ᠭᠤᠳᠣᠮᠵᠢ ᠶᠢᠨ ᠭᠤᠷᠪᠠᠨ ᠵᠢᠷᠠᠠ ᠤ ᠲᠤᠮᠤᠬ ᠠᠴᠠ ᠤᠴᠢᠷᠯᠠᠬᠤ ᠵᠦᠢᠯ
ᠨᠡᠶᠢᠲᠡᠯᠡᠭᠰᠡᠨ ᠴᠠᠭ᠄
2019/4/2
    ᠭᠤᠳᠣᠮᠵᠢ ᠶᠢᠨ ᠭᠤᠷᠪᠠᠨ ᠵᠢᠷᠠᠨ ᠤ ᠲᠣᠬᠠᠢ ᠠᠷᠠᠣᠨ ᠤᠨ ᠲᠣᠮᠳᠠ ᠷᠢᠳᠢ ᠰᠢᠳᠢ ᠲᠠᠢ᠂ ᠵᠡᠭᠦᠳᠣ ᠵᠡᠷᠭᠡᠯᠭᠡᠨ ᠰᠢᠭ ᠰᠣᠨᠢᠷᠬᠠᠯᠳᠠᠢ ᠲᠣᠮᠤᠭ ᠶᠠᠷᠢᠶ᠎ᠠ ᠪᠠᠶᠢᠳᠠᠭ ᠶᠣᠮ᠃ ᠡᠨ᠋ᠨ ᠲᠣᠬᠠᠢ ᠬᠠᠭᠤᠴᠢᠯᠠᠰᠣᠭᠠᠢ᠃           ᠣᠷᠢᠳᠣ ᠪᠠᠳᠠᠢ ᠶᠢᠨ ᠵᠢᠷᠠᠨ ᠤ ᠡᠯᠠᠰᠣᠨ ᠴᠦᠯ ᠳᠤ ᠨᠣᠳᠤᠭ ᠲᠠᠢ ᠮᠢᠩᠭᠠᠨ ᠲᠡᠮᠡᠭᠡ ᠲᠠᠢ᠂ ᠲᠦᠮᠡᠨ ᠠᠩᠭ᠎ᠠ ︵ᠠᠪᠣᠭᠠᠶᠢᠯᠠᠭ᠎ᠠ︶ ᠣᠨᠣᠭᠠᠨ ᠤ ᠪᠠᠨ ᠲᠡᠮᠡᠭᠡ ᠶᠢ ᠠᠯᠳᠠᠴᠢᠬᠠᠭᠠᠣᠨ ᠮᠦᠷ ᠢ ᠨᠢ ᠮᠤᠰᠬᠢᠵᠤ ᠶᠠᠪᠣᠭᠠᠣᠨ ᠭᠤᠳᠣᠮᠵᠢ ᠶᠢᠨ ᠭᠤᠷᠪᠠᠨ ᠵᠢᠷᠠᠨ ᠢ ᠣᠯᠣᠬᠰᠠᠨ ᠭᠡᠨ᠎ᠠ᠃ ᠣᠷᠢᠳᠣ ᠰᠢᠭᠤᠢ ᠶᠢᠨ ᠪᠠᠭ ᠲᠤ ᠨᠣᠳᠤᠭ ᠲᠠᠢ ᠨᠢᠭᠡ ᠮᠠᠯᠴᠢᠨ ᠮᠠᠠᠵᠥ ᠴᠢᠩ ᠣᠯᠣᠰ ᠤᠨ ᠪᠠᠳᠠᠷᠠᠭᠤᠯᠳᠣ ᠲᠦᠷᠣ ᠶᠢᠨ ᠨᠣᠶᠠᠷᠬᠠᠯ ᠢ ᠡᠰᠡᠷᠭᠦᠴᠡᠭᠰᠠᠨ ᠬᠤᠳᠣᠩᠴᠣᠣᠨ ᠤᠨ ᠪᠣᠰᠣᠯᠭ᠎ᠠ ᠶᠢᠨ ᠴᠡᠷᠢᠭ ᠤᠨ ᠭᠦᠯ ᠠᠴᠠ ᠵᠠᠶᠢᠯᠠᠨ ᠨᠡᠭᠦᠳᠠᠯᠯᠠᠵᠥ ᠭᠤᠳᠣᠮᠵᠢ ᠶᠢᠨ ᠭᠤᠷᠪᠠᠨ ᠵᠢᠷᠠᠨ ᠳᠤ ᠣᠷᠣᠵᠥ ᠪᠠᠶ᠎ᠠ ᠲᠠᠯᠳᠠᠯᠠᠬᠰᠠᠨ ᠭᠡᠨ᠎ᠠ︔ ᠣᠷᠢᠳᠣ ᠨᠢᠭᠡ ᠠᠷᠠᠯᠵᠢᠶᠠᠴᠢᠨ ᠬᠤᠳᠣᠩᠴᠣᠣᠨ ᠤᠨ ᠪᠣᠰᠣᠯᠭ᠎ᠠ ᠶᠢᠨ ᠴᠡᠷᠢᠭ ᠠᠴᠠ ᠲᠣᠳᠠᠭᠠᠵᠥ᠂ ᠡᠳ᠋ ᠭᠦᠷᠦᠩᠭᠡ ᠪᠠᠨ ᠭᠤᠳᠣᠮᠵᠢ ᠶᠢᠨ ᠭᠤᠷᠪᠠᠨ ᠵᠢᠷᠠᠨ ᠳᠤ ᠠᠪᠠᠴᠢᠵᠥ ᠲᠠᠯᠪᠢᠭᠠᠣᠨ ᠮᠠᠠᠳᠣ ᠦᠩᠭᠡᠷᠡᠭᠰᠠᠨ ᠭᠡᠨ᠎ᠠ︔ ᠣᠷᠢᠳᠣ ︽ᠮᠠᠭᠤ ᠬᠤᠢ ᠬᠤᠢ︾ ︵ᠬᠤᠳᠤᠩ ᠤᠨ ᠳᠠᠭᠡᠷᠠᠮ︶ ᠶᠢᠨ ᠦᠶ᠎ᠠ ᠳᠤ ᠭᠤᠳᠣᠮᠵᠢ ᠶᠢᠨ ᠭᠤᠷᠪᠠᠨ ᠵᠢᠷᠠᠨ ᠳᠤ ᠣᠷᠣᠬᠰᠠᠨ ᠠᠶᠢᠯ ᠭᠦᠨᠠᠰᠣ ᠪᠠᠷ ᠲᠠᠰᠣᠷᠠᠵᠥ᠂ ᠮᠠᠯ ᠢᠶᠠᠨ ᠵᠠᠷᠣᠵᠥ ᠢᠳᠡᠭᠰᠡᠭᠡᠷ ᠪᠠᠶᠢᠭᠠᠣᠨ ᠶᠠᠰᠤ ᠨᠢ ᠣᠪᠣᠭ᠎ᠠ ᠪᠣᠯᠣᠬᠰᠠᠨ ᠭᠡᠨ᠎ᠠ︔ ᠭᠤᠳᠣᠮᠵᠢ ᠶᠢᠨ ᠭᠤᠷᠪᠠᠨ ᠵᠢᠷᠠᠨ ᠳᠤ ᠨᠣᠣᠰᠣ ᠨᠣᠯᠣᠣᠷ ᠢᠶᠠᠨ ᠴᠢᠷᠦᠭᠰᠠᠨ ᠬᠤᠨᠢ ᠢᠮᠠᠭ᠎ᠠ ᠰᠦᠷᠦᠭ ᠢᠶᠠᠷ ᠶᠠᠪᠣᠵᠥ ᠪᠠᠶᠢᠳᠠᠭ ᠭᠡᠨ᠎ᠠ︔ ᠭᠤᠳᠣᠮᠵᠢ ᠶᠢᠨ ᠭᠤᠷᠪᠠᠨ ᠵᠢᠷᠠᠨ ᠳᠤ ᠭᠦᠮᠣᠨ ᠬᠠᠰᠭᠢᠷᠣᠬᠰᠠᠨ᠂ ᠨᠣᠬᠠᠢ ᠬᠤᠴᠠᠬᠰᠠᠨ᠂ ᠮᠠᠯ ᠮᠠᠶᠢᠯᠠᠬᠰᠠᠨ᠂ ᠲᠡᠮᠡᠭᠡ ᠪᠤᠶᠢᠯᠠᠬᠰᠠᠨ ᠲᠠᠭᠤᠨ ᠰᠣᠨᠣᠰᠣᠬᠳᠠᠳᠠᠭ ᠭᠡᠨ᠎ᠠ︔ ᠭᠤᠳᠣᠮᠵᠢ ᠶᠢᠨ ᠭᠤᠷᠪᠠᠨ ᠵᠢᠷᠠᠨ ᠢ ᠣᠯᠵᠥ ᠦᠵᠡᠭᠰᠠᠨ ᠭᠦᠮᠣᠨ ᠡᠳᠣᠷ ᠤᠨ ᠣᠳᠣ ᠰᠢᠭ᠋ ᠪᠠᠶᠢᠳᠠᠭ ᠭᠡᠨ᠎ᠠ︔ ᠭᠠᠵᠠᠷ ᠤᠨ ᠭᠡᠪᠴᠢᠶ᠎ᠠ ᠲᠣᠩ ᠪᠠᠭ᠎ᠠ ᠪᠣᠯᠪᠠᠴᠥ ᠭᠦᠮᠣᠨ ᠳᠤ ᠲᠠᠭᠢᠵᠥ ᠣᠯᠳᠠᠳᠠᠭ ᠦᠭᠡᠢ᠂  ᠪᠠᠰᠨ ᠠᠮᠢ ᠨᠠᠰᠣᠨ ᠳᠤ ᠠᠶᠣᠯ ᠲᠠᠢ ᠭᠡᠨ᠎ᠠ︔ ᠰᠢᠷᠠᠬᠴᠢᠨ ᠭᠠᠭ᠋ᠠᠢ ᠵᠢᠯ ︵1959 ᠣᠨ︶ ᠭᠤᠳᠣᠮᠵᠢ ᠶᠢᠨ ᠭᠤᠷᠪᠠᠨ ᠵᠢᠷᠠᠨ ᠢ ᠨᠢᠰᠭᠡᠯ ᠢᠶᠠᠷ ᠣᠯᠵᠥ ᠦᠵᠡᠭᠡᠣᠨ ᠵᠢᠵᠢᠭ ᠣᠯᠠᠭᠠᠨ ᠲᠠᠯᠪᠠᠭ᠎ᠠ ᠴᠣᠪᠣᠷᠠᠭᠤᠯᠣᠨ ᠬᠠᠶᠠᠵᠣ ᠲᠠᠮᠳᠡᠭ ᠪᠣᠯᠭᠠᠵᠥ᠂ ᠲᠠᠷᠠᠭ᠎ᠠ ᠨᠢ ᠲᠣᠰᠬᠠᠢ ᠭᠦᠮᠣᠨ ᠭᠠᠷᠭᠠᠵᠥ ᠲᠡᠮᠡᠭᠡ ᠪᠠᠷ ᠬᠠᠶᠢᠭᠠᠣᠨ ᠣᠯᠣᠬᠰᠠᠨ ᠦᠭᠡᠢ ᠁ ᠭᠡᠭᠦ  ᠮᠠᠳᠣ ᠶᠢᠨ ᠭᠡᠯᠠᠯᠭᠡ ᠣᠨ ᠣᠳᠠᠭᠠᠨ ᠣᠯᠠᠮᠵᠢᠯᠠᠨ ᠶᠠᠷᠢᠬᠳᠠᠬᠰᠠᠭᠠᠷ ᠬᠠᠭᠤᠴᠢᠨ ᠵᠣᠭᠤᠭ ᠪᠣᠯᠵᠥ᠂ ᠪᠠᠳᠠᠢ ᠶᠢᠨ ᠵᠢᠷᠠᠨ ᠤ ᠭᠠᠶᠢᠬᠠᠮᠰᠢᠬᠳᠣ ᠬᠠᠴᠢᠨ ᠣᠨᠢᠰᠤᠭ᠎ᠠ ᠲᠠᠭᠠᠪᠣᠷᠢ ᠪᠣᠯᠵᠠᠢ᠃           ᠡᠨ᠋ᠨ ᠨᠢ ᠣᠳᠣ ᠭᠦᠮᠣᠰ ᠤᠨ ᠠᠩᠬᠠᠷᠣᠯ ᠢ ᠲᠠᠳᠠᠬᠰᠠᠨ ᠬᠠᠴᠢᠨ ᠰᠣᠨᠣᠰᠣᠭᠤᠷᠢ ᠲᠠᠢ ᠲᠣᠮᠤᠭ ᠶᠠᠷᠢᠶ᠎ᠠ ᠪᠣᠯᠣᠬᠰᠠᠨ ᠪᠠᠶᠢᠭ᠎ᠠ᠃ ᠡᠨ᠋ᠨ ᠰᠣᠨᠢᠷᠬᠠᠯ ᠲᠠᠢ ᠲᠣᠮᠤᠭ ᠤᠨ ᠲᠣᠬᠠᠢ ᠮᠢᠨᠣ ᠭᠡᠯᠡᠭᠦ ᠵᠦᠢᠯ ᠭᠡᠪᠠᠯ᠄           ᠮᠠᠨ ᠤ ᠡᠪᠦᠭᠡ ᠲᠡᠭᠡᠳᠣᠰ᠂ ᠨᠣᠳᠤᠭ ᠤᠨ ᠲᠣᠮᠣᠭᠠᠳᠠᠨ ᠦᠶ᠎ᠠ ᠣᠯᠠᠮᠵᠢᠯᠠᠨ ︽ᠲᠠᠮᠣᠷ ᠲᠦᠷᠦᠭᠡ ᠶᠢ ᠰᠡᠳᠠᠷᠠᠳᠠᠯ᠎ᠠ᠂ ᠲᠦᠷᠦᠭᠰᠠᠨ ᠪᠠᠶ᠎ᠠ ᠪᠠᠨ ᠦᠳᠠᠯᠳᠠᠯ᠎ᠠ︾ ᠭᠤᠳᠣᠮᠵᠢ ᠶᠢᠨ ᠵᠢᠷᠠᠨ ᠤ ᠲᠣᠬᠠᠢ ᠶᠠᠷᠢᠭᠠᠣᠨ ᠪᠠᠶᠢᠬᠰᠠᠨ ᠠᠴᠠ ᠪᠢᠰᠢ᠂ ᠬᠠᠶᠢᠵᠥ ᠣᠯᠣᠬᠰᠠᠨ ᠭᠦᠮᠣᠨ ᠶᠠᠷᠣ ᠪᠠᠶᠢᠬᠤ ᠦᠭᠡᠢ᠃ ᠰᠢᠷᠠᠬᠴᠢᠨ ᠦᠭᠡᠷ ᠵᠢᠯ ︵1949 ᠣᠨ︶ ᠤᠨ ᠣᠶᠢᠮᠠᠭᠡᠨ ᠳᠤ ᠭᠤᠷᠣᠨᠠᠢ ᠭᠤᠣᠯ ᠤᠨ ᠠᠳᠠᠭ ᠢᠶᠠᠷ ᠦᠶ᠎ᠠ ᠵᠠᠯᠭᠠᠮᠵᠢᠯᠠᠨ ᠨᠣᠳᠣᠬᠯᠠᠬᠰᠠᠨ ᠰᠢᠷᠠᠭᠡᠤᠭᠡᠨ᠂ ᠲᠣᠮᠣ᠂ ᠲᠣᠠᠳᠣᠪ᠂ ᠯᠢᠭ᠍ᠰᠢᠣᠨ᠂ ᠲᠠᠷᠢ ᠁ ᠵᠡᠷᠭᠡ ᠠᠶᠢᠯ ᠤᠳ ᠣᠣᠰᠮᠠᠨ ᠤ ᠲᠡᠭᠡᠷᠠᠮᠴᠢᠨ ᠠᠴᠠ ᠲᠦᠷᠪᠠᠵᠥ ᠭᠤᠷᠣᠨᠠᠢ ᠭᠤᠣᠯ ᠤᠨ ᠵᠡᠭᠦᠨ ᠡᠮᠣᠨᠠᠳᠣ ᠡᠯᠠᠰᠤ ᠪᠣᠯᠣᠨ ᠭᠤᠶᠢᠽᠨ ᠶᠢᠨ ᠡᠮᠣᠨᠠᠳᠣ ᠡᠯᠠᠰᠣᠨ ᠳᠤ ᠲᠣᠳᠠᠭᠠᠨ ᠣᠷᠣᠵᠥ ᠣᠬᠴᠢᠨ ᠬᠤᠳᠣᠭᠤᠷ ᠭᠡᠰᠣᠵᠥ᠂ ᠣᠳᠣᠷᠯᠠᠨ ᠨᠡᠭᠦᠵᠥ ᠡᠪᠣᠯ ᠬᠠᠪᠣᠷ ᠢ ᠦᠩᠭᠡᠷᠠᠭᠦᠯᠭᠦ ᠳᠤ ᠭᠤᠳᠣᠮᠵᠢ ᠶᠢᠨ ᠭᠤᠷᠪᠠᠨ ᠵᠢᠷᠠᠨ ᠭᠡᠳᠡᠭ ᠭᠠᠵᠠᠷ ᠲᠠᠭᠠᠷᠠᠯᠳᠣᠬᠰᠠᠨ ᠦᠭᠡᠢ᠃ ᠰᠢᠷᠠᠬᠴᠢᠨ ᠦᠭᠡᠷ ᠵᠢᠯ ᠤᠨ ᠨᠠᠮᠣᠷ᠂ ᠰᠢᠭᠤᠢ᠂ ᠽᠣᠨ ᠬᠤᠶᠠᠷ ᠪᠠᠭ ᠤᠨ ᠠᠶᠢᠯ ᠤᠳ ᠳ᠋ᠧ ᠸᠠᠩ᠂ ᠯᠢ ᠱᠸᠣ ᠰᠢᠨ ᠤ ᠪᠦᠯᠦᠭ ᠤᠨ ᠰᠠᠷᠨᠢᠵᠥ ᠪᠣᠳᠠᠷᠠᠬᠰᠠᠨ ᠴᠡᠷᠢᠭ ᠤᠨ ᠭᠦᠯ ᠠᠴᠠ ᠵᠠᠶᠢᠯᠠᠵᠥ ᠰᠢᠭᠤᠢ ᠶᠢᠨ ᠬᠤᠶᠢᠳᠣ ᠡᠯᠠᠰᠣ᠂ ᠭᠤᠷᠣᠨᠠᠢ ᠭᠤᠣᠯ ᠤᠨ ᠵᠡᠭᠦᠨ ᠡᠮᠣᠨᠠᠳᠣ ᠡᠯᠠᠰᠣ ᠂ ᠭᠤᠶᠢᠽᠨ ᠶᠢᠨ ᠡᠮᠣᠨᠠᠭᠢ ᠡᠯᠠᠰᠣᠨ ᠳᠤ ᠣᠷᠣᠵᠥ ᠣᠬᠴᠢᠨ ᠬᠤᠳᠣᠭᠤᠷ ᠭᠡᠰᠥᠵᠥ ᠨᠢᠭᠤᠬᠳᠠᠨ ᠲᠠᠯᠳᠠᠯᠠᠵᠥ ᠬᠠᠭᠠᠰ ᠵᠢᠯ ᠰᠢᠬᠠᠮ ᠣᠳᠣᠷᠯᠠᠨ ᠶᠠᠪᠣᠬᠤ ᠳᠤ ᠭᠤᠳᠣᠮᠵᠢ ᠶᠢᠨ ᠭᠤᠷᠪᠠᠨ ᠵᠢᠷᠠᠨ ᠲᠠᠭᠠᠷᠠᠯᠳᠣᠬᠰᠠᠨ ᠦᠭᠡᠢ᠃ ᠣᠯᠣᠰ ᠤᠨ ᠶᠠᠷᠦᠩᠭᠡᠢ ᠱᠲ᠋ᠠᠪ ᠤᠨ ᠭᠡᠮᠵᠢᠨ ᠵᠢᠷᠣᠬᠯᠠᠬᠤ ᠲᠣᠪᠴᠢᠶ᠎ᠠ 1962 ᠣᠨ ᠠᠴᠠ ᠡᠭᠢᠯᠠᠵᠥ᠂ 1972 ᠣᠨ ᠪᠣᠯᠳᠠᠯ᠎ᠠ ᠠᠭᠠᠷ ᠢᠶᠠᠷ ᠰᠡᠭᠦᠳᠡᠷᠯᠡᠭᠰᠠᠨ ᠨᠢᠭᠡ ᠬᠠᠷᠢᠴᠠᠯ ᠠᠷᠪᠠᠨ ᠲᠦᠮᠠᠨ ︵1᠄ 100000︶ ᠶᠢᠨ ᠭᠠᠵᠡᠷ ᠤᠨ ᠵᠢᠷᠤᠭ ᠲᠡᠭᠡᠷ᠎ᠠ ᠭᠤᠳᠣᠮᠵᠢ ᠶᠢᠨ ᠭᠤᠷᠪᠠᠨ ᠵᠢᠷᠠᠨ ᠢᠯᠡᠷᠡᠭᠰᠠᠨ ᠦᠭᠡᠢ᠃ ᠲᠣᠬᠠᠢ ᠶᠢᠨ ᠦᠶ᠎ᠠ ᠳᠤ ᠭᠠᠵᠡᠷ ᠰᠢᠠᠵᠢᠯᠠᠭᠡᠨ ᠤ ᠠᠩᠭᠢ ᠶᠢᠨ ᠬᠢᠨ ᠠᠭᠠᠷ ᠢᠶᠠᠷ ᠰᠡᠭᠦᠳᠡᠷᠯᠡᠭᠰᠠᠨ ᠵᠢᠷᠤᠭ ᠲᠡᠭᠡᠷ᠎ᠠ ᠪᠣᠳᠠᠳᠠᠢ ᠭᠠᠵᠠᠷ ᠤᠨ ᠨᠡᠷ᠎ᠠ ᠶᠢ ᠪᠢᠴᠢᠭᠯᠡᠭᠦ ᠪᠠᠷ ᠭᠤᠷᠣᠨᠠᠢ ᠭᠤᠣᠯ ᠠᠴᠠ ︽ᠨᠣᠳᠤᠭ ᠤᠨ ᠠᠮᠢᠳᠣ ᠲᠣᠯᠢ︾ — ᠬᠠᠷ᠎ᠠ ᠲᠠᠯᠠᠢ᠂ ᠶᠠᠷᠢᠮᠫᠢᠯ ︵ᠨᠠᠭᠠᠨ︶᠂ ᠮᠣᠬᠤᠷ ᠰᠢᠷ᠎ᠠ ︵ᠰᠢᠷᠣᠪ︶᠂ ᠭᠦᠷᠠᠩ ᠬᠠᠮᠠᠷ ᠰᠠᠮᠳᠠᠨ ᠁ ᠵᠡᠷᠭᠡ ᠬᠠᠰᠢᠷ ᠲᠣᠷᠰᠢᠯᠭ᠎ᠠ ᠲᠠᠢ ᠮᠠᠯᠴᠢᠨ ᠢᠶᠠᠷ ᠭᠠᠵᠠᠷᠴᠢᠯᠠᠭᠤᠯᠵᠥ ᠶᠠᠪᠣᠵᠠᠢ᠃           ᠪᠢ ᠪᠣᠯ ᠪᠠᠳᠢ ᠶᠢᠨ ᠵᠢᠷᠠᠨ ᠤ ᠨᠣᠳᠤᠭ ᠤᠨ ᠭᠦᠮᠣᠨ᠃ ᠲᠡᠭᠡᠷ᠎ᠠ ᠵᠠᠭᠤᠨ ᠤ ᠲᠠᠪᠢᠭᠠᠣᠨ ᠣᠨ ᠤ ᠡᠴᠣᠰ ᠠᠴᠠ ᠡᠭᠢᠯᠠᠵᠥ ᠣᠯᠣᠰ ᠤᠨ ᠠᠯᠪᠠᠨ ᠬᠠᠭᠠᠬᠴᠢ ᠪᠠᠷ ᠰᠣᠮᠣ᠂ ᠬᠤᠰᠢᠭᠤ ᠬᠤᠶᠠᠷ ᠱᠠᠳᠣᠨ ᠳᠤ ᠲᠦᠴᠢ ᠰᠢᠬᠠᠮ ᠵᠢᠯ ᠠᠵᠢᠯᠯᠠᠵᠥ ᠦᠩᠭᠡᠷᠡᠵᠡᠢ᠃ ᠮᠢᠨᠣ ᠮᠡᠳᠡᠭᠦ ᠪᠠᠷ ᠲᠡᠭᠡᠷ᠎ᠠ ᠶᠠᠷᠢᠬᠰᠠᠨ ᠡᠯᠠᠰᠣᠨ ᠳᠤ ᠲᠣᠮᠣ ᠰᠣᠬᠠᠢ ᠰᠤᠠᠳᠣᠣᠯᠢ᠂ ᠲᠣᠷᠯᠢᠭ ᠬᠤᠯᠣᠰᠣ ᠰᠣᠯᠢ ᠲᠠᠢ ᠶᠡᠭᠡ ᠪᠠᠭ᠎ᠠ ᠬᠤᠳᠣᠭᠤᠷ ᠲᠣᠭᠤᠢ ᠵᠦᠩᠳᠡᠭᠡᠨ ᠪᠠᠶᠢᠳᠠᠭ᠂ ᠪᠠᠰᠨ ᠪᠢᠳᠡᠭᠦᠣ ᠵᠠᠭ ᠲᠠᠢ ᠨᠢᠭᠡ ᠲᠣᠮᠣ ᠣᠬᠴᠢᠨ ᠪᠠᠶᠢᠬᠰᠠᠨ᠂ ᠴᠣᠭᠢᠶᠠᠨ ᠦᠵᠣᠭᠦᠷ ᠲᠤ ᠪᠣᠶᠣ ᠡᠯᠠᠰᠣᠨ ᠲᠣᠭᠤᠢ ᠳᠤ ᠵᠠᠳᠡᠭᠠᠢ ᠣᠰᠣ ᠲᠠᠢ᠂ ᠣᠰᠣᠨ ᠤ ᠲᠦᠪᠰᠢᠨ ᠨᠢ ᠦᠠᠳᠣᠷ ᠪᠠᠶᠢᠳᠠᠭ ᠪᠣᠯᠬᠤᠷ ᠵᠡᠯᠢᠭᠦᠣᠨ ᠲᠠᠯᠪᠢᠬᠰᠠᠨ ᠪᠠᠶᠢᠷᠢ ᠶᠢᠨ ᠲᠡᠮᠡᠭᠡ᠂ ᠵᠡᠷᠯᠢᠭᠰᠢᠭᠰᠡᠨ ᠠᠳᠣᠭᠤ ︵ᠨᠣᠳᠤᠭ ᠤᠨ ᠮᠠᠯᠴᠢᠨ ᠡᠯᠠᠰᠣᠨ ᠤ ᠵᠡᠷᠯᠢᠭ᠂ ᠭᠤᠪᠢ ᠶᠢᠨ ᠵᠡᠷᠯᠢᠭ ᠭᠡᠵᠥ  ᠭᠡᠯᠠᠳᠡᠭ︶ ᠭᠦᠷᠦᠭᠡᠰᠣ ᠣᠣᠭᠤᠳᠠᠭ ᠶᠣᠮ᠃           ᠪᠠᠳᠠᠢ ᠶᠢᠨ ᠵᠢᠷᠠᠨ ᠤ ᠲᠣᠮᠣ ᠡᠯᠠᠰᠣᠨ ᠴᠦᠯ ᠪᠣᠯ ᠦᠩᠭᠡᠷᠡᠭᠰᠠᠨ ᠳᠤ ᠶᠠᠯᠠᠳᠠᠨ ᠤ ᠴᠦᠯᠠᠯᠭᠡ ᠭᠠᠵᠡᠷ ᠪᠠᠶᠢᠵᠡᠢ᠃ ᠴᠠᠭ ᠲᠦᠷᠣ ᠶᠢᠨ ᠣᠶᠢᠮᠠᠭᠡᠨ ᠲᠦᠢᠪᠡᠭᠡᠨ ᠳᠤ ᠭᠦᠮᠣᠨ ᠠᠷᠠᠣᠨ ᠤᠨ ᠠᠮᠢ ᠨᠠᠰᠣ᠂ ᠡᠳ᠋ ᠭᠦᠷᠦᠩᠭᠡ᠂ ᠮᠠᠯ ᠰᠦᠷᠦᠭ ᠢ ᠬᠠᠮᠠᠭᠠᠯᠠᠬᠰᠠᠨ ︽ᠪᠣᠯᠣᠣᠨ ᠭᠡᠷᠡᠮ᠂ ᠲᠠᠮᠣᠷ ᠬᠠᠨ᠎ᠠ︾ ᠪᠣᠯᠣᠬᠰᠠᠨ ᠲᠡᠣᠭᠡ ᠶᠢᠨ ᠣᠯᠨ ᠮᠦᠷ ᠲᠠᠢ ᠶᠣᠮ᠃ ᠭᠡᠳᠡᠯ᠎ᠠ ᠪᠠᠳᠠᠢ ᠶᠢᠨ ᠵᠢᠷᠠᠨ ᠤ ᠡᠯᠠᠰᠣᠨ ᠴᠦᠯ ᠳᠤ ᠭᠤᠳᠣᠮᠵᠢ ᠶᠢᠨ ᠭᠤᠷᠪᠠᠨ ᠵᠢᠷᠠᠨ ᠭᠡᠰᠠᠨ ᠰᠠᠭᠢᠭᠤᠯᠰᠣᠨ ᠵᠢᠷᠠᠨ ᠪᠠᠶᠢᠬᠤ ᠦᠭᠡᠢ᠃ ᠡᠨ᠋ᠨ ᠪᠣᠯ ᠠᠷᠠᠣᠨ ᠤᠨ ᠲᠣᠮᠳᠠ ᠣᠯᠠᠮᠵᠢᠯᠠᠬᠳᠠᠵᠥ ᠢᠷᠡᠭᠰᠠᠨ ᠲᠣᠮᠤᠭ ᠶᠠᠷᠢᠶ᠎ᠠ ᠪᠠᠶᠢᠭ᠎ᠠ ᠡ ᠃ ᠭᠡᠭᠦ ᠳᠡᠭᠡᠨ ᠭᠦᠮᠣᠨ ᠪᠦᠭᠦᠨ ᠤ ᠰᠣᠨᠢᠭᠤᠴᠢ ᠪᠣᠳᠣᠯ᠂ ᠡᠷᠢᠯ ᠭᠦᠰᠡᠯ ᠢ ᠲᠠᠳᠠᠭᠠᠣᠨ ᠪᠠᠶᠢᠳᠠᠭ ᠤᠨ ᠣᠴᠢᠷ ᠶᠠᠭᠤ  ᠰᠠᠨ ᠪᠣᠯ⁈ ᠡᠨ᠋ᠨ ᠭᠦ ᠨᠢᠭᠤᠴᠨ ᠰᠢᠩᠭᠡᠭᠰᠠᠨ ᠨᠣᠳᠤᠭ ᠤᠨ ᠲᠣᠮᠤᠭ ᠰᠠᠣᠠᠭᠢᠯᠭᠡᠨ ᠢ ᠬᠤᠵᠢᠮ ᠤᠨ ᠭᠦᠮᠣᠰ  ᠶᠠᠭᠠᠭᠢᠵᠥ ᠲᠠᠶᠢᠯᠪᠣᠷᠢᠯᠠᠳᠠᠭ ᠰᠠᠨ ᠪᠣᠯ⁈ ᠲᠣᠮᠣᠬᠳᠣ ᠨᠣᠳᠤᠭ ᠤᠨ ᠲᠣᠮᠤᠭ ᠢ ᠲᠠᠶᠢᠯᠬᠤ ᠰᠠᠨ︕      
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号