ᠠᠯᠠᠱᠠ ᠮᠤᠩᠭᠤᠯᠴᠤᠳ ᠤᠨ ᠡᠷᠲᠡᠨ ᠤ ᠦᠶ᠎ᠡ ᠶᠢᠨ ᠠᠷᠡᠯᠵᠢᠶ᠎ᠠ ᠮᠠᠶᠢᠮᠠᠢ ᠶᠢᠨ ᠦᠨ᠎ᠡ ᠬᠠᠶᠠᠯᠴᠠᠬᠤ  ᠨᠢᠭᠤᠴᠠ ᠳᠤᠬᠢᠶ᠎ᠠ — ︽ᠬᠤᠷᠤᠭᠤᠴᠢᠯᠠᠬᠤ ᠵᠠᠩᠰᠢᠯ︾
ᠨᠡᠶᠢᠲᠡᠯᠡᠭᠰᠡᠨ ᠴᠠᠭ᠄
2019/4/8
        ᠠᠯᠠᠱᠠ ᠮᠤᠩᠭᠤᠯᠴᠤᠳ ᠤᠨ ᠠᠷᠡᠯᠵᠢᠶ᠎ᠠ ᠮᠠᠶᠢᠮᠠᠢ ᠬᠢᠬᠦ ᠵᠠᠩᠰᠢᠯ ᠨᠢ ᠪᠣᠰᠣᠳ ᠮᠤᠩᠭᠤᠯ ᠬᠤᠰᠢᠭᠤᠳ ᠲᠠᠢ ᠶᠡᠭᠡ ᠲᠦᠯᠦᠪ ᠠᠳᠠᠯᠢ ᠪᠠᠶᠢᠳᠠᠭ᠃ ᠶᠠᠭᠤᠨ ᠤ ᠡᠮᠣᠨ᠎ᠡ ᠮᠠᠯ ᠠᠪᠬᠤ ᠪᠠᠷ ᠢᠷᠡᠭᠰᠡᠨ ᠮᠠᠶᠢᠮᠠᠶᠢᠴᠢᠨ ᠲᠠᠢ ᠬᠦᠬᠦᠷ ᠰᠣᠯᠢᠯᠴᠡᠵᠤ ᠬᠠᠷᠢᠯᠴᠠᠨ ᠠᠮᠣᠷ ᠮᠡᠨᠳᠣ ᠠᠰᠠᠭᠤᠯᠴᠠᠨ ᠲᠠᠮᠠᠬᠢᠯᠠᠭᠰᠡᠨ ᠤ ᠳᠠᠷᠠᠭ᠎ᠠ ᠵᠡᠷᠭᠡᠴᠡᠨ ᠰᠠᠭᠤᠵᠤ ᠴᠠᠢ ᠣᠣᠭᠤᠬᠤ ᠶᠢᠨ ᠬᠤᠭᠤᠷᠦᠨᠳᠤ ᠡᠨᠡ ᠲᠡᠷᠡ ᠡᠯᠳᠡᠪ ᠢ ᠵᠤᠭᠤᠭᠳᠡᠵᠤ ᠰᠠᠭᠤᠳᠠᠭ᠃ ᠬᠡᠪᠡᠴᠤ ᠲᠡᠳᠡ ᠬᠤᠨᠢ ᠮᠠᠯ ᠬᠤᠳᠠᠯᠳᠣᠬᠤ ᠦᠶ᠎ᠡ ᠶᠢᠨ ᠦᠨ᠎ᠡ ᠬᠠᠩᠰᠢ ᠶᠢ ᠢᠯᠡ ᠬᠡᠯᠡᠯᠴᠡᠬᠦ ᠪᠣᠰᠦ᠂ ᠬᠠᠷᠢᠨ ᠬᠠᠨᠴᠤᠢ ᠳᠣᠲᠣᠷ᠎ᠠ ᠪᠤᠶᠤ ᠬᠤᠷᠮᠤᠢ ᠶᠢᠨ ᠲᠤᠭᠤᠤᠷ ᠭᠠᠷ ᠢᠶᠠᠨ ᠤᠷᠣᠭᠤᠯᠤᠨ ᠬᠤᠷᠣᠭᠤ ᠪᠠᠨ ᠠᠳᠬᠤᠯᠴᠡᠨ ᠦᠨ᠎ᠡ ᠬᠠᠶᠠᠯᠴᠠᠳᠠᠭ᠃ ᠭᠠᠷ ᠤᠨ ᠬᠤᠷᠣᠭᠤ ᠪᠠᠨ ᠠᠳᠬᠤᠯᠴᠡᠨ ᠦᠨ᠎ᠡ ᠬᠠᠩᠰᠢ ᠲᠣᠬᠢᠷᠠᠯᠴᠠᠭᠰᠡᠨ ᠤ ᠳᠠᠷᠠᠭ᠎ᠠ ᠬᠤᠨᠢ ᠮᠠᠯ ᠢᠶᠠᠨ ᠬᠤᠳᠠᠯᠳᠤᠵᠤ ᠦᠭᠳᠡᠭ ᠪᠠᠶᠢᠯ᠎ᠠ᠃ ᠲᠡᠳᠡ ᠬᠠᠨᠴᠤᠢ ᠳᠣᠲᠣᠷ᠎ᠠ ᠪᠣᠶᠤ ᠬᠤᠷᠮᠤᠢ ᠶᠢᠨ ᠳᠣᠭᠤᠤᠷ ᠭᠠᠷ ᠢᠶᠠᠨ ᠤᠷᠤᠭᠤᠯᠵᠤ  ᠬᠤᠷᠣᠭᠤ ᠪᠠᠨ ᠠᠳᠬᠤᠯᠴᠡᠨ ᠦᠨ᠎ᠡ ᠬᠡᠯᠡᠯᠴᠡᠬᠦ ᠳᠡᠭᠡᠨ ᠳᠤᠤᠷᠠᠬᠢ ᠮᠡᠳᠤ ᠬᠤᠷᠤᠭᠤᠴᠢᠯᠠᠬᠤ ᠨᠢᠭᠤᠴᠠ ᠳᠣᠬᠢᠶ᠎ᠠ ᠶᠢ ᠬᠡᠷᠡᠭᠯᠡᠳᠡᠭ᠃ ᠳᠠᠷᠦᠢ᠄           ᠨᠢᠭᠡ ᠭᠡᠪᠡᠯ᠄ ᠳᠣᠯᠢᠶᠠᠪᠣᠷ ᠬᠤᠷᠣᠭᠤ ᠶᠢ ᠨᠢ ᠠᠳᠬᠤᠬᠤ︔           ᠬᠤᠶᠠᠷ ᠭᠡᠪᠡᠯ᠄ ᠳᠣᠯᠢᠶᠠᠪᠣᠷ᠂ ᠳᠣᠮᠳᠠ ᠬᠤᠷᠣᠭᠤ ᠶᠢ ᠨᠢ ᠵᠡᠷᠭᠡ ᠳᠤᠨᠢ ᠠᠳᠬᠤᠬᠤ︔           ᠭᠤᠷᠪᠠ ᠭᠡᠪᠡᠯ᠄ ᠳᠣᠯᠢᠶᠠᠪᠣᠷ᠂ ᠳᠣᠮᠳᠠ᠂ ᠢᠳᠡᠮ ᠭᠤᠷᠪᠡᠨ ᠬᠤᠷᠣᠭᠤ ᠵᠢ‌ᠨᠢ ᠬᠠᠮᠲᠣᠷᠠᠭᠤᠯᠵᠤ ᠠᠳᠬᠤᠬᠤ︔     ᠳᠦᠷᠪᠡ ᠭᠡᠪᠡᠯ᠄ ᠳᠣᠯᠢᠶᠠᠪᠣᠷ ᠠᠴᠠ ᠰᠢᠭᠡᠵᠢ ᠬᠤᠷᠣᠭᠤ ᠬᠦᠷᠲᠡᠯᠡᠬᠢ ᠳᠦᠷᠪᠡᠨ ᠬᠤᠷᠣᠭᠤ ᠶᠢ ᠨᠢ ᠪᠦᠭᠦᠳᠡ ᠶᠢ ᠨᠢ ᠠᠳᠬᠤᠬᠤ︔           ᠲᠠᠪᠦ ᠭᠡᠪᠡᠯ᠄ ᠲᠠᠪᠣᠨ ᠬᠤᠷᠣᠭᠤ ᠶᠢ ᠨᠢ ᠪᠦᠭᠦᠳᠡ ᠶᠢ ᠨᠢ ᠠᠳᠬᠤᠬᠤ︔           ᠵᠢᠷᠭᠤᠭ᠎ᠠ ᠭᠡᠪᠡᠯ᠄ ᠠᠯᠠᠭ᠎ᠠ ᠶᠢ ᠨᠢ ᠮᠠᠭᠠᠵᠢᠬᠤ︔           ᠳᠣᠯᠤᠭ᠎ᠠ ᠭᠡᠪᠡᠯ᠄ ᠡᠷᠡᠬᠡᠢ᠂ ᠳᠣᠯᠢᠶᠠᠪᠣᠷ᠂ᠳᠣᠮᠳᠠ ᠭᠤᠷᠪᠡᠨ ᠬᠤᠷᠣᠭᠤ ᠶᠢ ᠨᠢ ᠨᠡᠶᠢᠯᠡᠭᠦᠯᠦᠨ ᠴᠢᠮᠬᠢᠬᠦ︔     ᠨᠠᠢᠮᠠ ᠭᠡᠪᠡᠯ᠄ ᠡᠷᠡᠬᠡᠢ᠂ ᠳᠣᠯᠢᠶᠠᠪᠣᠷ ᠬᠤᠶᠠᠷ ᠬᠤᠷᠣᠭᠤ ᠶᠢ ᠨᠢ ᠭᠠᠳᠠᠭᠰᠢ ᠲᠡᠯᠡᠬᠦ︔           ᠶᠢᠰᠤ ᠭᠡᠪᠡᠯ᠄ ᠳᠣᠯᠢᠶᠠᠪᠣᠷ ᠬᠤᠷᠣᠭᠤ ᠪᠠᠷ ᠢᠶᠠᠨ ᠳᠣᠯᠢᠶᠠᠪᠣᠷ ᠬᠤᠷᠣᠭᠤ ᠶᠢ ᠨᠢ ᠭᠤᠬᠠᠲᠠᠬᠤ︔           ᠠᠷᠪᠠ ᠭᠡᠪᠡᠯ᠄ ᠡᠷᠡᠬᠡᠢ ᠬᠤᠷᠣᠭᠤ ᠶᠢ ᠨᠢ ᠯᠠᠪ ᠠᠳᠬᠤᠬᠤ ᠵᠡᠷᠬᠡ ᠠᠷᠪᠠᠨ ᠵᠦᠢᠯ ᠤᠨ ᠨᠢᠭᠤᠴᠠ ᠳᠣᠬᠢᠶ᠎ᠠ ᠪᠠᠷ ᠦᠨ᠎ᠡ ᠬᠠᠩᠰᠢ ᠪᠠᠨ ᠬᠡᠯᠡᠯᠴᠡᠨ ᠲᠣᠬᠢᠷᠠᠳᠠᠭ ᠶᠤᠮ᠃           ᠠᠯᠠᠱᠠ ᠬᠤᠱᠣᠳᠴᠣᠳ ᠤᠨ ᠳᠣᠮᠳᠠ ᠡᠶᠢᠮᠦᠷᠬᠦ  ︽ᠬᠤᠷᠤᠭᠤᠴᠢᠯᠠᠬᠤ ᠵᠠᠩᠰᠢᠯ︾ ᠰᠠᠶ᠋ᠢᠬᠠᠨ ᠪᠣᠯᠲᠡᠯ᠎ᠠ ᠬᠠᠳᠠᠭᠠᠯᠠᠭᠳᠠᠭᠰᠠᠭᠠᠷ ᠪᠠᠶᠢᠬᠰᠠᠨ ᠶᠤᠮ᠃    
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号