠤ ᠶᠤᠮ᠃ ᠡᠨᠡ ᠠᠭᠤᠯᠠᠨ ᠳᠤ ᠭᠤᠷᠪᠠᠨ ᠠᠯᠳᠠ ᠣᠷᠳᠣ ᠬᠤᠶᠠᠷ ᠠᠯᠳᠠ ᠦᠷᠭᠡᠨ ᠣᠷᠳᠣ ᠳᠦᠷᠪᠡᠯᠵᠢᠨ ᠭᠡᠯᠪᠡᠷᠢᠳᠡᠢ ᠳᠡᠪᠰᠢ ᠠᠳᠠᠯᠢ ᠴᠢᠯᠠᠭᠤ ᠪᠣᠢ᠂ ᠡᠬᠦᠨ ᠢ ᠴᠢᠩᠭᠢᠰ ᠬᠠᠭᠠᠨ ᠤ ᠠᠯᠳᠠᠨ ᠳᠡᠪᠰᠢ ᠭᠡᠮᠡᠳᠡᠭ᠃ ᠶᠠᠷᠢᠶ᠎ᠠ ᠳᠣᠮᠤᠭ ᠢ ᠦᠨᠳᠦᠰᠦᠯᠡᠪᠡᠯ᠂ ᠴᠢᠩᠭᠢᠰ ᠬᠠᠭᠠᠨ ᠪᠠᠷᠠᠭᠤᠨ ᠳᠠᠩᠭᠤᠳ ᠢ ᠳᠠᠶᠢᠯᠠᠬᠤ ᠪᠠᠷ ᠢᠷᠡᠬᠦ ᠳᠤ᠂ ᠡᠨᠡ ᠭᠠᠵᠠᠷ ᠢ ᠳᠠᠭᠠᠰᠢᠶᠠᠯ ᠳᠠᠭᠠᠨ ᠠᠪᠴᠣ ᠴᠡᠷᠢᠭ ᠣᠨᠤᠭ᠎ᠠ ᠪᠠᠨ ᠠᠮᠠᠷᠠᠭᠤᠯᠬᠤ ᠪᠠᠷ ᠡ᠊ᠨᠳᠡ ᠭᠡᠰᠡᠭ ᠬᠤᠭᠤᠴᠠᠭ᠎ᠠ ᠰᠠᠭᠤᠭᠰᠠᠨ ᠪᠠᠶᠢᠵᠡᠢ᠃ ᠳᠡᠭᠡᠭᠡᠳ ᠠᠯᠳᠠᠨ ᠳᠡᠪᠰᠢ ᠶᠢᠨ ᠠᠭᠤᠯᠠᠨ ᠳᠤ ᠭᠠᠷᠴᠣ ᠳᠠᠶᠢᠨ ᠤ ᠢᠯᠠᠯᠳᠠ ᠣᠯᠬᠤ ᠪᠠᠨ ᠡᠵᠡᠨ ᠳᠡᠭᠷᠢ ᠳᠡᠭᠡᠨ ᠳᠠᠭᠠᠳᠬᠠᠵᠤ ᠶᠡᠭᠡᠪᠡᠷ ᠳᠠᠬᠢᠭᠰᠠᠨ ᠠᠴᠠ ᠡᠨᠡ ᠳᠡᠪᠰᠢ ᠠᠳᠠᠯᠢ ᠴᠢᠯᠠᠭᠤ ᠶᠢ ᠬᠤᠵᠢᠮ ᠤᠨ ᠬᠦᠮᠦᠰ ᠳᠣᠷᠠᠰᠬᠠᠨ ᠦᠢᠷ᠎ᠠ ᠬᠠᠪᠢ ᠳᠤᠨᠢ ᠣᠪᠣᠭ᠎ᠠ ᠪᠣᠰᠬᠠᠨ ᠵᠢᠯ ᠪᠦᠷᠢ ᠶᠢᠨ ᠪᠢᠯᠢᠭ ᠤᠨ ᠣᠯᠠᠷᠢᠯ ᠤᠨ ᠳᠠᠪᠣᠨ ᠰᠠᠷ᠎ᠠ ᠶᠢᠨ ᠠᠷᠪᠠᠨ ᠭᠤᠷᠪᠠᠨ ᠳᠤ ᠳᠣᠭᠳᠠᠭᠠᠯ ᠶᠣᠰᠣᠭᠠᠷ ᠣᠯᠠᠭᠠᠨ ᠢᠶᠠᠷ ᠳᠠᠬᠢᠵᠣ ᠪᠠᠶᠢᠭᠰᠠᠨ ᠠᠴᠠ ᠪᠠᠨ ᠰᠢᠷ᠎ᠠ ᠶᠢᠨ ᠱᠠᠰᠢᠨ ᠤ ᠨᠦᠯᠦᠭᠡ ᠶᠢ ᠬᠦᠷᠳᠡᠵᠣ ᠴᠠᠭᠠᠨ ᠢᠶᠠᠷ ᠳᠠᠬᠢᠬᠤ ᠪᠣᠯᠣᠭᠠᠳ ᠡᠳᠦᠭᠡ ᠪᠣᠯᠵᠣ ᠪᠠᠶᠢᠨ᠎ᠠ᠃ ᠪᠠᠰᠠ ᠳᠡᠬᠦᠨ ᠠᠴᠠ ᠶᠡᠭᠡ ᠬᠤᠯᠠ ᠦᠭᠡᠢ ᠭᠤᠷᠪᠠᠨ ᠳᠣᠯᠭ᠎ᠠ ᠠᠳᠠᠯᠢ ᠴᠢᠯᠠᠭᠤ ᠪᠣᠢ᠂ ᠡᠬᠦᠨ ᠢ ᠬᠦᠮᠦᠰ ᠴᠢᠩᠭᠢᠰ ᠤᠨ ᠳᠣᠯᠭ᠎ᠠ ᠭᠡᠳᠡᠭ᠃      ︵ᠬᠤᠶᠠᠷ︶ ᠠᠯᠳᠠᠨ ᠳᠡᠪᠰᠢ ᠶᠢᠨ ᠠᠭᠤᠯᠠ ᠶᠢᠨ ᠳᠣᠬᠠᠢ ᠳᠣᠮᠤᠭ      ᠡᠷᠳᠡ ᠣᠷᠢᠳᠣ ᠴᠠᠭ ᠲᠤ᠂ ᠴᠢᠩᠭᠢᠰ ᠬᠠᠭᠠᠨ ᠳᠠᠩᠭᠤᠳ ᠢ ᠳᠠᠶᠢᠯᠠᠨ ᠳᠠᠷᠤᠬᠤ ᠳᠤ᠂ ᠣᠳᠣ ᠶᠢᠨ ᠠᠯᠳᠠᠨ ᠳᠡᠪᠰᠢ ᠭᠡᠳᠡᠭ ᠭᠠᠵᠠᠷ ᠢ ᠶᠡᠭᠡ ᠦᠯᠵᠡᠢ ᠲᠠᠢ ᠭᠠᠵᠠᠷ ᠪᠠᠶᠢᠨ᠎ᠠ ᠭᠡᠵᠤ ᠦᠵᠡᠭᠡᠳ᠂ ᠴᠡᠷᠢᠭ ᠢᠶᠠᠨ ᠴᠡᠭᠴᠡᠯᠡᠵᠣ ᠠᠳᠣᠭᠤ ᠪᠠᠨ ᠠᠮᠠᠷᠠᠭᠤᠯᠬᠤ ᠪᠠᠷ ᠭᠡᠳᠣᠨ ᠬᠤᠨᠤᠭ ᠪᠣᠯᠣᠭᠰᠠᠨ ᠭᠡᠨ᠎ᠡ᠃ ᠴᠢᠩᠭᠢᠰ ᠬᠠᠭᠠᠨ ᠠᠮᠠᠷᠠᠵᠣ ᠪᠠᠶᠢᠬᠤ ᠳᠠᠭᠠᠨ ᠪᠢᠷᠠᠭᠤ ᠨᠢᠳᠣᠯᠵᠣ ᠡᠵᠡᠨ ᠳᠡᠭᠷᠢ ᠶᠢ ᠳᠠᠬᠢᠬᠤ ᠳᠠᠭᠠᠨ ᠦᠪᠡᠷ ᠤᠨ ᠠᠯᠳᠠᠨ ᠳᠡᠪᠰᠢ ᠪᠠᠨ ᠵᠠᠰᠠᠨ᠂ ᠳᠡᠭᠡᠷ᠎ᠡ ᠨᠢ ᠭᠤᠨᠠᠨ ᠪᠢᠷᠪᠠ ᠶᠢᠨ ᠰᠢᠬᠦᠰᠣ ᠶᠢ ᠱᠠᠮᠨᠠᠨ ᠳᠠᠯᠪᠢᠵᠣ ᠳᠡᠬᠢᠪᠠ ᠭᠡᠨ᠎ᠡ᠃ ᠳᠠᠬᠢᠯᠭ᠎ᠠ ᠰᠦᠢᠪᠡᠨ ᠰᠠᠶᠢᠨ ᠢᠶᠠᠷ ᠡᠷᠬᠢᠭᠰᠡᠨ ᠳᠤ᠂ ᠴᠢᠩᠭᠢᠰ ᠬᠠᠭᠠᠨ᠂ ᠳᠠᠩᠭᠤᠳ ᠢ ᠳᠠᠶᠢᠯᠣᠨ ᠳᠠᠷᠤᠵᠤ ᠢᠯᠠᠯᠳᠠ ᠣᠯᠬᠤ ᠶᠤᠮ ᠪᠠᠶᠢᠨ᠎ᠠ ᠭᠡᠳ᠂ ᠳᠠᠷᠡᠬᠦ ᠠᠯᠳᠠᠨ ᠳᠡᠪᠰᠢ ᠪᠠᠨ ᠳᠣᠰ ᠭᠠᠵᠠᠷ ᠨᠢ ᠦᠯᠡᠳᠡᠭᠡᠵᠣ ᠳᠠᠯᠪᠢᠭᠠᠳ ᠶᠠᠪᠣᠭᠰᠠᠨ ᠳᠤ᠂ ᠡᠨᠡᠬᠦ ᠠᠯᠳᠠᠨ ᠳᠡᠪᠰᠢ ᠨᠢ ᠴᠢᠯᠠᠭᠤ ᠪᠤᠯᠤᠨ ᠦᠯᠡᠳᠡᠵᠣ ᠭᠡᠨ᠎ᠡ᠃ ᠬᠤᠵᠢᠮ ᠨᠢ ᠳᠡᠷᠡ ᠳᠡᠪᠰᠢ ᠠᠳᠠᠯᠢ ᠴᠢᠯᠠᠭᠤ ᠶᠢ ᠡᠵᠡᠨ ᠤ ᠠᠯᠳᠠᠨ ᠳᠡᠪᠰᠢ ᠭᠡᠵᠤ ᠰᠢᠳᠣᠨ᠂ ᠣᠪᠣᠭ᠎ᠠ ᠪᠣᠰᠬᠠᠨ ᠳᠠᠬᠢᠵᠣ ᠪᠠᠶᠢᠪᠠ ᠭᠡᠨ᠎ᠡ᠃ ᠡᠬᠦᠨ ᠠᠴᠠ ᠡᠬᠢᠯᠡᠭᠡᠳ ᠡᠨᠡ ᠭᠠᠵᠠᠷ ᠶᠢ ᠴᠢᠩᠭᠢᠰ ᠤᠨ ᠠᠯᠳᠠᠨ ᠳᠡᠪᠰᠢ ᠭᠡᠵᠤ᠂ ᠪᠦᠬᠦ᠋ᠢᠯᠡ ᠠᠭᠤᠯᠠ ᠣᠰᠣ ᠶᠢ ᠴᠦ ᠠᠯᠳᠠᠨ ᠳᠡᠪᠰᠢ ᠭᠡᠮᠡᠨ ᠨᠡᠷᠡᠶᠢᠳᠴᠣ ᠡᠳᠦᠭᠡ ᠪᠣᠯᠵᠡᠢ᠃      ᠣᠳᠣ ᠪᠣᠯᠳᠠᠯ᠎ᠠ ᠡᠨᠡᠬᠦ ᠴᠢᠩᠭᠢᠰ ᠤᠨ ᠠᠯᠳᠠᠨ ᠳᠡᠪᠰᠢ ᠶᠢ ᠨᠠᠨᠳᠢᠩᠨᠠᠨ ᠰᠢᠳᠦᠵᠣ᠂ ᠳᠣᠷ᠎ᠠ ᠳᠠᠪᠠ ᠪᠠᠷ ᠣᠷᠣᠯᠳᠣᠳᠠᠭ ᠦᠭᠡᠢ ᠪᠢᠯᠡ᠃ ᠡᠨᠡ ᠳᠣᠬᠠᠢ ᠪᠠᠰᠠ ᠡᠶᠢᠮᠤ ᠨᠢᠭᠡ ᠦᠯᠢᠭᠡᠷ ᠪᠣᠢ᠃      ᠡᠷᠳᠡ ᠣᠷᠢᠳᠣ ᠶᠢᠨ ᠴᠠᠭ ᠲᠤ᠂ ᠣᠷᠣ ᠶᠢᠨ ᠭᠠᠭᠴᠠ ᠨᠢᠭᠡ ᠭᠡᠬᠦᠣ ᠲᠠᠢ᠂ ᠳᠡᠷᠡ ᠭᠡᠬᠦᠣ ᠪᠠᠷ ᠢᠶᠠᠨ ᠭᠤᠣᠯ ᠳᠣᠷᠭᠤᠨ ᠠᠮᠢᠳᠣᠷᠠᠳᠠᠭ ᠬᠤᠭᠤᠰᠣᠨ ᠤ ᠳᠦᠢᠯ ᠳᠤ ᠳᠣᠯᠣᠭᠰᠠᠨ ᠡᠮᠡᠭᠡᠨ ᠡᠪᠣᠭᠡᠨ ᠬᠤᠶᠠᠷ ᠪᠠᠶᠢᠵᠣ ᠭᠡᠨ᠎ᠡ᠃ ᠶᠠᠳᠠᠭᠤ ᠬᠤᠭᠤᠰᠣᠨ ᠪᠣᠯᠬᠤᠷ ᠡᠳᠡ ᠬᠤᠶᠠᠷ ᠳᠣᠭᠳᠠᠭᠰᠠᠨ ᠰᠠᠭᠤᠷᠢ ᠣᠷᠣᠨ ᠭᠡᠵᠣ ᠪᠠᠶᠢᠳᠠᠭ ᠦᠭᠡᠢ᠂ ᠳᠠᠶᠠᠩ ᠢ ᠭᠡᠰᠣᠨ ᠳᠡᠨᠣᠳᠡᠭ ᠶᠤᠮ ᠪᠠᠶᠢᠵᠡᠢ᠂ ᠳᠡᠨᠣᠵᠣ ᠶᠠᠪᠣᠭᠰᠠᠭᠠᠷ ᠪᠠᠶᠢᠵᠤ ᠨᠢᠭᠡ ᠡᠳᠣᠷ ᠠᠯᠳᠠᠨ ᠳᠡᠪᠰᠢ ᠳᠤ ᠢᠷᠡᠵᠣ᠂ ᠬᠤᠨᠤᠭ ᠠᠪᠬᠤ ᠪᠣᠯᠵᠣ ᠭᠡᠨ᠎ᠡ᠃ ᠳᠡᠭᠡᠭᠡᠳ ᠡᠮᠡᠭᠡᠨ ᠡᠪᠣᠭᠡᠨ ᠬᠤᠶᠠᠷ᠂ ᠭᠠᠭᠴᠠ ᠭᠡᠬᠦᠣ ᠪᠠᠨ ᠰᠠᠭᠠᠭᠠᠳ᠂ ᠡᠪᠡᠰᠣ ᠨᠣᠭᠤᠭ᠎ᠠ ᠨᠣᠭᠤᠭᠠᠷᠠᠭᠰᠠᠨ ᠳᠡᠭᠰᠢ ᠰᠠᠶᠢᠬᠠᠨ ᠵᠦᠯᠭᠡ ᠳᠡᠭᠡᠷ᠎ᠡ ᠠᠷᠭᠠᠯᠠᠭᠠᠳ ᠬᠤᠨᠣᠵᠣ ᠭᠡᠨ᠎ᠡ᠃ ᠦᠷᠦᠬᠦᠨ ᠪᠣᠰᠣᠭᠠᠳ ᠢᠷᠡᠭᠰᠡᠨ ᠴᠢᠨᠢ᠂ ᠭᠠᠭᠴᠠ ᠭᠡᠬᠦᠣ ᠶᠢ ᠨᠢ ᠴᠢᠨ᠋ᠸ᠎ᠠ ᠪᠠᠷᠢᠭᠠᠳ ᠢᠳᠡᠴᠢᠭᠡᠭᠰᠡᠨ ᠪᠠᠶᠢᠵᠡᠢ᠃ ᠡᠮᠡᠭᠡᠨ ᠡᠪᠤᠭᠡᠨ ᠬᠤᠶᠠᠷ ᠭᠠᠰᠢᠭᠤᠳᠠᠬᠤ ᠶᠢᠨ ᠶᠡᠭᠡᠪᠡᠷ ᠭᠠᠰᠢᠭᠤᠳᠠᠵᠣ᠂ ᠵᠣᠪᠠᠭ᠋ᠣ ᠶᠢᠨ ᠶᠡᠭᠡ ᠪᠠᠷ ᠵᠣᠪᠠᠵᠣ᠄ ᠦᠯ ᠢ ᠳᠠᠷᠤᠵᠤ ᠂ ᠠᠮᠢ ᠶᠢ ᠮᠢᠨᠢ ᠵᠣᠯᠭᠠᠭᠤᠯᠳᠠᠭ ᠭᠠᠭᠴᠠ ᠭᠡᠬᠦᠣ ᠶᠢ ᠮᠢᠨᠢ ᠴᠢᠨ᠋ᠸ᠎ᠠ ᠪᠠᠷᠢᠭᠠᠳ ᠢᠳᠡᠵᠣ ᠪᠠᠶᠢᠬᠤ ᠳᠤ ᠠᠪᠣᠷᠠᠵᠣ ᠳᠣᠰᠠᠯᠠᠵᠣ ᠪᠣᠯᠳᠠᠭ ᠦᠭᠡᠢ ᠶᠠᠭᠤ ᠶᠤᠮ᠂ ᠠᠯᠳᠠᠨ ᠳᠡᠪᠰᠢ ᠪᠠᠶᠢᠨ᠎ᠠ ᠭᠡᠳ ᠬᠠᠵᠠᠭᠤ ᠳᠤ ᠴᠢᠨᠢ ᠨᠢᠭᠡ ᠬᠤᠨᠣᠬᠤ ᠳᠤ ᠂ ᠡᠪᠡᠰᠣ ᠨᠣᠭᠤᠭ᠎ᠠ ᠪᠠᠨ ᠬᠠᠷᠠᠮᠨᠠᠭᠠᠳ᠂ ᠭᠠᠭᠴᠠ ᠭᠡᠬᠦᠣ ᠶᠢ ᠮᠢᠨᠢ ᠴᠢᠨ᠋ᠸ᠎ᠠ ᠳᠤ ᠪᠠᠷᠢᠭᠠᠳ ᠦᠭᠴᠢᠪᠠᠣ ᠭᠡᠵᠤ ᠦᠨᠳᠦᠷ ᠳᠠᠭᠤᠨ ᠢᠶᠠᠷ ᠣᠬᠢᠯᠠᠨ ᠡᠭᠰᠢᠵᠣ᠂ ᠳᠡᠷᠡᠬᠦ ᠠᠯᠳᠠᠨ ᠳᠡᠪᠰᠢ ᠶᠢ ᠠᠭᠤᠷᠰᠠᠬᠤ ᠳᠠᠭᠠᠨ ᠨᠢᠭᠡ ᠦᠨᠴᠦᠭ ᠢ ᠨᠢ ᠬᠠᠭ᠎ᠠ ᠴᠣᠬᠢᠵᠣ ᠠᠭᠤᠷ ᠢᠶᠠᠨ ᠭᠠᠷᠭᠠᠭᠠᠳ᠂ ᠠᠭᠤᠯᠠᠨ ᠠᠴᠠ ᠪᠠᠭᠤᠵᠤ ᠭᠡᠨ᠎ᠡ᠃ ᠳᠡᠭᠡᠭᠡᠳ ᠡᠮᠡᠭᠡᠨ ᠡᠪᠣᠭᠡᠨ ᠬᠤᠶᠠᠷ ᠶᠠᠪᠣᠬᠤ ᠳᠣᠰᠣᠮ ᠳᠠᠮᠢᠷᠳᠠᠭᠠᠳ᠂ ᠳᠦᠩᠭᠡᠵᠣ ᠠᠭᠤᠯᠠᠨ ᠬᠤᠷᠮᠣᠢ ᠬᠦᠷᠬᠦ ᠳᠤ᠂ ᠭᠠᠭᠴᠠ ᠪᠦᠰᠡᠯᠡᠭᠰᠡᠨ ᠮᠣᠷᠢᠨ ᠤ ᠴᠢᠳᠦᠷ ᠢᠶᠠᠨ ᠴᠦ ᠳᠠᠭᠠᠵᠣ ᠴᠢᠳᠠᠬᠤ ᠦᠭᠡᠢ ᠳᠤ ᠬᠦᠷᠴᠡᠢ᠃ ᠳᠡᠭᠡᠭᠡᠳ ᠡᠮᠡᠭᠡᠨ ᠡᠪᠣᠭᠡᠨ ᠬᠤᠶᠠᠷ ᠳᠠᠷᠠ ᠴᠢᠳᠦᠷ ᠢᠶᠠᠨ ᠨᠢᠭᠡ ᠭᠠᠵᠠᠷ ᠣᠯᠵᠣ ᠪᠣᠩᠬᠤᠯᠠᠭᠠᠳ ᠦᠷᠬᠦᠯᠵᠢᠯᠡᠨ ᠴᠠᠰᠢ ᠶᠠᠪᠤᠵᠤ ᠭᠡᠨ᠎ᠡ᠂ ᠳᠡᠮᠡᠢ ᠬᠤᠯᠠ ᠶᠠᠪᠤᠯ ᠦᠭᠡᠢ ᠡᠪᠤᠭᠡᠨ ᠦᠬᠦᠵᠣ ᠭᠡᠨ᠎ᠡ᠃ ᠳᠡᠭᠡᠭᠡᠳ ᠠᠷᠭ᠎ᠠ ᠦᠭᠡᠢ᠂ ᠬᠤᠴᠣᠷᠣᠭᠰᠠᠨ ᠭᠠᠭᠴᠠ ᠡᠮᠡᠭᠡᠨ ᠨᠢ᠄ ᠬᠠᠨᠢᠯᠠᠵᠤ ᠨᠢᠭᠡ ᠨᠠᠰᠣ ᠪᠠᠨ ᠪᠠᠷᠠᠭᠰᠠᠨ ᠡᠪᠤᠭᠡᠨ ᠮᠢᠨᠢ ᠢᠩᠭᠢᠭᠡᠳ ᠨᠠᠳᠠ ᠠᠴᠠ ᠰᠠᠯᠴᠢᠬᠠᠬᠤ ᠨᠢ ᠡᠨᠡ ᠤᠤ ᠭᠡᠵᠤ᠂ ᠭᠠᠰᠠᠯᠠᠬᠤ ᠶᠢᠨ ᠶᠡᠭᠡ ᠪᠠᠷ ᠭᠠᠰᠠᠯᠠᠵᠤ᠂ ᠵᠣᠪᠠᠭ᠋ᠣ ᠶᠢᠨ ᠶᠡᠭᠡ ᠪᠠᠷ ᠵᠣᠪᠠᠵᠣ ᠪᠠᠶᠢᠭᠠᠳ᠂ ᠮᠥᠨ ᠲᠡᠷᠡ ᠭᠠᠵᠠᠷ ᠲᠠᠭᠠᠨ ᠡᠪᠤᠭᠡᠨ ᠤ ᠪᠠᠨ ᠠᠷᠣ ᠠᠴᠠ ᠶᠠᠪᠣᠵᠣ ᠭᠡᠨ᠎ᠡ᠃ ᠬᠤᠵᠢᠮ ᠨᠢ ᠬᠦᠮᠦᠰ ᠴᠢᠳᠦᠷ ᠪᠣᠩᠬᠤᠯᠠᠭᠰᠠᠨ ᠭᠠᠵᠠᠷ ᠢ ᠪᠣᠩᠬᠤᠳᠣ ᠭᠡᠵᠤ᠂ ᠡᠮᠡᠭᠡᠨ ᠡᠪᠣᠭᠡᠨ ᠤ ᠦᠬᠦᠭᠰᠡᠨ ᠭᠠᠵᠠᠷ ᠢ ᠳᠣᠨᠢᠯᠮ᠎ᠠ ᠭᠡᠵᠤ ᠨᠡᠷᠡᠯᠡᠭᠡᠳ ᠣᠳᠣ ᠪᠣᠯᠵᠡᠢ ᠭᠡᠳᠡᠭ᠃      ᠨᠣᠳᠤᠭ ᠤᠨ ᠬᠦᠮᠦᠰ ᠡᠶᠢᠮᠤ ᠨᠢᠭᠡᠨ ᠳᠣᠮᠤᠭ ᠦᠯᠢᠭᠡᠷ ᠢᠶᠠᠷ ᠵᠢᠱᠢᠶᠡᠯᠡᠵᠤ᠂ ᠴᠢᠩᠭᠢᠰ ᠤᠨ ᠠᠯᠳᠠᠨ ᠳᠡᠪᠰᠢ ᠤᠨ ᠣᠪᠠᠳᠢᠰ ᠢ ᠭᠡᠣᠭᠡᠳ ᠪᠠᠭᠠᠴᠣᠳ ᠲᠠᠭᠠᠨ ᠳᠠᠨᠢᠭᠤᠯᠣᠨ ᠮᠡᠳᠡᠬᠦᠯᠵᠣ᠂ ᠳᠡᠷᠡᠬᠦ ᠳᠡᠪᠰᠢ ᠠᠳᠠᠯᠢ ᠳᠦᠷᠪᠡᠯᠵᠢᠨ ᠴᠢᠯᠠᠭᠤ ᠵᠢᠴᠢ ᠣᠷᠴᠢᠨ ᠳᠣᠭᠤᠷᠢᠨ ᠤ ᠡᠪᠡᠰᠣ ᠣᠷᠭᠤᠮᠠᠯ᠂ ᠬᠠᠳᠠ ᠴᠢᠯᠠᠭᠤ᠂ ᠬᠦᠷᠦᠰᠣ ᠰᠢᠷᠦᠢ ᠶᠢ ᠳᠣᠷ᠎ᠠ ᠪᠠᠷ ᠣᠷᠣᠯᠳᠣᠨ ᠬᠦᠨᠳᠡᠵᠣ ᠪᠣᠯᠬᠤ ᠦᠭᠡᠢ ᠭᠡᠵᠤ ᠦᠶ᠎ᠡ ᠶᠢᠨ ᠦᠶ᠎ᠡ᠂ ᠦᠷ᠎ᠡ ᠭᠡᠣᠭᠡᠳ ᠲᠡᠭᠡᠨ ᠰᠣᠷᠭᠠᠨ ᠵᠠᠬᠢᠵᠤ᠂ ᠣᠷᠴᠢᠨ ᠪᠠᠶᠢᠭᠠᠯᠢ ᠪᠠᠨ ᠬᠠᠮᠠᠭᠠᠯᠠᠭᠰᠠᠭᠠᠷ ᠢᠷᠡᠵᠡᠢ᠃      ᠡᠨᠡ ᠠᠯᠳᠠᠨ ᠳᠡᠪᠰᠢ ᠶᠢᠨ ᠦᠢᠷᠠᠬᠠᠨ ᠪᠠᠰᠠ ᠨᠢᠭᠡ ᠴᠢᠯᠠᠭᠤᠨ ᠳᠡᠭᠡᠷᠮ᠎ᠡ ᠠᠳᠠᠯᠢ ᠴᠢᠯᠠᠭᠤ ᠶᠢ ᠴᠢᠩᠭᠢᠰ ᠤᠨ ᠳᠡᠭᠡᠷᠮ᠎ᠡ ᠭᠡᠵᠤ᠂ ᠮᠣᠷᠢᠨ ᠱᠣᠩ ᠠᠳᠠᠯᠢ ᠬᠦᠮᠦᠨ ᠠᠴᠠ ᠦᠨᠳᠦᠷ ᠴᠢᠯᠠᠭᠤᠨ ᠪᠠᠭᠠᠨ᠎ᠠ ᠶᠢ ᠴᠢᠩᠭᠢᠰ ᠤᠨ ᠭᠠᠷᠵᠠ ᠶᠢᠨ ᠭᠡᠪᠳᠡᠷᠢ ᠭᠡᠵᠤ ᠳᠣᠰ ᠳᠣᠰ ᠨᠡᠷᠡᠯᠡᠨ᠂ ᠬᠦᠨᠳᠦᠳᠭᠡᠨ ᠰᠢᠳᠣᠵᠣ ᠡᠳᠦᠭᠡ ᠪᠣᠯᠣᠭᠰᠠᠨ ᠪᠠᠶᠢᠨ᠎ᠠ᠃ ᠡᠳᠡᠭᠡᠷ ᠤᠨ ᠳᠣᠬᠠᠢ ᠴᠦᠮ ᠠᠰ ᠠᠰᠳᠠᠭᠠᠨ ᠳᠣᠮᠤᠭ ᠶᠠᠷᠢᠶ᠎ᠠ ᠪᠠᠶᠢᠳᠠᠭ ᠢ ᠡ᠊ᠨᠳᠡ ᠳᠣᠪᠴᠢᠯᠠᠶ᠎ᠠ᠃     ︵ᠭᠤᠷᠪᠠ︶ ᠠᠳᠢᠱᠠ ᠠᠷᠬᠤᠳ ᠪᠠ ᠮᠠᠷᠮᠢᠨᠽᠠᠳ      ᠠᠯᠠᠭ ᠠᠭᠤᠯᠠ ᠶᠢᠨ ᠮᠠᠷᠮᠢᠨᠽᠠᠳ ᠪᠤᠯ ᠣᠣᠯ ᠳᠠᠭᠠᠨ ᠠᠯᠠᠱᠠ ᠶᠢᠨ ᠬᠠᠷᠢᠶᠠᠨ  ᠳᠤ ᠪᠠᠶᠢᠭᠰᠠᠨ ᠭᠠᠵᠠᠷ ᠪᠣᠯᠣᠨ᠎ᠠ᠂ ᠳᠠᠯᠠᠢ ᠶᠢᠨ ᠳᠦᠪᠰᠢᠨ ᠠᠴᠠ 3616 ᠮᠧᠲᠷ ᠡᠷᠬᠦᠭᠳᠡᠵᠣ ᠪᠣᠢ᠂ ᠣᠳᠣ ᠶᠢᠨ ᠭᠠᠨᠰᠣ ᠮᠣᠵᠢ ᠶᠢᠨ ᠵᠠᠩ ᠶᠧ ᠬᠤᠳᠠ ᠶᠢᠨ ᠬᠠᠷᠢᠶᠠᠨ ᠪᠦᠬᠦᠢ ᠠᠯᠠᠭ ᠠᠭᠤᠯᠠᠨ ᠤ ᠳᠣᠮᠳᠠ ᠰᠢᠬᠠᠮ ᠪᠠᠶᠢᠭ᠎ᠠ ᠬᠠᠳᠠᠨ ᠠᠭᠤᠢ ᠶᠢᠨ ᠰᠦᠮ᠎ᠡ ᠪᠣᠯᠣᠨ᠎ᠠ᠃ ᠵᠢᠯ ᠪᠦᠷᠢ ᠶᠢᠨ ᠪᠢᠯᠢᠭ ᠤᠨ ᠣᠯᠠᠷᠢᠯ ᠤᠨ ᠵᠢᠷᠭᠤᠭᠠᠨ ᠰᠠᠷ᠎ᠠ ᠶᠢᠨ ᠠᠷᠪᠠᠨ ᠳᠠᠪᠣᠨ ᠳᠤ ᠬᠤᠷᠠᠯ ᠬᠤᠷᠠᠵᠣ ᠳᠠᠬᠢᠳᠠᠭ᠃ ᠡᠨᠡ ᠠᠭᠤᠢ ᠨᠢ ᠳᠠᠯᠠᠢ ᠶᠢᠨ ᠳᠦᠪᠰᠢᠨ ᠠᠴᠠ ᠬᠤᠶᠠᠷ ᠮᠢᠩᠭ᠎ᠠ ᠭᠠᠷᠦᠢ ᠮᠧᠲᠷ ᠡᠷᠬᠦᠭᠳᠡᠵᠣ ᠪᠠᠶᠢᠭ᠎ᠠ ᠪᠣᠯᠬᠤᠷ᠂ ᠡᠪᠣᠯ ᠤᠨ ᠴᠠᠭ ᠲᠤ ᠭᠠᠷᠬᠤ ᠳᠤ ᠮᠠᠰᠢ ᠰᠦᠷ ᠲᠠᠢ ᠪᠠᠶᠢᠵᠤ᠂ ᠨᠠᠰᠣ ᠠᠬᠢᠭᠰᠠᠨ᠂ ᠰᠦᠷ ᠡᠪᠡᠳᠴᠢᠨ ᠲᠠᠢ ᠬᠦᠮᠦᠰ ᠮᠠᠰᠢ ᠳᠦᠬᠦᠮ ᠦᠭᠡᠢ ᠪᠠᠶᠢᠳᠠᠭ ᠪᠢᠯᠡ᠃ ᠪᠠᠰᠠ ᠭᠡᠯᠡᠬᠦ ᠳᠤ ᠡᠪᠤᠯ ᠳᠡᠭᠡᠨ ᠴᠠᠰᠣ ᠮᠦᠰᠣ ᠶᠡᠭᠡᠳᠡᠢ᠂ ᠵᠠᠮ ᠵᠠᠷᠤᠬ᠎ᠠ ᠳᠦᠬᠦᠮ ᠦᠭᠡᠢ ᠶᠢᠨ ᠣᠴᠢᠷ᠂ ᠢᠷᠡᠵᠣ ᠣᠴᠢᠬᠤ ᠳᠤ ᠦᠨᠡᠨᠬᠦ ᠬᠦᠴᠢᠷ ᠪᠣᠢ᠃      ᠣᠳᠣ ᠡᠨᠡᠬᠦ ᠠᠭᠤᠢ ᠶᠢ ᠵᠠᠩ ᠶᠧ ᠶᠢᠨ ᠮᠡᠳᠡᠯ ᠳᠤ ᠪᠦᠬᠦᠢ ᠮᠤᠩᠭᠤᠯᠴᠣᠳ ᠡᠵᠡᠨ ᠮᠡᠳᠡᠵᠣ ᠳᠠᠬᠢᠯᠭ᠎ᠠ ᠶᠢᠨ ᠦᠢᠯᠡ ᠶᠢ ᠶᠠᠪᠤᠭᠤᠯᠵᠤ᠂ ᠬᠤᠯᠠ ᠦᠢᠷ᠎ᠠ ᠶᠢᠨ ᠮᠦᠷᠬᠦᠯᠴᠢᠳ ᠬᠦᠷᠦᠯᠴᠡᠨ ᠢᠷᠡᠵᠣ ᠮᠦᠷᠬᠦᠯ ᠤᠨ ᠦᠢᠯᠡ ᠬᠢᠳᠡᠭ ᠪᠢᠯᠡ᠃ ᠪᠠᠰᠠ ᠭᠡᠯᠡᠬᠦ ᠨᠢ ᠡᠨᠡᠬᠦ ᠮᠠᠷᠮᠢᠨᠽᠠᠳ ᠭᠡᠮᠡᠬᠦ ᠠᠭᠤᠢ ᠳᠤ ᠵᠢᠯ ᠳᠠᠷᠠᠭᠠᠯᠠᠨ ᠭᠤᠷᠪᠠᠨ ᠵᠢᠯ ᠮᠦᠷᠬᠦᠯ ᠤᠨ ᠦᠢᠯᠡ ᠬᠦᠢᠴᠡᠳᠭᠡᠪᠡᠰᠣ ᠣᠶᠣᠨ ᠴᠢᠳᠠᠯ ᠨᠡᠮᠡᠭᠳᠡᠵᠣ ᠴᠢᠳᠠᠳᠠᠭ ᠶᠤᠮ ᠭᠡᠨ᠎ᠡ᠃      ︵ᠳᠦᠷᠪᠡ︶ ᠮᠠᠷᠮᠢᠨᠽᠠᠳ ᠤᠨ ᠳᠣᠬᠠᠢ ᠳᠣᠮᠤᠭ᠄      ᠡᠷᠳᠡ ᠣᠷᠢᠳᠣ ᠶᠢᠨ ᠴᠠᠭ ᠲᠤ᠂ ᠠᠯᠠᠭ ᠠᠭᠤᠯᠠ ᠶᠢᠨ ᠳᠣᠮᠳᠠ ᠰᠢᠬᠠᠮ ᠳᠤ ᠨᠢᠭᠡ ᠠᠭᠤᠢ ᠪᠠᠶᠢᠵᠡᠢ᠃ ᠨᠢᠭᠡᠨ ᠡᠳᠣᠷ ᠡᠨᠡ ᠠᠭᠤᠢ ᠳᠤ ᠨᠢᠭᠡ ᠪᠠᠳᠢᠷᠴᠢᠨ ᠯᠠᠮᠠ ᠢᠷᠡᠵᠣ ᠳᠠᠶᠠᠩ ᠬᠢᠵᠣ ᠰᠠᠭᠤᠵᠡᠢ᠃ ᠳᠡᠷᠡ ᠳᠠᠶᠠᠩᠴᠢ ᠯᠠᠮᠠ ᠶᠠᠷᠨᠠᠢ ᠬᠢᠭᠡᠳ ᠵᠠᠭᠤᠭᠠᠳ ᠡᠳᠣᠷ ᠪᠣᠯᠬᠤ ᠲᠠᠢ ᠵᠡᠷᠭᠡ ᠨᠢᠭᠡ ᠡᠳᠣᠷ ᠡᠨᠡ ᠠᠭᠤᠢ ᠪᠠᠶᠢᠭ᠎ᠠ ᠭᠠᠵᠠᠷ ᠠᠴᠠ ᠭᠡᠷᠡᠯ ᠭᠠᠷᠴᠣ ᠪᠦᠬᠦ ᠠᠭᠤᠯᠠ ᠶᠢ ᠭᠡᠷᠡᠯᠳᠦᠬᠦᠯᠵᠣ ᠬᠠᠷᠠᠭᠳᠠᠵᠣ ᠭᠡᠨ᠎ᠡ᠂ ᠦᠵᠡᠭᠰᠡᠨ ᠬᠦᠮᠦᠰ᠂ ᠡᠨᠡ ᠴᠢᠨᠢ ᠶᠠᠭᠤ ᠪᠤᠯᠵᠤ ᠪᠠᠶᠢᠨ᠎ᠠ ᠪᠤᠢ᠂ ᠨᠦᠬᠦᠭᠡ ᠯᠠᠮᠠ ᠠᠷᠡᠢ ᠭᠠᠯ ᠠᠯᠳᠠᠵᠣ ᠳᠦᠯᠡᠭᠳᠡᠵᠣ ᠪᠠᠶᠢᠭ᠎ᠠ ᠶᠤᠮ ᠪᠢᠰᠢ ᠪᠠ ᠭᠡᠳ ᠨᠢᠭᠡ ᠬᠦᠮᠦᠨ ᠶᠠᠪᠤᠵᠤ ᠦᠵᠡᠬᠦ ᠪᠠᠷ ᠣᠴᠢᠵᠣ ᠭᠡᠨ᠎ᠡ᠃ ᠳᠡᠷᠡ ᠬᠦᠮᠦᠨ ᠶᠠᠪᠤᠭᠠᠳ ᠪᠠᠶᠢᠵᠤ᠂ ᠶᠡᠷᠤᠨᠢ ᠬᠦᠷᠴᠣ ᠦᠭᠬᠦ ᠦᠭᠡᠢ ᠪᠠᠶᠢᠭᠠᠳ ᠯᠠ ᠪᠠᠶᠢᠵᠡᠢ᠃ ᠠ ᠰᠣᠨᠢᠨ ᠶᠤᠮ ᠳ᠋ᠠ᠂ ᠣᠷᠢᠳᠣ ᠳᠠᠭᠠᠨ ᠡᠳᠦᠢ ᠳᠡᠳᠦᠢ ᠦᠭᠡᠢ ᠶᠠᠪᠤᠭᠠᠳ ᠯᠠ ᠬᠦᠷᠳᠡᠭ ᠭᠠᠵᠠᠷ ᠪᠢᠯᠡ᠂ ᠡᠨᠡ ᠴᠢᠨᠢ ᠶᠠᠭᠠᠬᠢᠴᠢᠭᠰᠠᠨ ᠶᠤᠮ ᠪᠤᠢ ᠭᠡᠵᠤ ᠶᠡᠭᠡ ᠭᠠᠶᠢᠬᠠᠵᠡᠢ᠃ ᠳᠡᠭᠡᠭᠡᠳ ᠳᠡᠷᠡ ᠠᠭᠤᠢ ᠣᠷᠣᠭᠤ ᠬᠠᠷᠠᠵᠣ ᠦᠵᠡᠬᠦᠯ᠎ᠡ᠂ ᠨᠦᠬᠦᠭᠡ ᠳᠠᠶᠠᠩᠴᠢ ᠯᠠᠮᠠ ᠬᠠᠷᠢᠨ ᠠᠭᠤᠯᠠ ᠶᠢᠨ ᠣᠷᠦᠢ ᠰᠢᠬᠠᠮ ᠳᠤ ᠭᠡᠢ ᠳᠡᠭᠳᠡᠵᠣ᠂ ᠪᠦᠬᠦ ᠪᠡᠶ᠎ᠡ ᠠᠴᠠ ᠨᠢ ᠭᠡᠷᠡᠯ ᠰᠠᠴᠣᠭᠳᠠᠵᠣ᠂ ᠠᠭᠤᠯᠠ ᠭᠠᠵᠠᠷ ᠢ ᠭᠡᠷᠡᠯᠳᠦᠬᠦᠯᠵᠣ ᠪᠠᠶᠢᠨ᠎ᠠ ᠭᠡᠨ᠎ᠡ᠃ ᠳᠡᠭᠡᠭᠡᠳ ᠳᠡᠷᠡ ᠯᠠᠮᠠ᠄ ︽ᠳᠠᠨᠠᠷ ᠵᠢᠯ ᠪᠦᠷᠢ ᠮᠠᠷᠮᠢ ᠪᠠᠷ ᠵᠠᠳ ᠳᠠᠯᠪᠢ︾ ᠭᠡᠵᠤ ᠭᠡᠯᠡᠵᠤ ᠪᠠᠶᠢᠨ᠎ᠠ ᠭᠡᠨ᠎ᠡ᠃ ᠣᠴᠢᠭᠰᠠᠨ ᠬᠦᠮᠦᠨ ᠰᠣᠴᠢᠰᠬᠢᠵᠣ᠂ ᠡᠨᠡ ᠯᠠᠮᠠ ᠴᠢᠨᠢ ᠳᠡᠷᠡ ᠪᠡᠶ᠎ᠡ ᠪᠠᠷ ᠢᠶᠠᠨ ᠪᠣᠷᠬᠠᠨ ᠬᠤᠪᠢᠯᠭᠠᠨ ᠪᠠᠶᠢᠭᠰᠠᠨ ᠶᠤᠮ ᠪᠠᠶᠢᠨ᠎ᠠ ᠭᠡᠳ᠂ ᠳᠡᠷᠡ ᠳᠣᠣᠷ᠎ᠠ ᠪᠠᠨ ᠬᠠᠷᠢᠵᠤ ᠬᠠᠵᠠᠭᠤ ᠰᠠᠭᠠᠬᠠᠯᠳᠠ ᠳᠠᠭᠠᠨ ᠭᠡᠯᠡ ᠣᠯᠠ ᠳᠠᠮᠵᠢᠭᠤᠯᠤᠨ᠂ ᠰᠦᠵᠢᠭᠳᠡᠨ ᠣᠯᠠᠨ ᠪᠦᠬᠦᠳᠡᠭᠡᠷ ᠳᠡᠷᠡ ᠠᠭᠤᠢ ᠦᠭᠡᠳᠡ ᠶᠠᠪᠤᠵᠤ᠂ ᠳᠠᠷᠠ ᠳᠠᠶᠠᠩᠴᠢ ᠯᠠᠮᠠ ᠶᠢ ᠵᠠᠯᠠᠵᠤ ᠨᠣᠮ ᠦᠢᠯᠡᠳᠦᠬᠦᠯᠬᠦ ᠪᠠᠷ ᠣᠴᠢᠵᠡᠢ᠃ ᠣᠴᠢᠭᠰᠠᠨ ᠴᠢᠨᠢ ᠳᠠᠶᠠᠩᠴᠢ ᠯᠠᠮᠠ ᠠᠯᠠᠭ᠎ᠠ ᠭᠡᠨ᠎ᠡ᠃ ᠳᠡᠭᠡᠭᠡᠳ ᠡᠨᠡ ᠠᠭᠤᠢ ᠶᠢ ᠳᠣᠭᠠᠩ ᠪᠣᠯᠭᠠᠵᠣ᠂ ᠵᠢᠯ ᠵᠢᠯ ᠵᠠᠳ ᠪᠠᠷᠢᠨ ᠳᠠᠬᠢᠭᠠᠳ ᠣᠳᠣ ᠪᠣᠯᠣᠭᠰᠠᠨ ᠭᠡᠳᠡᠭ᠃ ᠡᠨᠡ ᠠᠭᠤᠢ ᠶᠢ ᠴᠦ ︽ᠮᠠᠷᠮᠢᠨᠽᠠᠳ︾ ᠭᠡᠵᠤ ᠨᠡᠷᠡᠯᠡᠭᠡᠳ ᠣᠳᠣ ᠪᠣᠯᠵᠡᠢ᠃ ᠳᠡᠷᠡ ᠳᠠᠶᠠᠩᠴᠢ ᠯᠠᠮᠠ ᠨᠢ ᠬᠠᠷᠢᠨ ᠵᠣᠪᠣᠣ ᠠᠳᠢᠱᠠ ᠰᠢᠳᠦᠭᠡᠨ ︵ᠠᠷᠬᠠᠳ︶ ᠪᠠᠶᠢᠭᠰᠠᠨ ᠪᠠᠶᠢᠵᠡᠢ᠃ ︵ᠦᠷᠬᠦᠯᠵᠢᠯᠡᠯ ᠪᠣᠢ︶      ︽ᠠᠯᠠᠱᠠ ᠶᠢᠨ ᠳᠠᠬᠢᠯᠭᠠᠳᠣ ᠨᠣᠳᠤᠭ ᠣᠰᠣ ᠪᠠ ᠮᠣᠩᠭᠤᠯᠴᠣᠳ ᠤᠨ ᠣᠯᠠᠮᠵᠢᠯᠠᠯᠳᠣ ᠠᠮᠢ ᠠᠬᠤᠢ ᠶᠢᠨ ᠬᠠᠮᠠᠭᠠᠯᠠᠯᠳᠠ ᠶᠢᠨ ᠵᠠᠩᠰᠢᠯ︾ ᠭᠡᠬᠦ ᠨᠤᠮ ᠠᠴᠠ ᠠᠪᠤᠪᠠ
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号