ᠪᠤᠲᠠᠷᠠᠭᠰᠠᠨ ᠦᠬᠡᠯᠡᠤᠠᠴᠤᠤᠨ
ᠨᠡᠶᠢᠲᠡᠯᠡᠭᠰᠡᠨ ᠴᠠᠭ᠄
2019/6/10
     ᠲᠡᠥᠬᠡ ᠬᠡᠳᠡᠭ ᠨᠢ ᠰᠠᠶᠢᠨ ᠮᠠᠭᠤ ᠬᠡᠵᠤ ᠬᠡᠯᠡᠬᠦ ᠠᠴᠠ ᠢᠯᠡᠬᠦᠦ ᠦᠩᠬᠡ ᠨᠢ ᠢᠯᠭᠠᠭᠳᠠᠬᠤ ᠦᠬᠡᠢ ᠪᠦᠷᠬᠦᠭ ᠬᠠᠷᠠᠩᠭᠤᠢ ᠴᠠᠭ ᠤᠯᠠᠨᠲᠠᠢ ᠪᠠᠶᠢᠭᠰᠠᠨ᠂ ᠦᠭᠡᠯᠠᠤᠠᠴᠤᠤᠨ ᠤᠨ ᠤᠯᠠᠨ ᠤᠳᠠᠭ᠎ᠠ ᠨᠡᠬᠦᠳᠡᠯᠯᠡᠭᠰᠡᠨ᠂ ᠵᠡᠬᠦᠨᠭᠠᠷ ᠬᠠᠭᠠᠨᠲᠤ ᠤᠯᠤᠰ ᠤᠨ ᠤᠯᠠᠨ ᠤᠳᠠᠭ᠎ᠠ ᠶᠢᠨ ᠳᠠᠶᠢᠨ ᠪᠠᠶᠢᠯᠳᠤᠭᠠᠨ᠂ ᠮᠦᠨ ᠵᠡᠬᠦᠨᠭᠠᠷ ᠤᠨ ᠮᠠᠨᠵᠤ ᠳᠤ ᠲᠠᠷᠤᠭᠳᠠᠭᠰᠠᠨ᠂ ᠮᠠᠨᠵᠤ ᠴᠢᠩ ᠤᠯᠤᠰ ᠤᠨ ᠲᠠᠷᠬᠠᠭᠠᠨ ᠰᠠᠭᠤᠯᠭᠠᠵᠤ ᠬᠠᠶᠢᠯᠤᠭᠤᠯᠬᠤ ᠲᠦᠷᠦ ᠶᠢᠨ ᠪᠤᠳᠤᠯᠭ᠎ᠠ ᠵᠡᠷᠬᠡ ᠠᠴᠠ ᠪᠤᠯᠵᠤ ᠦᠭᠡᠯᠠᠤᠠᠴᠤᠤᠨ ᠤᠨ ᠤᠳᠤ ᠶᠢᠨ ᠪᠠᠶᠢᠳᠠᠯ ᠢ ᠪᠤᠢ ᠪᠤᠯᠭᠠᠵᠠᠢ᠃            ᠭᠠᠯᠳᠠᠨ ᠬᠠᠭᠠᠨ ᠢ ᠳᠠᠭᠠᠵᠤ᠂ ᠳᠠᠶᠢᠨ ᠳᠤ ᠮᠤᠷᠳᠠᠭᠰᠠᠨ ᠦᠬᠡᠯᠡᠳ᠂ ᠡᠬᠦᠨ ᠳᠤ ᠮᠤᠩᠭᠤᠯ ᠤᠯᠤᠰ ᠤᠨ ᠦᠭᠡᠯᠡᠳ — ᠮᠤᠩᠭᠤᠯ ᠤᠯᠤᠰ ᠤᠨ ᠠᠷᠤᠬᠠᠩᠭᠠᠢ ᠠᠶᠢᠮᠠᠭ ᠤᠨ ᠦᠯᠵᠠᠶᠢᠲᠤ ᠰᠤᠮᠤ᠂ ᠬᠤᠪᠲᠤ ᠠᠶᠢᠮᠠᠭ ᠤᠨ ᠡᠷᠳᠡᠨᠢᠪᠦ᠋ᠷᠢᠨ ᠰᠤᠮᠣ᠂ ᠭᠤᠪᠢ ᠠᠯᠲᠠᠢ ᠠᠶᠢᠮᠠᠭ ᠤᠨ ᠰᠢᠷᠭ᠎ᠠ ᠰᠤᠮᠤ ᠪᠤᠶᠤ ᠮᠤᠩᠭᠤᠯ ᠤᠯᠤᠰ ᠤᠨ ᠪᠤᠰᠤᠳ ᠠᠶᠢᠮᠠᠭ ᠤᠷᠤᠨ ᠨᠤᠲᠤᠭ ᠢᠶᠠᠷ ᠤᠪᠤᠨ ᠴᠤᠪᠤᠨ ᠲᠠᠷᠬᠠᠨ ᠰᠠᠭᠤᠵᠤ ᠪᠠᠶᠢᠭ᠎ᠠ ᠦᠬᠡᠯᠡᠳ︔ ᠦᠪᠦᠷ ᠮᠤᠩᠭᠤᠯ ᠤᠨ ᠦᠬᠡᠯᠡᠳ — ᠰᠢᠯᠤᠭᠤᠨ ᠬᠦᠬᠡ ᠬᠤᠰᠢᠭᠤᠨ᠂ ᠰᠢᠯᠤᠭᠤᠨ ᠴᠠᠭᠠᠨ ᠬᠤᠰᠢᠭᠤᠨ ᠤ ᠦᠬᠡᠯᠡᠳ᠂ ᠬᠦᠯᠦᠨ ᠪᠦᠢᠷ ᠤᠨ ᠡᠸ᠋ᠨᠩᠬᠢ ᠬᠤᠰᠢᠭᠤᠨ ᠤ ᠢᠮᠢᠨ ᠰᠤᠮᠤ᠂ ᠠᠯᠠᠱᠠ ᠵᠡᠬᠦᠨ ᠪᠠᠷᠠᠭᠤᠨ ᠬᠤᠰᠢᠭᠤ ᠪᠤᠶᠤ ᠦᠪᠦᠷ ᠮᠤᠩᠭᠤᠯ ᠤᠨ ᠪᠤᠰᠤᠳ ᠨᠤᠲᠤᠭ ᠤᠷᠤᠨ ᠢᠶᠠᠷ ᠮᠠᠰᠢ ᠴᠦᠬᠡᠨ ᠲᠤᠭ᠎ᠠ ᠪᠠᠷ ᠲᠠᠷᠬᠠᠨ ᠰᠠᠭᠤᠵᠤ ᠪᠠᠶᠢᠭ᠎ᠠ ᠦᠬᠡᠯᠡᠳ︔ ᠾᠧᠪᠸᠢ ᠶᠢᠨ ᠴᠧᠩᠳᠧ ᠬᠤᠳ᠋ᠨ ᠶᠢᠨ ᠦᠬᠡᠯᠡᠳ᠂ ᠬᠢᠷᠬᠢᠰᠲ᠋ᠠᠨ ᠤᠯᠤᠰ ᠤᠨ ᠢᠰᠰᠺᠦ᠋ᠯ ᠨᠠᠭᠤᠷ ᠤᠨ ᠬᠦᠪᠡᠬᠡᠨ ᠤ  ᠵᠡᠬᠦᠨ ᠬᠤᠶᠢᠲᠤ ᠦᠨᠴᠦᠭ ᠲᠠᠬᠢ ᠬᠠᠷ᠎ᠠ ᠭᠤᠤᠯ ᠢᠶᠠᠷ ᠤᠷᠤᠰᠢᠨ ᠠᠮᠢᠳᠤᠷᠴᠤ ᠪᠤᠢ ᠦᠬᠡᠯᠡᠳ ᠪᠤᠶᠤ ᠰᠠᠷᠲ ᠬᠠᠯᠢᠮᠠᠭ ᠤᠳ︔ ᠤᠷᠤᠰ ‍ᠤᠨ‌ᠬᠤᠯᠪᠤᠭᠠᠨ ᠤ ᠠᠯᠲᠠᠢ ᠤᠯᠤᠰ ᠬᠢᠬᠡᠳ ᠠᠯᠲᠠᠢ ᠬᠢᠵᠠᠭᠠᠷ ᠤᠷᠤᠨ ᠳᠤ ᠪᠤᠢ ᠦᠷᠯᠦᠭ ᠦᠬᠡᠯᠡᠳ ᠪᠤᠶᠤ ᠲᠡᠯᠡᠩᠬᠦᠳ︔ ᠤᠷᠤᠰ ᠤᠨ ᠬᠤᠯᠪᠤᠭᠠᠨ ᠤ ᠬᠠᠯᠢᠮᠠᠭ ᠤᠯᠤᠰ ᠤᠨ ᠬᠡᠰᠡᠭ ᠵᠡᠬᠦᠨᠭᠠᠷ ᠤᠳ ᠬᠡᠮᠡᠨ ᠬᠡᠯᠡᠵᠤ ᠪᠤᠯᠤᠨ᠎ᠠ᠃            ᠡᠬᠦᠨ ᠠᠴᠠ ᠭᠠᠳᠠᠨ᠎ᠠ᠂ ᠬᠡᠰᠡᠭ ᠵᠡᠬᠦᠨᠭᠠᠷ ᠤᠳ ᠬᠠᠰᠠᠭ ᠲᠤ ᠰᠢᠩᠬᠡᠭᠰᠡᠨ᠂ ᠬᠡᠰᠡᠭ ᠵᠡᠬᠦᠨᠭᠠᠷ ᠤᠳ ᠤᠶᠢᠭᠤᠷ ᠲᠤ ᠰᠢᠩᠬᠡᠭᠰᠡᠨ᠂ ᠦᠪᠦᠷ ᠮᠤᠩᠭᠤᠯ ᠤᠨ ᠤᠷᠳᠤᠰ ᠢᠶᠠᠷ ᠰᠢᠩᠬᠡᠭᠰᠡᠨ ᠦᠭᠡᠯᠠᠤᠠᠴᠤᠤᠨ᠂ ᠪᠤᠰᠤᠳ ᠭᠠᠵᠠᠷ ᠬᠡᠰᠡᠭ ᠪᠤᠰᠠᠭ ᠢᠶᠠᠷ ᠲᠠᠷᠬᠠᠭᠠᠨᠵᠤ ᠦᠬᠡᠢ ᠪᠤᠯᠭᠠᠭᠰᠠᠨ ᠦᠬᠡᠯᠡᠳ ᠁ ᠪᠤᠢ᠃ ᠵᠡᠬᠦᠨᠭᠠᠷ ᠤᠨ ᠲᠦᠪ ᠨᠤᠲᠤᠭ ᠲᠤ ᠬᠤᠴᠤᠷᠠᠭᠰᠠᠨ ᠦᠭᠡᠯᠠᠤᠠᠴᠤᠤᠨ ᠤᠨ ︽ᠮᠤᠩᠭᠤᠯ ᠤᠨ ᠡᠬᠦᠳᠡᠨ ᠪᠤᠯᠭᠠᠨ ᠳᠤ ᠮᠤᠬᠤᠯᠠᠢ ︵ᠭᠡᠷ ᠤᠨ ᠵᠠᠷᠤᠴᠨ ᠬᠡᠬᠦ ᠤᠳᠬ᠎ᠠ ᠪᠦᠬᠦᠢ ᠨᠤᠲᠤᠭ ᠤᠨ ᠬᠡᠯᠡᠯᠬᠡ︶ ᠪᠤᠯᠭᠠᠪᠠ︾ ᠬᠡᠳᠡᠭ ᠦᠬᠡ ᠤᠷᠢᠳᠦᠬᠢ ᠴᠠᠭ ᠤᠨ ᠤᠯᠪᠠᠭ᠎ᠠ ᠶᠢ ᠮᠠᠷᠲᠠᠬᠤ ᠦᠬᠡᠢ ᠡᠪᠦᠬᠡᠳ ᠬᠦᠭᠰᠢᠳ ᠤᠨ ᠠᠮᠨ ᠪᠠᠷ ᠪᠢᠳᠡᠨ ᠳᠤ ᠳᠠᠮᠵᠢᠭᠳᠠᠭᠰᠠᠨ ᠪᠦᠯᠦᠬᠡ᠃      ᠠᠷᠤ ᠦᠪᠦᠷ ᠮᠤᠩᠭᠤᠯ ᠢ ᠮᠠᠨᠵᠤ ᠲᠠᠭᠠᠭᠤᠯᠤᠭᠰᠠᠨ ᠢᠶᠠᠷ ᠴᠢᠩᠬᠢᠰ ᠬᠠᠭᠠᠨ ᠤ ᠠᠯᠲᠠᠨ ᠤᠷᠤᠭᠲᠠᠨ ᠤ ᠲᠦᠷᠦ ᠠᠷᠴᠢᠭᠳᠠᠭᠰᠠᠨ ᠪᠤᠯ᠂ ᠵᠡᠬᠦᠨᠭᠠᠷ ᠢ ᠲᠠᠷᠤᠭᠰᠠᠨ ᠢᠶᠠᠷ ᠮᠠᠨᠵᠤ ᠶᠢᠨ ᠮᠤᠩᠭᠤᠯ ᠢ ᠡᠵᠡᠮᠰᠢᠬᠦ ᠪᠤᠳᠤᠯᠭ᠎ᠠ ᠪᠦᠷᠢᠨ ᠪᠡᠶᠡᠯᠡᠯ ᠢᠶᠠᠨ ᠤᠯᠤᠭᠰᠠᠨ ᠶᠤᠮ᠃ ᠡᠨᠡᠬᠦ ᠴᠠᠭ ᠦᠶ᠎ᠡ ᠶᠢᠨ ᠮᠤᠩᠭᠤᠯ ᠤᠨ ᠲᠡᠥᠬᠡ ᠶᠢ ᠦᠭᠡᠯᠠᠤᠠᠴᠤᠤᠨ ᠢᠶᠠᠷ ᠦᠯᠢᠬᠡᠷᠯᠡᠵᠤ᠂ ᠬᠠᠷᠠᠩᠭᠤᠢ ᠦᠶ᠎ᠡ ᠬᠡᠮᠡᠨ ᠦᠵᠡᠳᠡᠭ ᠰᠤᠳᠤᠯᠤᠭᠠᠴᠢᠳ ᠪᠤᠢ᠃ ︵ᠬᠤᠯᠪᠤᠭ᠎ᠠ ᠰᠦᠯᠵᠢᠶ᠎ᠡ︶  
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号