ᠠᠭᠸᠠᠩᠳᠡᠨᠳᠡᠷ ᠤᠨ ᠨᠡᠮᠳᠡᠷ
ᠨᠡᠶᠢᠲᠡᠯᠡᠭᠰᠡᠨ ᠴᠠᠭ᠄
2019/4/16
    1758 ᠤᠨ ᠳᠤ ᠠᠭᠸᠠᠩᠳᠡᠨᠳᠡᠷ ᠠᠯᠠᠱᠠ ᠬᠤᠱᠤᠳ ᠬᠤᠰᠢᠭᠤᠨ ᠤ ᠪᠠᠶᠠᠨᠨᠢᠷᠤᠭᠤᠨ ᠪᠠᠭ ᠲᠤ ᠮᠠᠯᠴᠢᠨ ᠭᠠᠷᠤᠯ ᠲᠠᠢ᠂ ᠬᠤᠰᠢᠭᠤᠨ ᠳᠠᠭᠠᠨ ᠦᠶ᠎ᠠ ᠤᠯᠠᠷᠢᠨ ᠲᠠᠷᠬᠠᠯᠠᠭᠳᠠᠭᠰᠠᠨ ᠲᠠᠶᠢᠨ ᠤ ᠭᠠᠪᠢᠶᠠᠨ ᠤ ᠨᠡᠷ᠎ᠠ ᠲᠠᠢ᠂ ᠶᠡᠭᠡ ᠬᠤᠶᠢᠳ ᠤᠪᠤᠭ ᠤᠨ ᠢᠨᠨᠢ ᠶᠢᠨ ᠬᠤᠶᠠᠳᠤᠭᠠᠷ ᠬᠦᠪᠡᠬᠦᠨ ᠪᠤᠯᠵᠦ ᠵᠠᠶᠠᠭᠠᠵᠠᠢ᠃              ᠠᠭᠸᠠᠩᠳᠡᠨᠳᠡᠷ ᠪᠤᠯ ᠲᠡᠯᠡᠬᠡᠢ ᠳᠤ ᠠᠯᠳᠡᠷᠰᠢᠠᠠᠰᠠᠨ ᠮᠤᠩᠭᠤᠯ ᠬᠡᠯᠡᠨ ᠤ ᠡᠷᠳᠡᠮᠳᠡᠨ ᠪᠤᠯᠬᠤ ᠪᠠᠷ ᠪᠠᠷᠠᠬᠤ ᠦᠬᠡᠢ ᠲᠦᠪᠡᠳ᠂ ᠰᠠᠨᠰᠺᠷᠢᠲ ᠬᠡᠯᠡᠨ ᠤ ᠡᠷᠳᠡᠮᠳᠡᠨ ᠪᠤᠯᠬᠤ ᠶᠤᠮ᠃ ᠲᠡᠷᠡ ᠨᠠᠰᠤᠨ ᠲᠤᠷᠰᠢ ᠲᠦᠪᠡᠳ᠂ ᠮᠤᠩᠭᠤᠯ ᠪᠢᠴᠢᠭ ᠢ ᠰᠢᠰᠲ᠋ᠧᠮ ᠲᠠᠢ ᠰᠤᠳᠤᠯᠤᠭᠰᠠᠨ ᠠᠴᠠ ᠮᠤᠩᠭᠤᠯ ᠲᠦᠪᠡᠳ ᠤᠨ ᠰᠤᠶᠤᠯ ᠤᠨ ᠲᠡᠤᠬᠡᠨ ᠳᠤ ᠦᠯᠡᠮᠵᠢ ᠤᠯᠠᠨ ᠵᠤᠬᠢᠶᠠᠯ ᠪᠦᠲᠦᠬᠡᠯ ᠢᠶᠠᠨ ᠦᠯᠡᠳᠡᠬᠡᠵᠦ᠂ 1840 ᠤᠨ ᠳᠤ ᠪᠠᠶᠠᠨᠭᠤᠤᠯ ︵ᠵᠡᠬᠦᠨ ᠬᠡᠶᠢᠳ︶ ᠳᠤ 82 ᠲᠠᠢ ᠨᠠᠰᠤ ᠪᠠᠷᠠᠪᠠ᠃           ᠲᠡᠬᠦᠨ ᠢ ᠬᠡᠤᠬᠡᠳ ᠪᠠᠶᠢᠬᠤ ᠦᠶ᠎ᠠ ᠳᠤᠨᠢ ᠡᠴᠢᠬᠡ ᠡᠬᠡ ᠨᠢ ᠪᠤᠷᠬᠠᠨ ᠱᠠᠰᠢᠨ ᠤ ᠲᠠᠩᠰᠠᠨ ᠳᠤ ᠬᠤᠸᠠᠷᠠᠭ ᠤᠨ ᠨᠡᠷ᠎ᠠ ᠲᠡᠮᠳᠡᠭᠯᠡᠬᠦᠯᠵᠦ᠂ ᠨᠢᠬᠡᠨ ᠠᠯᠳᠠᠨ ᠰᠤᠪᠤᠷᠭ᠎ᠠ ᠪᠤᠰᠬᠠᠨ᠎ᠠ ᠬᠡᠮᠡᠨ ᠪᠤᠶᠠᠨ ᠢ ᠠᠷᠪᠢᠳᠬᠠᠭᠴᠢ ᠰᠦᠮ᠎ᠠ ᠳᠤ ᠪᠠᠭᠰᠢ ᠵᠠᠯᠠᠨ ᠱᠠᠪᠢ ᠪᠤᠯᠭᠠᠨ ᠰᠡᠭᠤᠯᠭᠠᠵᠠᠢ᠃ ᠲᠡᠷᠡ ᠪᠠᠭ᠎ᠠ ᠠᠴᠠ ᠪᠠᠨ ᠬᠤᠷᠴᠠ ᠰᠡᠷᠬᠦᠯᠡᠩ ᠬᠡᠤᠬᠡᠳ ᠪᠠᠶᠢᠭᠰᠠᠨ ᠪᠤᠯᠬᠤᠷ ᠨᠤᠮ ᠪᠢᠴᠢᠭ ᠲᠤ ᠶᠡᠭᠡ ᠲᠤᠷ᠎ᠠ ᠰᠤᠨᠢᠷᠬᠠᠯ ᠲᠠᠢ ᠪᠠᠶᠢᠵᠦ᠂ ᠼᠠᠡᠨᠢᠳ ᠲᠠᠴᠠᠩ ︵ᠬᠦᠨ ᠤᠬᠠᠭᠠᠨ ᠯᠤᠬᠢᠭ ᠤᠨ ᠬᠦᠷᠢᠶᠠᠯᠠᠩ︶ ᠳᠤ ᠰᠤᠷᠤᠯᠴᠠᠨ᠂ ᠴᠦᠢᠷᠸ᠎ᠠ ᠶᠢᠨ ᠤᠬᠠᠭᠠᠨ ᠤ ᠲᠠᠪᠤᠨ ᠪᠤᠳᠢ ᠶᠢᠨ ᠠᠩᠬ᠎ᠠ ᠵᠡᠷᠬᠡ ᠶᠢᠨ ᠤᠯᠠᠨ ᠰᠢᠯᠭᠠᠯᠳᠠ ᠶᠢ ᠤᠨᠴᠠ ᠳ᠋ᠦᠡᠭ ᠲᠠᠢ ᠦᠡᠭᠬᠡᠷᠡᠬᠡᠵᠡᠢ᠃ ᠲᠤᠬᠠᠢ ᠶᠢᠨ ᠦᠶ᠎ᠠ ᠶᠢᠨ ᠠᠯᠠᠱᠠ ᠳᠠᠬᠢ ᠱᠠᠰᠢᠨ ᠨᠤᠮ ᠤᠨ ᠰᠤᠷᠭᠠᠭᠤᠯᠢᠯ ᠤᠨ ᠲᠦᠷᠢᠮ ᠵᠠᠩᠰᠢᠯ ᠶᠤᠰᠤᠭᠠᠷ ᠲᠡᠭᠷᠢ ᠲᠡᠳᠬᠦᠭᠴᠢ ᠶᠢᠨ ᠲᠦᠴᠢᠨ ᠨᠢᠬᠡᠳᠦᠬᠡᠷ ᠤᠨ ︵1776 ᠤᠨ︶ ᠳᠤ ᠲᠡᠬᠦᠨ ᠢ 19 ᠨᠠᠰᠤᠳᠡᠢ ᠪᠠᠶᠢᠬᠤ ᠳᠤᠨᠢ ᠪᠠᠷᠠᠭᠤᠨ ᠵᠤᠤ ᠶᠢᠨ ᠤᠷᠤᠨ ᠳᠤ ᠰᠤᠳᠤᠷ ᠲᠠᠷᠨᠢ ᠶᠢᠨ ᠶᠤᠰᠤᠨ ᠳᠤ ᠴᠠᠭᠠᠷᠠᠭᠤᠯᠬᠤ ᠪᠠᠷ ᠶᠠᠪᠤᠭᠤᠯᠪᠠ᠃ ᠠᠭᠸᠠᠩᠳᠡᠨᠳᠡᠷ ᠲᠦᠷᠦᠭᠰᠡᠨ ᠨᠤᠳᠤᠭ ᠠᠴᠠ ᠪᠠᠨ ᠰᠠᠯᠤᠭᠰᠠᠨ ᠤ ᠲᠠᠷᠠᠭ᠎ᠠ᠂ ᠬᠠᠳᠠᠭᠤᠵᠢᠯ ᠢ ᠪᠠᠷᠢᠵᠦ᠂ ᠵᠦᠢᠯ ᠵᠦᠢᠯ ᠤᠨ ᠵᠤᠪᠠᠭᠤᠷᠢ ᠵᠦᠳᠡᠬᠦᠷᠢ ᠶᠢ ᠢᠯᠠᠨ ᠲᠠᠪᠠᠭᠠᠳ ᠪᠠᠷᠠᠶᠢᠪᠦ᠋ᠡᠭ ᠬᠡᠶᠢᠳ ᠤᠨ ᠶᠡᠭᠡ ᠯᠠᠮᠠ᠂ ᠲᠠᠪᠤᠨ ᠤᠬᠠᠭᠠᠨ ᠳᠤ ᠬᠡᠬᠡᠷᠡᠨ ᠨᠡᠪᠳᠡᠷᠡᠭᠰᠡᠨ ᠯᠤᠩᠳᠤᠯ ᠷᠢᠮᠪᠤᠴᠠᠢ ᠠᠭᠸᠠᠩᠯᠤᠪᠰᠠᠩ ᠢ ᠪᠠᠭᠰᠢ ᠰᠢᠳᠤᠵᠦ᠂ ᠭᠤᠮᠠᠩ ᠲᠢᠭᠯᠢᠮ ᠤᠨ ᠶᠤᠰᠤᠭᠠᠷ ᠬᠤᠷᠢᠠ ᠲᠦᠷᠪᠡᠨ ᠵᠢᠯ ᠰᠢᠮᠳᠠᠨ ᠰᠤᠷᠤᠯᠴᠠᠵᠦ  ᠂ ᠴᠦᠢᠷᠸ᠎ᠠ  ᠶᠢᠨ ᠤᠬᠠᠭᠠᠨ ᠢ ᠰᠢᠰᠲ᠋ᠧᠮ ᠲᠠᠢ ᠡᠵᠡᠮᠰᠢᠭᠰᠡᠨ ᠢᠶᠠᠷ ᠯᡁᠠᠰᠠ ᠮᠤᠯᠤᠮ ᠳᠤ ᠯᡁᠡᠷᠡᠮᠪᠡ ᠶᠢᠨ ᠮᠢᠨᠳᠠᠭ ︵ᠴᠤᠯᠠ︶ ᠤᠯᠵᠦ᠂ ᠨᠠᠶᠢᠬᠡᠮ ᠨᠠᠶᠢᠳᠠ ᠳᠤ ᠨᠡᠷ᠎ᠠ ᠭᠠᠷᠤᠭᠰᠠᠨ ᠯᡁᠠᠷᠡᠮᠪᠡ ᠪᠤᠯᠵᠠᠢ᠃ ᠲᠡᠨᠳᠠ ᠠᠴᠠ ᠰᠠᠶᠢᠰᠢᠶᠡᠯᠲᠦ ᠢᠷᠦᠬᠡᠯᠲᠦ ᠶᠢᠨ ᠲᠠᠪᠤᠳᠤᠭᠠᠷ ᠤᠨ ︵1800 ᠤᠨ︶ ᠳᠤ 43 ᠨᠠᠰᠤᠳᠡᠢ ᠬᠤᠰᠢᠭᠤᠨ ᠳᠠᠭᠠᠨ ᠬᠠᠷᠢᠵᠦ ᠢᠷᠡᠪᠡ᠃ ᠲᠤᠬᠠᠢ ᠶᠢᠨ ᠦᠶ᠎ᠠ ᠳᠤ ᠲᠦᠢᠨ ᠯᠤᠪᠰᠠᠩᠳᠡᠮᠪᠢᠭᠤᠮᠪᠤ ︵ᠠᠯᠠᠱᠠ ᠬᠤᠰᠢᠭᠤᠨ ᠤ ᠭᠤᠷᠪᠠᠳᠤᠭᠠᠷ ᠦᠶ᠎ᠠ ᠶᠢᠨ ᠸᠠᠩ ᠯᠤᠪᠰᠠᠩᠳᠤᠷᠵᠢ ᠶᠢᠨ ᠬᠦᠪᠡᠬᠦᠨ ᠬᠡᠯᠢᠭᠫᠢᠯ︶ ᠶᠢᠨ ᠡᠷᠡᠮᠡᠯᠵᠡᠭᠡ ᠪᠠᠷ ᠤᠤᠯ ᠤᠨ ᠪᠠᠶᠢᠭᠰᠠᠨ ᠼᠠᠨᠨᠢᠳ ᠲᠠᠴᠠᠩ ᠢ ᠪᠤᠶᠠᠨ ᠢ ᠠᠷᠪᠢᠳᠬᠠᠭᠴᠢ ᠰᠦᠮ᠎ᠠ ᠠᠴᠠ ᠰᠠᠯᠭᠠᠵᠦ᠂ ᠬᠤᠶᠢᠲᠦ ᠪᠠᠭᠤᠷᠢ ᠳᠤ ᠢᠷᠡᠵᠦ᠂ ᠲᠠᠬᠢᠨ ᠲᠠᠨᠳᠠ ᠠᠴᠠ ᠠᠯᠠᠱᠠ ᠠᠭᠤᠯᠠ ᠶᠢᠨ ᠪᠠᠶᠠᠨᠭᠤᠤᠯ ᠬᠡᠳᠡᠭ ᠭᠠᠵᠡᠷ ᠲᠤ ᠵᠡᠬᠦᠨ ᠬᠡᠶᠢᠳ ᠬᠡᠵᠦ ᠪᠠᠶᠢᠭᠤᠯᠤᠭᠰᠠᠨ ᠪᠠᠶᠢᠵᠠᠢ᠃ ᠠᠭᠸᠠᠩᠳᠡᠨᠳᠡᠷ ᠯᡁᠠᠰᠠ ᠠᠴᠠ ᠢᠷᠡᠮᠡᠭᠴᠠ ᠲᠤᠰ ᠬᠡᠶᠢᠳ ᠤᠨ ᠯᡁᠠᠷᠠᠮᠪᠠ ᠶᠢᠨ ᠰᠠᠭᠤᠳᠠᠯ ᠳᠤ ᠰᠠᠭᠤᠭᠰᠠᠨ ᠪᠤᠯᠪᠠᠴᠦ ᠲᠡᠷᠡ ᠶᠡᠷᠦᠨᠢ ᠦᠪᠡᠷ ᠢ ᠪᠠᠨ ᠪᠢᠴᠢᠭ ᠡᠷᠳᠡᠮ ᠤᠨ ᠲᠦᠢᠯ ᠳᠤ ᠬᠦᠷᠦᠭᠰᠡᠨ ᠬᠡᠵᠦ ᠦᠵᠡᠭᠰᠡᠨ ᠦᠬᠡᠢ᠂ ᠬᠠᠷᠢᠨ ᠰᠤᠷᠤᠭᠰᠠᠨ ᠡᠷᠳᠡᠮ ᠢᠶᠠᠷ ᠢᠶᠠᠨ ᠰᠠᠭᠤᠷᠢ ᠪᠤᠯᠭᠠᠵᠦ᠂ ᠤᠯᠠᠮ ᠴᠢᠨᠠᠭᠰᠢᠳᠠ ᠲᠠᠪᠤᠨ ᠤᠬᠠᠭᠠᠨ ᠢ ᠲᠡᠬᠦᠰ ᠡᠵᠡᠮᠰᠢᠬᠦ ᠪᠠᠷ ᠬᠠᠷᠠᠯᠳᠠ ᠪᠠᠨ ᠪᠤᠯᠭᠠᠨ᠂ ᠪᠦᠬᠦ ᠤᠶᠤᠨ ᠤᠬᠠᠭᠠᠨ ᠢᠶᠠᠨ ᠰᠢᠪᠬᠠᠵᠦ᠂ ᠠᠮᠳᠤᠤ ᠶᠢᠨ ᠬᠦᠮᠪᠦᠮ᠂ ᠯᠠᠪᠷᠤᠩ ᠵᠡᠷᠬᠡ ᠠᠯᠳᠡᠷᠲᠦ ᠰᠦᠮ᠎ᠠ ᠬᠡᠶᠢᠳ ᠪᠠ ᠠᠷᠤ ᠪᠤᠭᠳᠠ ᠶᠢᠨ ᠬᠦᠷᠢᠶ᠎ᠠ ᠲᠡᠷᠢᠬᠦᠳᠡᠨ ᠭᠠᠵᠡᠷ ᠤᠷᠤᠨ ᠢᠶᠠᠷ ᠲᠤᠭᠤᠷᠢᠨ ᠶᠠᠪᠤᠵᠦ᠂ ᠰᠠᠨᠰᠺᠷᠢᠲ ᠬᠡᠯᠡ᠂ ᠰᠢᠯᠦᠭ ᠲᠠᠭᠤᠯᠠᠯ ᠤᠨ ᠲᠡᠤᠬᠡ᠂ ᠨᠡᠶᠢᠬᠡᠮ ᠤᠨ  ᠦᠵᠡᠭᠳᠡᠯ᠂ ᠰᠤᠶᠤᠯ ᠤᠨ ᠠᠵᠢᠯᠯᠠᠭ᠎ᠠ ᠬᠢᠬᠡᠳ ᠶᠢᠷᠳᠢᠨᠴᠦ ᠶᠢᠨ ᠠᠮᠢᠳᠤᠷᠠᠯ ᠳᠤ ᠬᠦᠨᠵᠡᠬᠡᠢ ᠰᠤᠳᠤᠯᠤᠯᠳᠠ ᠬᠢᠵᠦ᠂ ᠲᠡᠬᠦᠨ ᠤ ᠰᠢᠮ᠎ᠠ ᠱᠦᠯᠲᠦ ᠪᠠᠷ ᠤᠶᠤᠨ‌ᠤᠬᠠᠭᠠᠨ ᠢᠶᠠᠨ ᠲᠡᠵᠢᠬᠡᠵᠦ᠂ ᠦᠨᠳᠦᠰᠦᠳᠠᠨ ᠤ ᠪᠠᠨ ᠰᠤᠶᠤᠯ ᠤᠨ ᠦᠢᠯᠡᠰ ᠲᠤ ᠠᠯᠢᠪᠠ ᠪᠠᠨ ᠵᠤᠷᠢᠭᠤᠯᠤᠭᠰᠠᠨ ᠪᠠᠶᠢᠨ᠎ᠠ᠃           ᠠᠭᠸᠠᠩᠳᠡᠨᠳᠡᠷ ᠤᠨ ᠭᠤᠤᠯ ᠪᠤᠯᠬᠤ ᠵᠤᠬᠢᠶᠠᠯ ᠪᠦᠲᠦᠬᠡᠯ ᠤᠳ           1. ᠬᠦᠨ ᠤᠬᠠᠭᠠᠨ ᠤ ᠲᠤᠬᠠᠢ ᠵᠤᠬᠢᠶᠠᠯ ᠤᠳ ︽ᠠᠳᠢᠰ ᠤᠨ ᠶᠤᠰᠤ ᠠᠴᠠ ᠦᠨᠳᠦᠰᠦᠯᠠᠨ ᠠᠪᠤᠭᠰᠠᠨ ᠦᠬᠡᠰ ᠤᠨ ᠬᠦᠰᠡᠯ ᠢ ᠬᠠᠨᠭ᠍ᠭᠠᠭᠴᠢ ᠡᠷᠳᠡᠨᠢ ᠶᠢᠨ ᠬᠤᠮᠬ᠎ᠠ ᠬᠡᠮᠡᠬᠦ ᠤᠷᠤᠰᠢᠪᠠᠢ︾ ︽ᠪᠤᠷᠬᠠᠨ ᠱᠠᠭᠵᠠᠮᠤᠨᠢ ᠶᠢ ᠢᠳᠡᠬᠡᠮᠵᠢ ᠲᠦᠷᠦᠯᠳᠡᠨ ᠬᠡᠮᠡᠭᠰᠡᠨ ᠦᠬᠡᠰ ᠤᠨ ᠲᠡᠬᠦᠰ ᠠᠮᠤᠭᠤᠯᠠᠩᠲᠦ ᠠᠰᠠᠷ ᠪᠤᠰᠬᠠᠬᠤ ᠡᠷᠳᠡᠨᠢ ᠶᠢᠨ ᠱᠠᠲᠦ ᠤᠷᠤᠰᠢᠪᠠᠢ︾ ︽ᠤᠴᠢᠷ ᠰᠢᠯᠳᠠᠭᠠᠨ ᠤ ᠤᠬᠠᠭᠠᠨ ᠳᠠᠬᠢ ᠪᠡᠷᠬᠡ ᠤᠳᠬ᠎ᠠ ᠶᠢ ᠤᠨᠤᠬᠤᠢ ᠳᠤᠷ ᠦᠯᠦ ᠮᠡᠷᠳᠠᠬᠤ ᠶᠢᠨ ᠲᠤᠰᠠᠳᠠ ᠪᠢᠴᠢᠭᠰᠡᠨ ᠰᠢᠨ᠎ᠠ ᠨᠤᠮᠯᠠᠯ ᠨᠡᠷᠡᠨ ᠤ ᠬᠡᠷᠡᠯ ᠤᠷᠤᠰᠢᠪᠠᠢ︾ ︽ᠡᠰᠠ ᠤᠨᠤᠭᠴᠢ ᠦᠬᠡᠰ ᠤᠨ ᠤᠴᠢᠷ ᠰᠢᠯᠳᠠᠭᠠᠨ ᠢ ᠬᠤᠷᠢᠶᠠᠩᠭᠤᠢ ᠦᠬᠦᠯᠡᠬᠦ ᠢᠨᠦ︾ ︽ᠯᠤᠪᠤᠨ ᠴᠤᠭᠯᠠᠩ ᠤᠨ ᠵᠤᠬᠢᠶᠠᠭᠰᠠᠨ ᠵᠦᠪ ᠪᠤᠷᠤᠭᠤ ᠶᠢ ᠲᠤᠳᠤᠳᠬᠠᠬᠤ ᠬᠦᠰᠦᠨᠦᠭ ᠤᠨ ᠬᠦᠷᠳᠦᠨ ᠬᠡᠮᠡᠭᠳᠡᠬᠦᠢ ᠱᠠᠰᠳᠢᠷ ‍ᠤᠨ‌‍ᠲ᠋ᠤᠳᠤᠷᠬᠠᠢ ᠦᠵᠡᠬᠦᠯᠦᠭᠴᠢ ᠡᠷᠳᠡᠨᠢ ᠶᠢᠨ ᠵᠤᠯᠠ ︾ ︽ᠨᠠᠶᠢᠳᠡᠯᠢᠭ ᠴᠢᠨᠡᠷ ᠬᠢᠬᠡᠳ ᠦᠪᠡᠷᠮᠢᠴᠠ ᠴᠢᠨᠡᠷ ᠤᠨ ᠲᠤᠬᠠᠢ ᠪᠢᠴᠢᠭᠳᠡᠵᠦ ᠲᠡᠬᠦᠰᠦᠬᠡᠳᠦᠢ ᠦᠬᠦᠯᠡᠯ︾ ︽ᠯᠤᠪᠤᠨ ᠴᠤᠭᠯᠠᠩ ᠤᠨ ᠵᠤᠬᠢᠶᠠᠭᠰᠠᠨ ᠰᠡᠳᠬᠢᠬᠦᠢ ᠶᠢ ᠰᠢᠡᠵᠢᠭᠴᠢ ᠰᠢᠯᠦᠭᠯᠡᠯ ᠬᠡᠮᠡᠬᠦ ᠵᠤᠬᠢᠶᠠᠯ ᠤᠨ ᠲᠠᠶᠢᠯᠪᠤᠷᠢ ᠬᠢᠬᠡᠳ ᠰᠤᠪᠤᠳ ᠡᠷᠢᠬᠡ︾ ︽ᠯᠤᠪᠤᠨ ᠴᠦᠢᠵᠢᠳᠠᠭᠪᠠ ᠶᠢᠨ ᠵᠤᠬᠢᠶᠠᠭᠰᠠᠨ ᠪᠤᠰᠤᠳ ᠲᠤᠷ ᠦᠢᠯᠡᠳᠬᠦᠢ ᠬᠡᠮᠡᠭᠳᠡᠬᠦ ᠱᠠᠰᠳᠢᠷ ᠤᠨ ᠲᠠᠶᠢᠯᠪᠤᠷᠢ ᠮᠡᠷᠬᠡᠳ ᠤᠨ ᠰᠡᠳᠬᠢᠯ ᠢ ᠪᠤᠯᠢᠶᠠᠭᠴᠢ ᠤᠷᠤᠰᠢᠪᠠᠢ︾ ︽ᠪᠡᠯᠬᠡ ᠪᠢᠯᠢᠭ ᠤᠨ ᠤᠬᠢ ᠤᠨᠤᠯ ᠤᠨ ᠲᠠᠶᠢᠯᠪᠤᠷᠢ ᠤᠳᠬ᠎ᠠ ᠶᠢ ᠲᠤᠳᠤᠷᠠᠭᠤᠯᠤᠭᠴᠢ ᠴᠢᠨᠳᠠᠮᠤᠨᠢ ᠡᠷᠳᠡᠨᠢ ᠶᠢᠨ ᠬᠡᠷᠡᠯ︾ ︽ᠪᠤᠭᠳᠠ ᠽᠦᠡᠭᠺᠡᠸ᠎ᠠ ᠪᠠᠷ ᠠᠭᠸᠠᠩᠳᠠᠭᠪᠠ ᠳᠤᠷ ᠵᠤᠬᠢᠶᠠᠨ ᠠᠶᠢᠯᠠᠳᠤᠭᠰᠠᠨ ᠮᠦᠷ ᠤᠨ ᠭᠤᠷᠪᠠᠨ ᠡᠷᠢᠬᠢᠨ ᠤ ᠲᠠᠶᠢᠯᠪᠤᠷᠢ ᠬᠦᠰᠡᠯ ᠢ ᠬᠠᠨᠭ᠍ᠭᠠᠭᠴᠢ ᠭᠠᠯᠪᠠᠷᠠᠨᠽᠠ︾ ︽ᠰᠢᠳᠦᠨ ᠪᠠᠷᠢᠯᠳᠤᠬᠤ ᠮᠠᠭᠳᠠᠭᠠᠯ ᠤᠨ ᠬᠦᠴᠢᠷ ᠦᠬᠦᠯᠡᠪᠦᠷᠢ ᠠᠴᠠ ᠦᠨᠳᠦᠰᠦᠯᠡᠭᠰᠡᠨ ᠤᠳᠬ᠎ᠠ ᠶᠢᠨ ᠲᠠᠶᠢᠯᠪᠤᠷᠢ ᠡᠷᠳᠡᠨᠢ ᠶᠢᠨ ᠡᠷᠢᠬᠡ ᠬᠡᠮᠡᠬᠦ ᠤᠷᠤᠰᠢᠪᠠᠢ︾  ︵1830 ᠤᠨ ᠳᠤ 73 ᠨᠠᠰᠤᠨ ᠳᠠᠭᠠᠨ ᠵᠤᠬᠢᠶᠠᠪᠠ︶ ︽ᠪᠢ ᠬᠡᠮᠡᠨ ᠪᠠᠷᠢᠮᠳᠠᠯᠠᠬᠤ ᠨᠢᠬᠡ ᠪᠤᠯᠤᠨ ᠤᠯᠠᠨ ᠤᠳᠠᠭ᠎ᠠ ᠬᠠᠭᠠᠴᠠᠬᠤ ᠶᠢᠨ ᠲᠤᠬᠠᠢ ᠦᠬᠦᠯᠡᠯ︾ ︽ᠠᠩᠬᠢᠳᠠ ᠲᠤᠨᠢᠯᠤᠭᠴᠢ ᠶᠢᠨ ᠰᠠᠨᠸᠡᠷ ᠢ ᠬᠦᠷᠳᠡᠬᠡᠬᠦ ᠵᠠᠩ ᠦᠢᠯᠠ ᠶᠢᠨ  ᠨᠠᠮᠠᠯᠳᠠ ᠲᠤᠰᠠᠯᠠᠮᠵᠢ︾ ︽ᠦᠨ᠎ᠠ ᠦᠷᠳᠡᠭ ᠦᠭᠬᠦᠯ ᠦᠬᠡᠢ ᠪᠠᠷ ᠠᠪᠤᠭᠴᠢ ᠶᠢᠨ ᠬᠢᠷᠢ ᠬᠡᠮᠵᠢᠶ᠎ᠠ ᠶᠢᠨ ᠲᠤᠬᠠᠢ ᠦᠬᠦᠯᠡᠬᠦ ᠢᠨᠦ︾ ᠵᠡᠷᠬᠡ ᠪᠦᠲᠦᠬᠡᠯ ᠤᠳ᠃           2. ᠤᠳᠬ᠎ᠠ ᠤᠶᠠᠩᠭ᠎ᠠ ᠶᠢᠨ ᠲᠤᠬᠠᠢ ᠵᠤᠬᠢᠶᠠᠯ ᠤᠳ           ︽ᠪᠤᠷᠬᠠᠨ ᠪᠠᠭᠰᠢ ᠶᠢᠨ ᠨᠤᠮᠯᠠᠯ ᠵᠠᠷᠢᠮ ᠰᠢᠯᠦᠭ ᠦᠬᠡᠰ ᠤᠨ ᠲᠠᠶᠢᠯᠪᠤᠷᠢ︾ ︽ᠪᠠᠽᠡᠷᠪᠠᠳᠠᠷᠠᠨ᠎ᠠ ᠶᠢᠨ ᠲᠤᠭᠳᠠᠭᠠᠯ — ᠸᠴᠢᠷ ᠢᠶᠠᠷ ᠰᠠᠶᠢᠳᠦᠷ ᠡᠪᠳᠡᠯᠡᠭᠴᠢ ᠲᠤᠭᠳᠠᠭᠠᠯ ᠤᠨ ᠲᠠᠶᠢᠯᠪᠤᠷᠢ︾ ︽ᠴᠠᠢ ᠶᠢᠨ ᠲᠠᠬᠢᠯ ᠡᠷᠬᠦᠬᠦ ᠶᠢᠨ ᠲᠠᠶᠢᠯᠪᠤᠷᠢ︾ ︽ᠬᠠᠶᠢᠷᠤᠪ ᠴᠦᠢᠷᠵᠢ ᠶᠢᠨ ᠬᠡᠬᠡᠨ ᠲᠠᠨ ᠠᠴᠠ ᠪᠤᠭᠳᠠ ᠽᠦᠡᠭᠺᠡᠸ᠎ᠠ ᠶᠢ ᠮᠠᠭᠳᠠᠭᠰᠠᠨ ᠵᠤᠬᠢᠶᠠᠯ ᠰᠦᠰᠦᠭ ᠤᠨ ᠴᠡᠩᠬᠡᠭᠴᠢ ᠲᠠᠯᠠᠢ ᠶᠢᠨ ᠲᠠᠶᠢᠯᠪᠤᠷᠢ︾ ︽ᠤᠶᠤᠨ ᠪᠢᠯᠢᠭ ᠢ ᠰᠤᠳᠤᠯᠬᠤᠢ ᠲᠤᠯᠤᠭᠠᠨ ᠤᠳᠬᠠᠲᠦ ᠶᠢᠨ ᠴᠢᠬᠤᠯᠠ ᠬᠠᠪᠰᠤᠷᠤᠮᠵᠢ︾ ︽ᠨᠤᠮᠯᠠᠬᠤ᠂ ᠬᠡᠯᠡᠯᠴᠡᠬᠦ᠂ ᠲᠤᠭᠤᠷᠪᠢᠬᠤ ᠮᠡᠷᠬᠡᠳ ᠤᠨ ᠭᠤᠷᠪᠠᠨ ᠶᠠᠪᠤᠳᠠᠯ ᠤᠨ ᠲᠤᠬᠠᠢ ᠦᠬᠦᠯᠡᠬᠦ ᠢᠨᠦ︾ ︽ᠦᠯᠢᠬᠡᠷ ᠤᠨ ᠤᠶᠠᠩᠭᠠᠯᠠᠯ ᠢᠶᠠᠷ ᠪᠠᠯᠮ᠎ᠠ ᠶᠤᠭᠠᠨ ᠮᠠᠭᠳᠠᠬᠤ ᠲᠤᠬᠠᠢ︾  ︽ᠳ᠋ᠠᠷ᠎ᠡ ᠡᠬᠡ ᠶᠢᠨ ᠮᠠᠭᠳᠠᠭᠠᠯ ᠰᠠᠶᠢᠨ ᠵᠢᠷᠤᠬᠠᠢᠢᠲᠦ ᠶᠢᠨ ︵ᠮᠡᠷᠬᠡᠳ ᠤᠨ︶ ᠵᠤᠯᠠ ᠶᠢᠨ ᠴᠢᠮᠡᠭ ᠤᠨ ᠲᠠᠶᠢᠨ ᠨᠤᠮᠯᠠᠯ  ᠮᠡᠷᠬᠡᠳ ᠤᠨ ᠤᠷᠤᠢ ᠳᠠᠬᠢ ᠡᠷᠳᠡᠨᠢ ᠰᠢᠬᠢᠳᠬᠡᠭᠰᠡᠨ ᠴᠢᠮᠡᠭ︾ ︽ᠬᠡᠨᠭᠰᠢᠬᠦᠤ ᠶᠢᠨ ᠦᠨᠦᠷ ᠢᠶᠠᠷ ᠦᠭᠯᠢᠬᠡ ᠦᠭᠬᠦ ᠨᠤᠮ ᠤᠨ ᠰᠡᠵᠢᠭ ᠢ ᠲᠠᠶᠢᠯᠤᠨ ᠡ᠊ᠨᠳᠡᠬᠦᠷᠡᠯ ᠢ ᠲᠠᠪᠴᠢᠵᠦ᠂ ᠲᠠᠭᠠᠯᠠᠯ ᠢ ᠰᠠᠶᠢᠳᠦᠷ ᠲᠤᠳᠤᠷᠬᠠᠢᠢᠯᠠᠬᠤ ᠢᠨᠦ︾ ︽ ᠬᠦᠮᠦᠨ ᠤ ᠨᠤᠮ ᠤᠨ ᠪᠡᠶᠡᠷ ᠬᠤᠷᠢᠮ︾ ︽ᠪᠤᠰᠤᠳ ᠬᠡᠰᠡᠭ ᠪᠤᠰᠠᠭ ᠲᠤᠪᠬᠢᠮᠠᠯ ᠤᠳ︾ ᠵᠡᠷᠬᠡ ᠪᠦᠲᠦᠬᠡᠯ᠃     3. ᠬᠡᠯᠡᠨ ᠤ ᠰᠢᠨᠵᠢᠯᠡᠯ ᠤᠨ ᠲᠤᠬᠠᠢ ᠵᠤᠬᠢᠶᠠᠯ ᠤᠳ           ︽ᠭᠤᠮᠪᠤᠯᠦ᠋ᠳᠦᠪ ᠠᠴᠠ ᠱᠠᠪᠢ ᠳᠠᠭᠠᠨ ᠢᠯᠡᠬᠡᠭᠰᠡᠨ ᠰᠤᠷᠭᠠᠯ ᠤᠨ ᠲᠠᠶᠢᠯᠪᠤᠷᠢ︾ ︽ᠦᠰᠦᠭ ᠤᠨ ᠴᠠᠭᠠᠨ ᠲᠤᠯᠤᠭᠠᠢ ᠬᠢᠬᠡᠳ ᠴᠡᠭ ᠲᠡᠮᠳᠡᠭ ᠤᠨ ᠤᠳᠬ᠎ᠠ ᠶᠢ ᠮᠡᠳᠡᠬᠦᠢ ᠳᠤᠷ ᠬᠢᠯᠪᠡᠷ ᠬᠤᠷᠢᠶᠠᠩᠭᠤᠢ ᠦᠬᠦᠯᠡᠯ︾ ︽ᠦᠰᠦᠭ ᠤᠨ ᠨᠤᠮᠯᠠᠯ ᠮᠡᠷᠬᠡᠳ ᠤᠨ ᠠᠮᠠᠨ ᠤ ᠴᠢᠮᠡᠭ︾ ︽ᠦᠰᠦᠭ ᠢ ᠴᠡᠪᠡᠷᠰᠢᠬᠦᠯᠦᠭᠰᠡᠨ ᠶᠡᠭᠡ ᠬᠡᠷᠡᠭᠲᠦ ᠲᠤᠪᠴᠢ ᠡ᠊ᠨᠳᠡᠬᠦᠷᠡᠯ ᠢ ᠲᠡᠪᠴᠢᠬᠦ ᠢᠨᠦ︾ ︽ᠲᠡᠷᠰ ᠤᠨ ᠪᠠᠭᠰᠢ ᠯᠤᠪᠤᠨ ᠶᠦᠭᠪᠠᠵᠠᠨ ᠤ ᠵᠤᠬᠢᠶᠠᠭᠰᠠᠨ ᠶᠤᠭᠳᠠᠯᠠᠯ ᠦᠬᠡᠰ ᠤᠨ ︵ᠵᠤᠬᠢᠰᠲᠦ ᠠᠶᠠᠯᠭᠤᠨ ᠤ︶ ᠲᠤᠯᠢ ᠶᠢᠨ ᠭᠤᠷᠪᠠᠳᠤᠭᠠᠷ ᠪᠦᠯᠦᠭ ᠲᠠᠬᠢ ᠦᠯᠢᠬᠡᠷ ᠢ ᠦᠬᠦᠯᠡᠬᠦ ᠢᠨᠦ︾  ︽ᠰᠢᠨ᠎ᠠ ᠬᠠᠭᠤᠴᠢᠨ ᠦᠬᠡᠰ ᠤᠨ ᠲᠠᠶᠢᠯᠪᠤᠷᠢ ᠰᠠᠷᠠᠭᠤᠯ ᠤᠶᠤᠳᠠᠳ ᠤᠨ ᠬᠤᠭᠤᠯᠠᠢ ᠶᠢᠨ ᠴᠢᠮᠡᠭ︾ ︽ᠶᠤᠭᠳᠠᠯᠠᠯ ᠦᠬᠡᠰ ᠤᠨ ︵ᠵᠤᠬᠢᠰᠲᠦ ᠠᠶᠠᠯᠭᠤᠨ ᠤ︶ ᠲᠤᠯᠢ ᠶᠢᠨ ᠭᠤᠷᠪᠠᠳᠤᠭᠠᠷ ᠪᠦᠯᠦᠭ ᠤᠨ ᠤᠳᠬ᠎ᠠ ᠶᠢ ᠲᠤᠳᠤᠷᠬᠠᠢᠢᠯᠠᠬᠤ ᠢᠨᠦ︾ ︽ᠪᠢᠴᠢᠭ ᠵᠠᠬᠢᠳᠠᠯ ᠢᠯᠡᠬᠡᠬᠦ ᠶᠢᠨ ᠶᠤᠰᠤᠨ ᠤ ᠲᠦᠷᠦᠯ ᠵᠦᠢᠯ ᠤᠳ︾ ︽ᠦᠬᠡᠰ ᠤᠨ ᠬᠢᠵᠠᠭᠠᠷ ᠢ  ᠰᠢᠨᠵᠢᠯᠡᠨ ᠡ᠊ᠨᠳᠡᠬᠦᠷᠡᠯ ᠤᠨ ᠭᠬᠢᠷ ᠪᠤᠳᠤᠩᠭᠤᠢ ᠶᠢ ᠠᠷᠢᠯᠭᠠᠭᠴᠢ ᠠᠷᠢᠭᠤᠨ ᠤᠰᠤᠨ︾ ︽ᠲᠠᠶᠢᠨ ᠲᠠᠶᠢᠯᠪᠤᠷᠢᠯᠠᠬᠤ  ᠤᠳᠬ᠎ᠠ ᠶᠢᠨ ᠪᠢᠴᠢᠵᠦ ᠲᠡᠬᠦᠰᠦᠬᠡᠳᠦᠢ ᠵᠤᠬᠢᠶᠠᠯ︾ ︽ᠪᠢᠴᠢᠭ ᠢᠯᠡᠬᠡᠬᠦ ᠶᠢᠨ ᠶᠤᠰᠤᠨ ᠢ ᠰᠠᠶᠢᠳᠦᠷ ᠦᠬᠦᠯᠡᠬᠦ ᠢᠨᠦ  ︾ ᠵᠡᠷᠬᠡ ᠪᠦᠲᠦᠬᠡᠯ᠃ ᠲᠡᠬᠡᠷᠡᠬᠢ 36 ᠲᠦᠪᠡᠳ ᠬᠡᠯᠡᠨ ᠤ ᠵᠤᠬᠢᠶᠠᠯ ᠢ ᠤᠳᠤ ᠠᠴᠠ ᠵᠠᠭᠤ ᠭᠠᠷᠤᠢ ᠵᠢᠯ ᠤᠨ ᠡᠮᠦᠨ᠎ᠠ᠂ ᠬᠦᠮᠪᠦᠮ ᠬᠡᠶᠢᠳ ᠤᠨ ᠬᠡᠪᠯᠡᠯ ᠡᠷᠬᠢᠯᠡᠬᠦ ᠭᠠᠵᠡᠷ ᠲᠤ ᠮᠤᠳᠤᠨ ᠪᠠᠷ ᠢᠶᠠᠷ ᠬᠡᠪᠯᠡᠵᠠᠢ᠃ ᠡᠬᠦᠨ ᠠᠴᠠ ᠭᠠᠳᠠᠨ᠎ᠠ᠂  ᠪᠠᠰᠠ ᠮᠤᠩᠭᠤᠯ ᠲᠦᠪᠡᠳ ᠲᠤᠯᠢ᠂ ᠲᠦᠪᠡᠳ ᠮᠤᠩᠭᠤᠯ ᠲᠤᠯᠢ ᠵᠡᠷᠬᠡ ᠠᠷᠪᠠᠭᠠᠳ ᠵᠤᠬᠢᠶᠠᠯ ᠪᠤᠢ ᠪᠢᠯᠠ᠂ ᠬᠡᠳᠠᠯ᠎ᠠ ᠮᠠᠨ ᠤ ᠭᠠᠷ ᠲᠤ ᠪᠦᠷᠢᠨ ᠦᠬᠡᠢ ᠪᠠᠶᠢᠭᠰᠠᠭᠠᠷ᠃ ᠪᠠᠶᠢᠬᠤ ᠦᠬᠡᠢ ᠬᠡᠰᠡᠭ ᠢ ᠵᠢᠭᠰᠠᠭᠠᠪᠠᠰᠦ᠄ ︽ᠮᠤᠩᠭᠤᠯ ᠦᠰᠦᠭ ᠤᠨ ᠶᠤᠰᠤᠨ ᠢ ᠰᠠᠶᠢᠳᠦᠷ ᠨᠤᠮᠯᠠᠭᠰᠠᠨ ᠬᠡᠯᠡᠨ ᠤ ᠴᠢᠮᠡᠭ ᠬᠡᠮᠡᠭᠳᠡᠬᠦ ᠰᠤᠳᠤᠷ ᠤᠷᠤᠰᠢᠪᠠ︾ ︽ᠵᠤᠬᠢᠰᠲᠦ ᠠᠶᠠᠯᠭᠤᠨ ᠤ ᠲᠤᠯᠢ ᠶᠢᠨ ᠭᠤᠷᠪᠠᠳᠤᠭᠠᠷ ᠪᠦᠯᠦᠭ ᠤᠨ ᠵᠢᠱᠢᠶ᠎ᠠ ᠰᠢᠯᠦᠭ ᠲᠤᠳᠤᠷᠬᠠᠢ ᠤᠶᠤᠨᠲᠦ ᠶᠢᠨ ᠬᠤᠭᠤᠯᠠᠢ ᠶᠢᠨ  ᠴᠢᠮᠡᠭ ᠦᠵᠡᠰᠬᠦᠯᠡᠩᠲᠦ ᠰᠤᠪᠤᠳ ᠡᠷᠢᠬᠡ︾ ︽ᠦᠯᠢᠬᠡᠷ ᠤᠨ ᠴᠢᠮᠡᠭ ᠤᠨ ᠡᠬᠦᠳᠡᠨ ᠠᠴᠠ ᠪᠠᠭᠰᠢ ᠪᠠᠨ ᠮᠠᠭᠳᠠᠬᠤ᠂ ᠡᠷᠳᠡᠮ ᠤᠨ ᠲᠠᠯᠠᠢ ᠤᠷᠤᠭᠤ ᠤᠷᠤᠰᠬᠤ ᠰᠦᠵᠢᠭ ᠤᠨ ᠮᠦᠷᠡᠨ ᠬᠡᠮᠡᠭᠳᠡᠭᠴᠢ︾ ︽ᠵᠤᠬᠢᠰᠲᠦ ᠠᠶᠠᠯᠭᠤᠨ ᠤ  ᠲᠤᠯᠢ ᠶᠢᠨ ᠬᠤᠶᠠᠳᠤᠭᠠᠷ ᠪᠦᠯᠦᠭ ᠤᠨ ᠠᠳᠠᠯᠢᠳᠬᠠᠨ ᠬᠡᠶᠢᠬᠦᠯᠬᠦ ᠦᠬᠡᠰ ᠤᠨ ᠦᠨᠳᠦᠰᠦ ᠠᠴᠠ ᠦᠪᠡᠷ ᠤᠨ  ᠪᠠᠭᠰᠢ ᠶᠢ ᠮᠠᠭᠳᠠᠨ ᠠᠳᠢᠰᠲᠦ ᠶᠢ ᠤᠷᠢᠬᠤ ᠡᠬᠡᠰᠢᠭ ᠢᠷᠠᠭᠤ ᠴᠡᠩᠬᠡᠯ︾ ︽ᠠᠷᠢᠭᠤᠳᠬᠠᠭᠰᠠᠨ ᠦᠰᠦᠭ ᠢ ᠲᠡᠪᠴᠢᠬᠦ ᠰᠠᠶᠢᠨ ᠨᠤᠮᠯᠠᠯ ᠦᠦᠷ ᠤᠨ ᠡᠬᠢᠨ ᠤ ᠲᠤᠶᠠᠭ᠎ᠠ︾ ︽ᠰᠠᠮᠨᠨᠳᠠᠪᠠᠷ᠎ᠠ ᠶᠢᠨ ᠬᠦᠷᠲᠦ︾ ︽ᠮᠠᠭᠳᠠᠭᠠᠯ ᠡᠷᠳᠡᠮ ᠤᠨ ᠲᠠᠯᠠᠢ ᠳᠤ ᠴᠢᠳᠬᠤᠨ ᠤᠷᠤᠬᠤ ᠰᠦᠨ ᠮᠦᠷᠡᠨ︾ ︽ᠮᠠᠭᠳᠠᠭᠠᠯ ᠦᠬᠡ ᠴᠡᠴᠡᠬᠡᠨ ᠡᠷᠢᠬᠡᠰ ᠤᠨ ᠴᠢᠮᠡᠭ  ︾ ︽ᠨᠡᠷ᠎ᠠ ᠤᠳᠬ᠎ᠠ ᠶᠢ ᠲᠤᠳᠤᠳᠬᠠᠭᠴᠢ ᠰᠠᠷᠠᠨ ᠤ ᠬᠡᠬᠡᠨ ᠬᠡᠷᠡᠯ ᠬᠡᠮᠡᠭᠳᠡᠬᠦ ᠲᠤᠬᠢᠶᠠᠨ ᠤ ᠪᠢᠴᠢᠭ ᠤᠷᠤᠰᠢᠪᠠ︾  ᠵᠡᠷᠬᠡ ᠪᠦᠲᠦᠬᠡᠯ ᠤᠳ᠃                  ︵︽ᠠᠯᠠᠱᠠ ᠬᠤᠱᠤᠳ ᠮᠤᠩᠭᠤᠯ ᠤᠨ ᠲᠤᠪᠴᠢ ᠲᠡᠤᠬᠡ︾ ᠨᠤᠮ ᠠᠴᠠ ᠰᠠᠶᠢᠷᠡᠬᠦᠯᠪᠡ︶      
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号