ᠴᠢᠩᠭᠢᠰ ᠤᠨ ᠠᠯᠳᠠᠨ ᠳᠡᠪᠰᠢ ᠶᠢᠨ ᠳᠣᠮᠤᠭ
ᠨᠡᠶᠢᠲᠡᠯᠡᠭᠰᠡᠨ ᠴᠠᠭ᠄
2019/5/20
     ᠠᠯᠠᠱᠠ ᠪᠠᠷᠠᠭᠤᠨ ᠬᠤᠰᠢᠭᠤᠨ ᠤ ᠠᠯᠳᠠᠨᠴᠤᠭ ᠨᠤᠳᠤᠬ ᠤᠨ ᠶᠤᠨᠳᠤᠨᠽᠤᠮᠪᠠ ᠶᠢᠨ ᠪᠤᠯᠤᠳ ᠠᠴᠠ ᠴᠢᠩᠭᠢᠰ ᠤᠨ ᠠᠯᠳᠠᠨ ᠳᠡᠪᠰᠢ ᠶᠢᠨ ᠳᠣᠮᠤᠭ ᠢ ᠪᠢᠳᠠᠨ ᠳᠤ ᠬᠠᠭᠤᠴᠢᠯᠠᠵᠤ᠂ ᠣᠳᠣ ᠶᠢᠨ ᠠᠯᠳᠠᠨ ᠳᠡᠪᠰᠢ ᠳᠤ ᠰᠠᠭᠤᠭ᠎ᠠ ᠮᠤᠩᠭᠤᠯᠴᠣᠳ ᠤᠨ ᠳᠡᠭᠡᠳᠦᠬᠦᠯ ᠤᠨ ᠢᠷᠡᠯ ᠭᠠᠷᠤᠯ ᠤᠨ ᠲᠤᠬᠠᠢ ᠡᠶᠢᠨᠬᠦ ᠶᠠᠷᠢᠵᠤ ᠪᠢᠯᠡ᠃              ᠁ ᠴᠢᠩᠬᠢᠰ ᠤᠨ ᠠᠯᠳᠠᠨ ᠳᠡᠪᠰᠢ ᠶᠢᠨ ᠳᠣᠮᠤᠭ ᠢ ᠮᠠᠨ ᠤ ᠳᠡᠭᠡᠳᠦᠬᠦᠯ ᠠᠴᠠ ᠠᠯᠢ ᠡᠷᠳᠡ ᠠᠴᠠ ᠶᠠᠷᠢᠭᠰᠠᠭᠠᠷ ᠣᠳᠣ ᠪᠤᠯᠵᠡᠢ᠂ 1226 ᠣᠨ ᠤ ᠣᠷᠴᠢᠮ ᠪᠣᠭᠳᠠ ᠴᠢᠩᠬᠢᠰ ᠠᠯᠳᠠᠨ ᠳᠡᠪᠰᠢ ᠪᠠᠷ ᠦᠩᠭᠡᠷᠡᠵᠤ᠂ ᠪᠠᠷᠠᠭᠤᠨ ᠳᠠᠩᠭᠤᠳ ᠢ ᠳᠠᠶᠢᠯᠠᠬᠤ ᠭᠡᠳ ᠡ᠊ᠨᠳᠡ ᠢᠷᠡᠭᠡᠳ ᠴᠡᠷᠢᠭ ᠮᠤᠷᠢ ᠪᠠᠨ ᠠᠮᠠᠷᠠᠭᠠᠯ᠎ᠠ ᠭᠡᠳᠡᠭ᠃ ᠴᠡᠷᠢᠭ ᠮᠤᠷᠢ ᠪᠠᠨ ᠠᠮᠠᠷᠠᠭᠠᠵᠤ ᠬᠤᠶᠢᠰᠢ ᠪᠠᠨ ᠳᠠᠶᠢᠯᠠᠬᠤ ᠭᠡᠬᠦ ᠳᠤ ᠬᠠᠷ᠎ᠠ ᠭᠤᠤᠯ ᠦᠶᠡᠷᠯᠡᠭᠡᠳ ᠭᠠᠳᠣᠯᠬᠤ ᠳᠤ ᠲᠦᠪᠡᠭᠳᠡᠢ ᠪᠤᠯᠵᠤ᠂ ᠳᠠᠶᠢᠨ ᠪᠠᠶᠢᠯᠳᠤᠭᠠᠨ ᠬᠢᠬᠦ ᠳᠤ ᠨᠦᠬᠦᠴᠡᠯ ᠪᠦᠷᠢᠳᠦᠭᠰᠡᠨ ᠦᠭᠡᠢ᠂ ᠲᠡᠷᠡ ᠦᠶ᠎ᠡ ᠳᠤ ᠶᠠᠭ ᠵᠤᠨ ᠤ ᠴᠠᠭ ᠪᠠᠶᠢᠭᠰᠠᠨ᠃ ᠳᠡᠭᠡᠭᠡᠳ ᠬᠠᠷ᠎ᠠ ᠭᠤᠤᠯ ᠬᠦᠯᠳᠠᠵᠤ ᠮᠦᠰᠦᠵᠢᠬᠦ ᠶᠢ ᠬᠦᠯᠢᠶᠡᠭᠡᠳ ᠡ᠊ᠨᠳᠡ ᠠᠮᠠᠷᠠᠵᠤ ᠪᠠᠶᠢᠭᠰᠠᠨ ᠭᠡᠳᠡᠭ᠃ ᠵᠣᠰᠠᠵᠤ ᠪᠠᠶᠢᠬᠤ ᠬᠤᠭᠤᠴᠠᠭᠠᠨ ᠳᠠᠭᠠᠨ ᠠᠩ ᠬᠦᠷᠦᠭᠡ ᠬᠢᠳᠡᠭ ᠪᠠᠶᠢᠵᠡᠢ᠂ ᠡ᠊ᠨᠳᠡ ᠠᠴᠠ ᠪᠠᠷᠠᠭᠤᠨ ᠴᠠᠰᠣᠳᠣ ᠶᠢᠨ ᠴᠢ ᠯᠢᠶᠠᠨ ᠱᠠᠨ ᠤ ᠬᠤᠷᠮᠦᠢ ᠪᠠᠷ ᠶᠠᠪᠤᠵᠤ᠂ ᠬᠦᠷᠴᠣ ᠪᠤᠯᠬᠤ ᠭᠠᠵᠠᠷ ᠢᠶᠠᠷ ᠪᠦᠬᠦᠳᠡ ᠶᠢ ᠶᠠᠪᠤᠵᠤ ᠪᠤᠭᠤ ᠰᠤᠭᠤ ᠨᠠᠮᠨᠠᠨ᠂ ᠠᠩ ᠬᠦᠷᠦᠭᠡ ᠬᠢᠵᠤ ᠪᠠᠶᠢᠯ᠎ᠠ ᠭᠡᠵᠤ ᠶᠠᠷᠢᠭᠳᠠᠳᠠᠭ᠃ ᠡᠪᠤᠯ ᠪᠤᠯᠵᠤ ᠭᠠᠵᠠᠷ ᠬᠦᠯᠳᠡᠬᠦ ᠳᠤ  ᠪᠠᠷᠠᠭᠤᠨ ᠰᠢᠶᠠ ᠣᠯᠣᠰ ᠢ ᠳᠠᠶᠢᠯᠠᠬᠤ ᠪᠠᠷ ᠶᠠᠪᠤᠵᠤ᠂ ᠪᠠᠷᠠᠭᠤᠨ ᠰᠢᠶᠠ ᠳᠠᠬᠢ ᠰᠠᠭᠠᠳ ᠤᠨ ᠭᠠᠵᠠᠷ ᠢ ᠡᠵᠡᠯᠡᠵᠡᠢ᠃  ᠠᠯᠳᠠᠨ ᠳᠡᠪᠰᠢ ᠶᠢᠨ ᠣᠷᠦᠢ ᠳᠡᠭᠡᠷ᠎ᠡ ᠴᠢᠩᠭᠢᠰ ᠬᠠᠭᠠᠨ ᠶᠠᠭ ᠠᠯᠳᠠᠨ ᠳᠡᠪᠰᠢ ᠭᠡᠬᠦ ᠴᠢᠯᠠᠭᠤᠨ ᠤ ᠳᠡᠨᠳᠡ ᠳᠡᠭᠷᠢ ᠪᠠᠨ ᠳᠠᠬᠢᠭᠠᠳ ᠳᠠᠶᠢᠨ ᠳᠠᠭᠠᠨ ᠮᠣᠷᠳᠠᠵᠡᠢ᠃ ᠨᠢᠭᠡᠳᠣᠭᠡᠷ ᠣᠳᠠᠭ᠎ᠠ ᠬᠤᠶᠢᠰᠢ ᠪᠠᠨ ᠳᠠᠶᠢᠯᠠᠬᠤ ᠪᠠᠷ ᠶᠠᠪᠤᠬᠤ ᠳᠤ ᠬᠠᠷ᠎ᠠ ᠭᠤᠤᠯ ᠦᠶᠡᠷᠯᠡᠭᠡᠳ ᠭᠤᠤᠯ ᠭᠠᠳᠣᠯᠵᠣ ᠴᠢᠳᠠᠭᠰᠠᠨ ᠦᠭᠡᠢ᠂ ᠠᠯᠳᠠᠨ ᠳᠡᠪᠰᠢ ᠳᠤ ᠪᠣᠴᠠᠵᠤ ᠢᠷᠡᠭᠰᠡᠨ ᠤ ᠳᠠᠷᠠᠭ᠎ᠠ ᠮᠡᠷᠭᠡᠨ ᠵᠢᠷᠤᠬᠠᠢ ᠲᠦᠯᠭᠡᠴᠢ ᠪᠠᠷ ᠦᠵᠡᠬᠦᠯᠦᠭᠰᠡᠨ ᠳᠤ ᠭᠠᠵᠠᠷ ᠬᠦᠨᠳᠡᠭᠳᠡᠵᠤ ᠨᠣᠳᠤᠭ ᠤᠨ ᠰᠠᠬᠢᠭᠤᠰᠣ ᠳᠣᠭᠰᠢᠷᠠᠵᠡᠢ ᠭᠡᠵᠤ ᠭᠡᠨ᠎ᠠ᠃ ᠶᠠᠭ ᠡ᠊ᠨᠳᠡ ᠳᠠᠪᠤᠨ ᠳᠣᠯᠣᠭᠠᠢ ᠶᠢᠨ ᠬᠦᠪᠴᠢ ᠭᠡᠳᠡᠭ ᠭᠠᠵᠠᠷ ᠪᠠᠶᠢᠳᠠᠭ᠂ ᠱᠠᠰᠢᠨ ᠤ ᠳᠠᠯ᠎ᠠ ᠪᠠᠷ ᠬᠡᠯᠡᠪᠡᠯ ᠳᠠᠪᠤᠨ ᠬᠠᠭᠠᠨ ᠰᠢᠭ᠋ ᠳᠠᠪᠤᠨ ᠳᠣᠯᠣᠭᠠᠢ ᠪᠤᠢ᠂ ᠠᠯᠠᠭ ᠠᠭᠤᠯᠠ ᠠᠯᠳᠠᠨ  ᠳᠡᠪᠰᠢ ᠶᠢᠨ ᠭᠤᠤᠯ ᠳᠤ ᠳᠠᠪᠤᠨ ᠳᠣᠯᠣᠭᠠᠢ ᠶᠢᠨ ᠬᠦᠪᠴᠢ ᠶᠢᠨ ᠣᠪᠣᠭ᠎ᠠ ᠭᠡᠵᠤ ᠪᠠᠶᠢᠳᠠᠭ᠃ ᠡᠨᠡ ᠣᠪᠣᠭ᠎ᠠ ᠨᠢ ᠪᠠᠰᠠ ᠳᠠᠬᠢᠯᠭ᠎ᠠ ᠶᠢᠨ ᠣᠪᠣᠭ᠎ᠠ ᠪᠠᠶᠢᠵᠤ᠂ ᠣᠪᠣᠭᠠᠨ ᠤ ᠣᠷᠣᠨ ᠳᠡᠭᠡᠷ᠎ᠡ ᠭᠡᠣᠭᠡᠳ ᠤᠨ ᠨᠠᠭᠠᠳᠣᠮ ᠤᠨ ᠴᠢᠯᠠᠭᠤ ᠪᠠᠶᠢᠭᠰᠠᠨ᠂ ᠡᠶᠢᠮᠤ ᠴᠢᠯᠠᠭᠤ ᠶᠢ ᠴᠡᠷᠢᠭ ᠬᠦᠮᠦᠨ ᠨᠤᠷᠠᠭᠠᠭᠰᠠᠨ ᠶᠤᠮ ᠤᠤ᠂ ᠲᠡᠬᠦᠨ ᠢ ᠬᠦᠯ ᠢᠶᠠᠷ ᠢᠶᠠᠨ ᠵᠢᠭᠠᠬᠠᠨ ᠬᠦᠨᠳᠡᠭᠰᠡᠨ ᠶᠤᠮ ᠤᠤ᠂ ᠳᠡᠭᠡᠭᠡᠳ ᠲᠦᠯᠭᠡᠴᠢ ᠠᠴᠠ ᠳᠠᠪᠣᠨ ᠬᠠᠭᠠᠨ ᠤ ᠭᠠᠵᠠᠷ ᠳᠣᠭᠰᠢᠷᠠᠵᠡᠢ᠂ ᠡᠨᠡ ᠭᠠᠵᠠᠷ ᠢ ᠳᠠᠬᠢᠴᠢᠬᠠᠭᠠᠳ ᠶᠠᠪᠤᠪᠠᠯ ᠰᠠᠶᠢᠨ ᠪᠤᠯᠬᠤ ᠪᠤᠢ ᠭᠡᠵᠡᠢ᠃ ᠶᠠᠭ ᠳᠡᠨᠳᠡ ᠨᠢ ᠳᠦᠷᠪᠡᠯᠵᠢᠨ ᠴᠢᠯᠠᠭᠤ ᠲᠠᠢ᠂ ᠲᠡᠷᠡ ᠴᠢᠯᠠᠭᠤᠨ ᠳᠡᠭᠡᠷ᠎ᠡ ᠴᠢᠩᠭᠢᠰ ᠬᠠᠭᠠᠨ ᠦᠪᠡᠷ ᠢᠶᠠᠨ ᠰᠠᠭᠤᠯ᠎ᠠ ᠭᠡᠵᠤ ᠶᠠᠷᠢᠳᠠᠭ᠂ ᠦᠨᠡᠨ ᠡᠰᠡᠬᠦ ᠶᠢ ᠮᠡᠳᠡᠬᠦ ᠦᠭᠡᠢ᠂ ᠲᠡᠷᠡ ᠪᠤᠯ ᠳᠣᠮᠤᠭ ᠶᠤᠮ ᠰᠢᠣ᠃ ᠰᠠᠭᠤᠭᠰᠠᠨ ᠣᠷᠣᠮ ᠳᠡᠭᠡᠷ᠎ᠡ ᠨᠢ ᠵᠢᠭᠠᠬᠠᠨ ᠣᠪᠣᠭ᠎ᠠ ᠪᠣᠰᠬᠠᠭᠠᠳ ᠣᠪᠣᠭᠠᠨ ᠳᠡᠭᠡᠷ᠎ᠡ ᠨᠢ ᠰᠠᠩ ᠳᠠᠯᠪᠢᠭᠠᠳ ᠪᠠᠷᠠᠭᠤᠨᠰᠢ ᠪᠠᠨ ᠮᠣᠷᠳᠠᠯ᠎ᠠ ᠭᠡᠳᠡᠭ᠃ ᠢᠩᠭᠢᠵᠣ ᠬᠤᠶᠠᠳᠠᠬᠢ ᠣᠳᠠᠭ᠎ᠠ ᠪᠠᠨ ᠮᠣᠷᠳᠠᠵᠣ ᠪᠠᠷᠠᠭᠤᠨ ᠰᠢᠶᠠ ᠶᠢ ᠡᠵᠡᠯᠡᠭᠰᠡᠨ ᠭᠡᠳᠡᠭ᠃ ᠠᠯᠳᠠᠨ ᠳᠡᠪᠰᠢ ᠡᠶᠢᠮᠤ ᠯᠠ ᠳᠣᠮᠤᠭ ᠲᠠᠢ᠂ ᠲᠡᠬᠦᠨ ᠠᠴᠠ ᠬᠤᠶᠢᠰᠢ ᠡᠨᠡ ᠨᠣᠳᠤᠭ ᠲᠤ ᠮᠣᠩᠭᠤᠯ ᠬᠦᠮᠦᠨ ᠲᠡᠶᠢᠮᠤ ᠣᠯᠠᠨ ᠰᠠᠭᠤᠷᠢᠰᠢᠭᠰᠠᠨ ᠦᠭᠡᠢ᠂ ᠳᠡᠷᠡ ᠦᠶ᠎ᠡ ᠳᠤ ᠡᠨᠡ ᠨᠣᠳᠤᠭ ᠶᠡᠭᠡ ᠵᠡᠯᠢᠬᠦᠳ ᠬᠠᠩᠭᠠᠢ᠂ ᠤᠩᠭᠤᠨ ᠨᠣᠳᠤᠭ ᠢᠶᠠᠷ ᠢᠶᠠᠨ ᠪᠠᠶᠢᠭᠰᠠᠨ ᠠᠵᠢ᠃            1902 ᠣᠨ ᠠᠴᠠ 1905 ᠣᠨ ᠤ ᠬᠤᠭᠤᠷᠣᠨᠳᠣ ᠬᠤᠶᠢᠳᠣ ᠬᠠᠯᠬ᠎ᠠ ᠶᠢᠨ ᠪᠠᠷᠠᠭᠤᠨ ᠳᠠᠯ᠎ᠠ ᠶᠢᠨ ᠠᠯᠳᠠᠢ ᠂ ᠭᠤᠪᠢ ᠠᠯᠳᠠᠢ ᠶᠢᠨ ᠤᠯᠠᠨ ᠬᠤᠰᠢᠭᠤ ᠭᠠᠵᠠᠷ ᠠᠴᠠ ᠣᠯᠠᠨ ᠠᠷᠠᠳ ᠨᠡᠬᠦᠵᠤ ᠣᠷᠣᠵᠣ ᠢᠷᠡᠭᠰᠡᠨ ᠭᠡᠳᠡᠭ  ᠃ ᠡᠨᠡ ᠨᠢ ᠶᠠᠭᠤᠨ ᠠᠴᠠ ᠪᠤᠯᠤᠬᠰᠠᠨ ᠪᠤᠢ ᠭᠡᠪᠡᠯ ᠲᠤᠬᠠᠢ ᠶᠢᠨ ᠥᠶ᠎ᠠ ᠳᠤ ᠪᠠᠶᠠᠴᠣᠳ ᠦᠨᠳᠦᠷ ᠬᠦᠣ ᠲᠠᠢ ᠵᠢᠭᠡᠯᠡᠯᠭᠡ ᠬᠢᠵᠤ ᠪᠠᠶᠢᠭᠰᠠᠨ᠂ ᠳᠡᠭᠡᠬᠦ ᠳᠡᠭᠡᠨ ᠪᠠᠶᠠᠨ ᠣᠯᠣᠰ ᠠᠴᠠ ᠲᠡᠷᠡ ᠦᠨᠳᠦᠷ ᠬᠦᠣ ᠲᠠᠢ ᠵᠢᠭᠡᠯᠡᠯᠭᠡ  ᠲᠦᠯᠦᠬᠦᠯᠬᠦ ᠭᠡᠳ ᠭᠠᠶᠢᠯᠢ ᠶᠡᠭᠡ ᠳᠠᠳᠠᠳᠠᠭ ᠪᠠᠶᠢᠭᠰᠠᠨ ᠪᠠᠶᠢᠯ᠎ᠠ᠃  ᠲᠡᠬᠦᠨ ᠠᠴᠠ ᠨᠢ ᠳᠣᠳᠠᠭᠠᠬᠤ ᠭᠡᠳ ᠨᠢᠭᠡ  ᠭᠡᠰᠡᠭ ᠪᠠᠶᠠᠨ ᠬᠦᠮᠦᠰ ᠬᠠᠮᠤᠭ ᠤᠨ ᠲᠡᠷᠢᠬᠦᠨ ᠳᠤ ᠨᠡᠬᠦᠳᠡᠯᠯᠡᠭᠰᠡᠭᠡᠷ ᠪᠠᠶᠢᠵᠤ ᠡ᠊ᠨᠳᠡ ᠢᠷᠡᠭᠰᠡᠨ ᠪᠠᠶᠢᠨ᠎ᠠ᠃ ᠡᠨᠡ ᠬᠦᠮᠦᠰ ᠤᠨ ᠳᠣᠳᠣᠷ᠎ᠠ ᠮᠠᠨ ᠤ ᠪᠣᠭᠤᠷᠣᠯ ᠠᠪᠤ ᠪᠠᠶᠠᠨ ᠪᠠᠮᠪᠤᠷ ᠭᠡᠳᠡᠭ ᠬᠦᠮᠦᠨ ᠪᠠᠰᠠ ᠠᠳᠡ ᠨᠡᠬᠦᠵᠤ ᠢᠷᠡᠭᠰᠡᠨ ᠶᠤᠮ᠂ ᠡᠨᠡ ᠪᠤᠯ ᠪᠣᠳᠠᠳᠠᠢ ᠣᠴᠢᠷ ᠰᠢᠣ᠃ 1902 ᠣᠨ ᠳᠤ᠂ ᠮᠢᠩᠭᠠᠨ ᠳᠡᠮᠡᠭᠡ ᠲᠠᠢ᠂ ᠳᠠᠪᠤᠨ ᠵᠠᠭᠤᠨ ᠰᠠᠷᠯᠤᠭ ᠲᠠᠢ᠂ ᠬᠤᠶᠠᠷ ᠮᠢᠩᠭᠠᠨ ᠬᠤᠨᠢ ᠲᠠᠢ ᠴᠦᠭᠡᠭᠡᠨ ᠭᠡᠳᠣᠨ ᠠᠶᠢᠯ ᠨᠡᠬᠦᠵᠤ ᠢᠷᠡᠭᠰᠡᠨ᠃  ᠲᠡᠷᠡ ᠦᠶ᠎ᠡ ᠳᠤ ᠠᠯᠳᠠᠨ ᠳᠡᠪᠰᠢ ᠳᠤ ᠢᠷᠡᠬᠦ ᠳᠤ᠂ ᠠᠶᠢᠯ ᠠᠮᠢᠳᠠᠨ ᠭᠡᠳ ᠣᠯᠠᠨ ᠪᠠᠶᠢᠬᠤ ᠦᠭᠡᠢ᠂ ᠬᠤᠨᠢ ᠢᠮᠠᠭ᠎ᠠ ᠪᠦᠷ ᠵᠡᠷᠯᠢᠭᠰᠢᠵᠤ᠂ ᠨᠣᠣᠰᠣ ᠨᠢ ᠪᠦᠷ ᠰᠢᠷᠢᠳᠡᠭ ᠪᠠᠶᠢᠭᠰᠠᠨ ᠭᠡᠳᠡᠭ᠃ ᠵᠡᠷᠭᠡᠯᠡᠳᠡᠭᠡ ᠪᠠᠶᠢᠭ᠎ᠠ ᠭᠠᠨᠰᠣ ᠮᠣᠵᠢ ᠶᠢᠨ ᠵᠠᠩ ᠶᠧ᠂ ᠱᠠᠨ ᠳ᠋ᠠᠨ ᠤ ᠬᠢᠳᠠᠳ ᠤᠨ ᠤᠯᠠ ᠮᠦᠷ ᠪᠠᠰᠠ ᠪᠠᠶᠢᠯ᠎ᠠ ᠭᠡᠳᠡᠭ᠂ ᠳᠡᠳᠡᠭᠡᠷ ᠬᠦᠮᠦᠰ ᠤᠨ ᠣᠳᠣᠷ ᠤᠨ ᠬᠠᠰᠢᠶ᠎ᠡ ᠴᠦ ᠪᠠᠶᠢᠭᠰᠠᠨ ︵ᠣᠳᠣ ᠪᠠᠷ ᠭᠡᠯᠡᠪᠡᠯ ᠴᠢᠯᠠᠭᠤᠨ ᠶᠣᠣᠳᠠᠩ︶ ᠭᠡᠵᠤ ᠶᠠᠷᠢᠭᠳᠠᠳᠠᠭ᠃            ᠬᠤᠷᠢᠨ ᠭᠡᠳᠣᠨ ᠵᠢᠯ ᠤᠨ ᠳᠠᠷᠠᠭ᠎ᠠ᠂ ᠮᠤᠩᠭᠤᠯ ᠤᠨ ᠬᠤᠪᠢᠰᠬᠠᠯ ᠤᠨ ᠦᠶ᠎ᠡ ᠪᠠᠷ ︵1930 ᠣᠨ᠂  1931 ᠣᠨ ᠤ ᠦᠶ᠎ᠡ ᠪᠠᠷ︶ ᠪᠠᠰᠠ ᠨᠢᠭᠡ ᠣᠳᠠᠭᠠᠨ ᠤ ᠮᠤᠩᠭᠤᠯ ᠣᠯᠣᠰ ᠤᠨ ᠠᠷᠠᠳ ᠤᠯᠠᠨ ᠤ ᠶᠡᠭᠡ ᠨᠡᠬᠦᠳᠡᠯ ᠪᠤᠯᠵᠡᠢ᠃ ᠳᠡᠳᠡᠭᠡᠷ ᠬᠦᠮᠦᠰ ᠪᠠᠷᠬᠦ᠋ᠯ ᠢᠶᠠᠷ ᠳᠠᠮᠵᠢᠭᠠᠳ ᠦᠵᠦᠮ ᠤᠨ ᠠᠭᠤᠯᠠ ᠪᠠᠷ ᠭᠠᠷᠴᠣ᠂ ᠭᠠᠨᠰᠣ ᠶᠢᠨ ᠰᠦᠪᠸᠢ ᠶᠢᠨ ᠵᠠᠷᠢᠮ ᠭᠠᠵᠠᠷ ᠢᠶᠠᠷ ᠶᠠᠪᠤᠵᠤ᠂ ᠵᠠᠷᠢᠮ ᠨᠢ ᠬᠦᠭᠡᠨᠠᠭᠤᠷ ᠤᠨ ᠬᠦᠪᠡᠭᠡᠨ ᠳᠤ ᠣᠴᠢᠭᠠᠳ ᠳᠠᠬᠢᠨ ᠰᠦᠪᠸᠢ ᠶᠢᠨ ᠮᠠᠼᠦ᠋ᠩᠱᠠᠨ ᠢᠶᠠᠷ ᠳᠠᠮᠵᠢᠨ᠂ ᠢᠩᠭᠢᠵᠣ ᠨᠠᠰᠢ ᠨᠢ ᠶᠠᠪᠤᠭᠰᠠᠭᠠᠷ ᠪᠠᠶᠢᠭᠠᠳ ᠪᠠᠷᠠᠭᠤᠨ ᠴᠠᠰᠣᠳᠣ ᠶᠢᠨ ᠭᠠᠨᠰᠣ ᠶᠢᠨ ᠰᠦᠨᠡᠨ ᠰᠢᠶᠡᠨ ᠤ ᠪᠠᠢ ᠶᠢᠨ ᠱᠠᠨ ᠢᠶᠠᠷ ᠳᠠᠮᠵᠢᠭᠠᠳ ᠠᠯᠠᠭ ᠠᠭᠤᠯᠠ ᠠᠯᠳᠠᠨ ᠳᠡᠪᠰᠢ ᠳᠤ ᠭᠠᠷᠴᠣ ᠢᠷᠡᠭᠰᠡᠨ ᠭᠡᠳᠡᠭ᠃ ᠮᠠᠨ ᠤ ᠨᠣᠳᠤᠭ ᠤᠨ ᠶᠡᠭᠡᠩᠭᠢ ᠬᠦᠮᠦᠨ ᠤ ᠳᠡᠭᠡᠳᠦᠬᠦᠯ ᠨᠢ ᠢᠩᠭᠢᠵᠤ ᠨᠡᠬᠦᠵᠤ ᠡ᠊ᠨᠳᠡ ᠢᠷᠡᠨ  ᠰᠠᠭᠤᠷᠢᠰᠢᠭᠰᠠᠨ ᠪᠠᠶᠢᠨ᠎ᠠ᠃ ᠠᠯᠳᠠᠨᠴᠤᠭ ᠲᠤ ᠭᠤᠤᠯ ᠨᠢ ᠬᠠᠯᠬ᠎ᠠ ᠬᠦᠮᠦᠰ ᠪᠠᠶᠢᠵᠤ᠂ ᠳᠡᠳᠡ ᠡ᠊ᠨᠳᠡ ᠢᠷᠡᠭᠰᠡᠨ ᠠᠴᠠ ᠬᠤᠶᠢᠰᠢ ᠴᠢᠩᠭᠢᠰ ᠤᠨ ᠠᠯᠳᠠᠨ ᠳᠡᠪᠰᠢ ᠶᠢᠨ ᠣᠪᠣᠭ᠎ᠠ ᠶᠢ ᠳᠠᠬᠢᠭᠰᠠᠭᠠᠷ ᠣᠳᠣ ᠪᠣᠯᠣᠭᠰᠠᠨ᠂ ᠡᠨᠡ ᠣᠪᠣᠭ᠎ᠠ ᠶᠢ ᠳᠠᠬᠢᠬᠤ ᠡᠳᠣᠷ ᠨᠢ ᠨᠢᠭᠡᠨᠳᠡ ᠬᠡᠪᠰᠢᠵᠤ᠂ ᠪᠤᠶᠠᠨᠳᠣ ᠰᠠᠷ᠎ᠠ ︵ᠬᠠᠭᠤᠴᠢᠨ ᠤ ᠳᠦᠷᠪᠡᠨ ᠰᠠᠷ᠎ᠠ ᠶᠢᠨ ᠬᠤᠷᠢᠨ ᠭᠤᠷᠪᠠᠨ︶ ᠳᠤ ᠳᠠᠬᠢᠳᠠᠭ᠃ ᠡᠨᠡ ᠨᠣᠳᠤᠭ ᠤᠨ ᠬᠦᠮᠦᠰ ᠴᠢᠩᠭᠢᠰ ᠤᠨ ᠠᠯᠳᠠᠨ ᠳᠡᠪᠰᠢ ᠶᠢᠨ ᠣᠪᠣᠭ᠎ᠠ ᠪᠠᠨ ᠳᠠᠬᠢᠭᠠᠳ ᠨᠢᠭᠡᠨᠳᠡ ᠨᠠᠶᠠ ᠭᠠᠷᠦᠢ ᠵᠢᠯ ᠶᠢ ᠦᠩᠭᠡᠷᠡᠬᠦᠯᠵᠤ ᠢᠷᠡᠭᠰᠡᠨ ᠪᠠᠶᠢᠨ᠎ᠠ᠂ ᠳᠡᠳᠡ ᠣᠳᠣ ᠪᠣᠯᠳᠠᠯ᠎ᠠ ᠠᠯᠳᠠᠨ ᠳᠡᠪᠰᠢ ᠶᠢᠨ ᠰᠣᠶᠣᠯ ᠣᠯᠠᠮᠵᠢᠯᠠᠯ ᠢᠶᠠᠨ ᠣᠷᠬᠢᠭᠳᠠᠯ ᠦᠭᠡᠢ ᠪᠠᠷ ᠣᠯᠠᠮᠵᠢᠯᠠᠭᠰᠠᠭᠠᠷ ᠪᠠᠶᠢᠨ᠎ᠠ ᠁ ᠭᠡᠵᠤ ᠪᠤᠯᠤᠳ ᠭᠤᠸᠠᠢ ᠤᠯᠠᠨ ᠢ ᠤᠴᠢᠷᠯᠠᠵᠤ ᠬᠠᠭᠤᠴᠢ ᠬᠥᠭᠡᠷᠤᠯ᠎ᠠ᠃  
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号