ᠮᠤᠩᠭᠤᠯ ᠤᠨ ᠠᠩᠬᠠᠨ ᠤ ᠭᠤᠷᠪᠠᠨ ᠲᠤᠷᠠᠰᠬᠠᠯᠳᠤ ᠪᠢᠴᠢᠭ
ᠨᠡᠶᠢᠲᠡᠯᠡᠭᠰᠡᠨ ᠴᠠᠭ᠄
2019/6/4
     ︽ᠴᠢᠩᠭᠢᠰ ᠬᠠᠭᠠᠨ ᠤ ᠴᠢᠯᠠᠭᠤᠨ ᠪᠢᠴᠢᠭ︾      ᠡᠨᠡ ᠪᠤᠯ ᠴᠢᠩᠭᠢᠰ ᠬᠠᠭᠠᠨ 1225 ᠤᠨ ᠳᠤ ᠲᠦᠪ ᠠᠽᠢᠶ᠎ᠠ ᠶᠢᠨ ᠰᠠᠷᠳᠠᠭᠤᠯ ᠤᠯᠤᠰ ᠢ ᠲᠠᠶᠢᠯᠵᠤ ᠪᠤᠬ᠎ᠠ ᠰᠤᠴᠠᠭᠠᠢ ᠭᠡᠳᠡᠭ ᠭᠠᠵᠠᠷ ᠭᠢᠭᠰᠡᠨ ᠶᠡᠭᠡ ᠨᠠᠶᠢᠷ ᠤᠨ ᠴᠤᠭᠯᠠᠭᠠᠨ ᠲᠡᠭᠡᠷ᠎ᠡ ᠬᠠᠰᠠᠷ ᠤᠨ ᠭᠦᠪᠡᠭᠦᠨ ᠶᠢᠰᠦᠩᠭᠡ ᠶᠢᠨ 335 ᠠᠯᠳᠠ ᠭᠠᠵᠠᠷ ᠬᠠᠷᠪᠤᠭᠰᠠᠨ ᠲᠤᠷᠠᠰᠬᠠᠯ ᠳᠤ ᠪᠤᠰᠬᠠᠭᠰᠠᠨ ᠭᠦᠰᠢᠶᠡᠨ ᠤ ᠪᠢᠴᠢᠭᠡᠰᠤ ᠪᠤᠯᠤᠨ᠎ᠠ᠃ ᠡᠭᠦᠨ ᠢ 19 ᠳ᠋ᠤᠭᠡᠷ ᠵᠠᠭᠤᠨ ᠤ ᠦᠶ᠎ᠡ ᠳᠤ ᠤᠨᠤᠨ ᠭᠤᠤᠯ ᠤᠨ ᠬᠠᠪᠢ ᠠᠴᠠ ᠤᠯᠤᠭᠠᠳ ᠪᠦᠷᠢᠶᠠᠳ ᠮᠤᠩᠭᠤᠯ ᠤᠨ ᠡᠷᠳᠡᠮᠳᠡᠨ ᠪᠠᠨᠵᠠᠷ ᠤᠨ ᠲᠤᠷᠵᠢ ᠨᠠᠷ ᠤᠩᠰᠢᠨ ᠲᠠᠶᠢᠯᠪᠤᠷᠢᠯᠠᠵᠠᠢ᠃      ︽ᠭᠦᠶᠦᠭ ᠬᠠᠭᠠᠨ ᠤ ᠲᠠᠮᠠᠭ᠎ᠠ ᠶᠢᠨ ᠪᠢᠴᠢᠭ︾      ᠡᠨᠡ ᠪᠤᠯ 1246 ᠤᠨ ᠳᠤ ᠡᠸᠦ᠋ᠷᠦᠫᠠ ᠳ᠋ᠠᠭᠢᠨ ᠤ ᠨᠤᠮ ᠤᠨ ᠬᠠᠭᠠᠨ ᠳᠤ ᠶᠠᠪᠤᠭᠤᠯᠤᠭᠰᠠᠨ ᠪᠢᠴᠢᠭ ᠲᠡᠭᠡᠷ᠎ᠡ ᠲᠠᠷᠤᠭᠰᠠᠨ ᠲᠠᠮᠠᠭ᠎ᠠ ᠶᠢᠨ ᠪᠢᠴᠢᠭ ᠪᠤᠯᠤᠨ᠎ᠠ᠃      ︽ᠮᠦᠩᠭᠡ ᠬᠠᠭᠠᠨ ᠤ ᠭᠦᠰᠢᠶᠡᠨ ᠪᠢᠴᠢᠭ︾      ᠡᠨᠡ ᠪᠤᠯ1257 ᠤᠨ ᠳᠤ ᠪᠤᠰᠬᠠᠭᠰᠠᠨ ᠮᠦᠩᠭᠡ ᠬᠠᠭᠠᠨ ᠤ ᠭᠦᠰᠢᠶᠡᠨ ᠤ ᠪᠢᠴᠢᠭ ᠪᠤᠯᠤᠨ᠎ᠠ᠃ ᠮᠤᠩᠭᠤᠯ ᠭᠢᠳᠠᠳ ᠬᠤᠶᠠᠷ ᠭᠡᠯᠡ ᠪᠠᠷ ᠰᠡᠶᠢᠯᠦᠭᠰᠡᠨ ᠪᠦᠭᠡᠳ ᠭᠢᠳᠠᠳ ᠪᠢᠴᠢᠭᠡᠰᠤ ᠨᠢ ᠮᠤᠩᠭᠤᠯ ᠠᠴᠠ ᠪᠠᠨ ᠲᠡᠯᠭᠡᠷᠡᠩᠭᠦᠢ ᠪᠠᠶᠢᠳᠠᠭ᠃ 1953 ᠤᠨ ᠳᠤ ᠤᠯᠵᠤ ᠠᠪᠤᠭᠰᠠᠨ ᠶᠤᠮ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号