ᠠᠯᠠᠱᠠ ᠨᠤᠳᠤᠬ ᠤᠨ ᠠᠳᠠ ᠶᠢᠨ ᠤᠷᠤᠯᠳᠤᠭᠠᠨ ᠤ ᠡᠬᠦᠰᠤᠯ ᠬᠥᠭᠵᠢᠯ
ᠨᠡᠶᠢᠲᠡᠯᠡᠭᠰᠡᠨ ᠴᠠᠭ᠄
2019/4/11
    ᠲᠡᠮᠡᠭᠡ ᠭᠡᠳᠦ᠋ᠢᠪᠡᠷ ᠬᠥᠳᠡᠷ ᠪᠥᠳᠤᠬᠦᠨ ᠪᠡᠶ᠎ᠠ ᠲᠠᠢ᠂ ᠠᠯᠬᠤᠵᠤ ᠶᠠᠪᠤᠬᠤ ᠨᠢ ᠤᠳᠠᠭᠠᠪᠳᠤᠷ ᠰᠢᠬ ᠥᠵᠡᠭᠳᠡᠬᠦ ᠪᠤᠯᠪᠠᠴᠤ᠂ ᠬᠤᠷᠳᠤᠨ ᠬᠥᠶᠤᠳᠡᠯ ᠢᠶᠠᠷ ᠢᠶᠠᠨ ᠠᠬᠳᠠ ᠮᠤᠷᠢᠨ ᠠᠴᠠ ᠵᠢᠭᠠᠬᠠᠨ ᠴᠤ ᠲᠤᠳᠠᠬᠤ ᠥᠭᠡᠢ᠂ ᠠᠭᠤᠳᠠᠮ ᠲᠡᠨᠢᠭᠡᠷ ᠲᠠᠯ᠎ᠠ ᠳᠤ ᠠᠬᠳᠠ ᠮᠤᠷᠢ ᠠᠶᠢᠬᠤᠪᠳᠤᠷ ᠭᠡᠬᠦ ᠳᠤ᠂ ᠠᠯᠳᠠᠨ ᠰᠢᠷᠭᠠᠯ ᠡᠯᠡᠰᠤᠨ ᠳᠤ ᠠᠳᠠᠨ ᠲᠡᠮᠡᠭᠡ ᠨᠠᠩ ᠠᠶᠢᠬᠤᠪᠳᠤᠷ ᠪᠠᠶᠢᠳᠠᠬ ᠠᠵᠢ᠃ ᠠᠯᠠᠱᠠ ᠶᠢᠨ ᠭᠡᠭᠡᠷ᠎ᠠ ᠲᠠᠯ᠎ᠠ ᠳᠤ ᠠᠳᠠᠷᠰᠢᠨ ᠵᠡᠷᠯᠢᠭᠰᠢᠭᠰᠡᠨ ᠤᠷᠤᠭ᠎ᠠ ᠮᠤᠷᠢ ᠶᠢ ᠮᠤᠷᠢ ᠪᠠᠷ ᠬᠥᠭᠡᠭᠡᠵᠤ ᠬᠥᠢᠴᠡᠬᠦ ᠥᠭᠡᠢ ᠪᠤᠯ ᠠᠳᠠᠨ ᠲᠡᠮᠡᠭᠡ ᠪᠠᠷ ᠠᠮᠤᠰᠬᠢᠬᠦ ᠴᠢᠯᠤᠭᠡ ᠥᠭᠬᠦᠯ ᠥᠭᠡᠢ ᠪᠠᠷ ᠲᠠᠭᠤᠵᠤ ᠪᠠᠶᠢᠭᠠᠳ᠂ ᠤᠷᠤᠭ᠎ᠠ ᠮᠤᠷᠢᠨ ᠤ ᠴᠢᠳᠠᠯ ᠬᠥᠴᠤ ᠶᠢ ᠨᠢ ᠮᠠᠭᠤᠳᠠᠭᠤᠯᠤᠨ ᠵᠤᠬᠰᠤᠭᠠᠵᠤ ᠪᠠᠷᠢᠬᠤ ᠶᠠᠪᠤᠳᠠᠯ  ᠪᠠᠶᠢᠨ ᠪᠠᠶᠢᠨ ᠭᠠᠷᠳᠠᠬ ᠪᠢᠯᠡ᠃ ᠤᠷᠤᠭ᠎ᠠ ᠮᠤᠷᠢ ᠶᠠᠬᠳᠠᠨ ᠵᠤᠬᠰᠤᠵᠤ ᠪᠠᠶᠢᠬᠤ ᠳᠤ ᠤᠨᠤᠬᠰᠠᠨ ᠠᠳᠠ ᠬᠠᠷᠢᠨ  ᠠᠵᠢᠬ ᠴᠤ ᠥᠭᠡᠢ ᠬᠥᠶᠤᠵᠤ ᠪᠠᠶᠢᠳᠠᠬ ᠶᠤᠮ᠃           ᠲᠡᠮᠡᠭᠡ ᠤᠷᠤᠯᠳᠤᠬᠤ ᠶᠠᠪᠤᠳᠠᠯ ᠨᠢ ᠤᠷᠳᠤ ᠤᠳᠠᠭᠠᠨ ᠬᠤᠭᠤᠴᠠᠭᠠᠨ ᠳᠤ ᠡᠨᠡ ᠮᠡᠳᠤ ᠶᠢᠨ ᠥᠪᠡᠷᠮᠢᠴᠡ ᠤᠷᠴᠢᠨ ᠲᠤᠭᠤᠷᠢᠨ᠂ ᠠᠮᠢᠳᠤᠷᠠᠯ ᠲᠡᠮᠡᠴᠡᠯ ᠤᠨ ᠶᠠᠪᠤᠴᠠ ᠳᠤ ᠠᠯᠭᠤᠷ ᠠᠭᠠᠵᠢᠮ ᠢᠶᠠᠷ ᠬᠥᠭᠵᠢᠭᠰᠡᠭᠡᠷ ᠠᠳᠠᠷ ᠲᠠᠯ᠎ᠠ᠂ ᠮᠠᠩᠬᠠᠨ ᠨᠤᠳᠤᠬ ᠤᠨ ᠠᠷᠠᠳ ᠲᠥᠮᠡᠨ ᠤ ᠤᠷᠤᠯᠳᠤᠭᠠᠨ ᠨᠠᠶᠢᠷ ᠤᠨ ᠴᠢᠬᠤᠯᠠ ᠨᠢᠭᠡᠨ ᠠᠭᠤᠯᠭ᠎ᠠ ᠪᠤᠯᠤᠬᠰᠠᠨ  ᠪᠠᠶᠢᠨ᠎ᠠ᠃           ᠠᠯᠠᠱᠠ ᠶᠢᠨ ᠮᠠᠯᠴᠢᠳ ᠲᠡᠮᠡᠭᠡᠨ ᠰᠥᠷᠥᠭ ᠲᠡᠭᠡᠨ ᠤᠨᠴᠠᠯᠠᠨ ᠰᠤᠩᠭᠤᠵᠤ ᠲᠠᠯᠪᠢᠬᠰᠠᠨ ︽ᠡᠮᠡᠭᠡᠯ ᠤᠨ ᠠᠳᠠ︾ ᠪᠤᠶᠤ ︽ᠤᠨᠤᠯᠭ᠎ᠠ ᠶᠢᠨ ᠠᠳᠠ︾ ᠪᠠᠨ ᠤᠨᠤᠯᠭ᠎ᠠ ᠳᠤ ᠲᠤᠰᠬᠠᠢᠢᠯᠠᠨ ᠭᠡᠷᠡᠭᠯᠡᠬᠦ ᠠᠴᠠ ᠪᠢᠰᠢ᠂ ᠠᠶᠠᠨ ᠲᠡᠭᠡᠭᠡᠪᠤᠷᠢ ᠳᠤ ᠬᠠᠰᠢ ᠶᠠᠰᠢ ᠡᠳ᠋ᠯᠡᠳᠡᠭ ᠥᠭᠡᠢ ᠤᠴᠢᠷ ᠠᠴᠠ ᠭᠡᠵᠢᠶᠡᠳᠡ ᠬᠤᠷ ᠲᠠᠷᠭᠤ ᠲᠠᠢ᠂ ᠥᠡᠭᠭᠡ ᠥᠵᠡᠮᠵᠢᠳᠠᠢ ᠪᠠᠶᠢᠳᠠᠬ ᠶᠤᠮ᠃ ᠡᠩ ᠤᠨ ᠥᠶ᠎ᠠ ᠳᠤ ᠬᠥᠮᠤᠰ ︽ᠡᠮᠡᠭᠡᠯ ᠤᠨ ᠠᠳᠠ︾ ᠪᠠᠨ ᠢᠮᠠᠬᠳᠠ ᠬᠠᠶᠢᠷᠠᠯᠠᠨ ᠠᠷᠠᠴᠢᠯᠠᠵᠤ ᠤᠨᠤᠨ᠎ᠠ᠃ ᠬᠤᠷᠢᠮ ᠨᠠᠶᠢᠷ᠂ ᠤᠪᠤᠭᠠᠨ ᠤ ᠨᠠᠶᠢᠷ᠂ ᠭᠡᠶᠢᠳ ᠰᠥᠮ ᠎ᠠ ᠶᠢᠨ ᠢᠷᠤᠭᠡᠯ ᠵᠡᠷᠭᠡ ᠥᠪᠡᠳᠡᠭᠰᠢ ᠶᠡᠭᠡ ᠴᠤᠬᠯᠠᠭᠠᠨ ᠳᠤ ᠶᠠᠪᠤᠬᠤ ᠳᠠᠭᠠᠨ ︽ᠡᠮᠡᠭᠡᠯ ᠤᠨ ᠠᠳᠠᠨ︾ ᠤ ᠪᠠᠨ ᠢᠳᠡᠯᠭᠡ ᠰᠦᠢᠯᠭ᠎ᠠ ᠶᠢ ᠨᠢ  ᠲᠠᠭᠠᠷᠠᠭᠤᠯᠤᠨ ᠤᠨᠤᠵᠤ ᠶᠠᠪᠤᠬᠤ ᠶᠢ ᠮᠠᠰᠢ ᠴᠢᠬᠤᠯᠠᠴᠢᠯᠠᠨ᠎ᠠ᠃ ᠲᠡᠬᠦᠨᠴᠢᠯᠡᠨ᠂ ᠬᠥᠷ ᠬᠥᠭᠵᠢᠶᠡᠨ ᠲᠠᠢ ᠰᠢᠨ᠎ᠠ ᠶᠢᠨ ᠴᠠᠬ ᠲᠤ ᠠᠶᠢᠯ ᠰᠠᠭᠠᠬᠠᠯᠳᠠ ᠪᠠᠷ ᠰᠢᠨᠡᠯᠡᠬᠦ ᠪᠠ ᠠᠶᠢᠯ ᠤᠨ ᠬᠤᠷᠢᠮ ᠨᠠᠶᠢᠷ ᠲᠤ ᠤᠷᠢᠬᠳᠠᠨ  ᠶᠠᠪᠤᠬᠤ ᠳᠠᠭᠠᠨ ᠠᠷᠪᠠ ᠲᠠᠪᠤ ᠪᠠᠷ ᠢᠶᠠᠨ ᠬᠠᠮᠳᠤᠷᠠᠵᠤ᠂ ᠠᠳᠠ ᠶᠢᠨ ᠨᠢᠷᠤᠭᠤᠨ ᠲᠡᠭᠡᠷ᠎ᠠ ᠠᠷᠢᠬᠢᠨ ᠯᠤᠩᠬᠤ ᠵᠥᠷᠢᠬᠦᠯᠡᠵᠤ᠂ ᠠᠷᠢᠬᠢᠳᠠᠨ ᠨᠠᠷᠬᠢᠯᠳᠤᠵᠤ᠂ ᠥᠪᠡᠷ ᠥᠪᠡᠷ ᠤᠨ ᠠᠳᠠᠨ ᠤ ᠪᠠᠨ ᠬᠤᠷᠳᠤᠨ ᠬᠥᠶᠤᠳᠠᠯ ᠢ ᠰᠢᠯᠭᠠᠵᠤ᠂ ᠬᠤᠷᠢ ᠭᠤᠴᠢᠨ ᠭᠠᠵᠠᠷ ᠢ ᠭᠱᠠᠨ ᠵᠠᠭᠤᠷ᠎ᠠ ᠨᠢᠭᠡ ᠯᠡ ᠠᠮᠢᠰᠬᠤᠭ᠎ᠠ ᠪᠠᠷ ᠬᠤᠷᠤᠭᠠᠵᠤ ᠤᠷᠤᠯᠳᠤᠨ ᠶᠠᠪᠤᠵᠠᠭᠠᠳᠠᠬ ᠶᠤᠮ᠃ ᠵᠤᠷᠢᠬᠰᠠᠨ ᠠᠶᠢᠯ ᠳᠤ ᠢᠡᠭᠬᠢᠵᠤ ᠤᠷᠤᠯᠳᠤᠨ ᠤᠴᠢᠬᠤ ᠳᠤ᠂ ᠲᠡᠷᠡ ᠠᠶᠢᠯ ᠤᠨ ᠡᠵᠡᠨ ᠨᠢ ᠮᠥᠡᠭᠬᠦᠨ ᠠᠶᠠᠭ᠎ᠠ ᠲᠠᠢ ᠰᠥ ᠪᠠᠨ ᠪᠠᠷᠢᠵᠤ ᠲᠤᠰᠤᠨ ᠤᠴᠢᠭᠠᠳ ᠲᠥᠷᠥᠬᠦᠯᠡᠭᠰᠡᠨ ᠠᠳᠠ ᠶᠢ ᠮᠢᠯᠢᠶᠠᠵᠤ ᠢᠷᠤᠭᠡᠳᠡᠭ ᠵᠠᠩᠰᠢᠯ ᠲᠠᠢ ᠪᠠᠶᠢᠵᠡᠢ᠃ ᠡᠨᠡ ᠨᠢ ᠶᠠᠪᠤᠨ ᠶᠠᠪᠤᠬᠰᠠᠭᠠᠷ ᠤᠯᠠᠨ ᠲᠥᠮᠡᠨᠴᠢ ᠴᠢᠨᠠᠷ ᠲᠠᠢ᠂ ᠤᠷᠤᠨ ᠨᠤᠳᠤᠬ ᠤᠨ ᠤᠨᠴᠠᠯᠢᠬ ᠪᠥᠬᠦᠢ ᠠᠳᠠᠨ ᠲᠡᠮᠡᠭᠡᠨ ᠤ ᠤᠷᠤᠯᠳᠤᠭᠠᠨ ᠪᠤᠯᠵᠤ ᠭᠡᠯᠪᠡᠷᠢᠵᠢᠨ ᠤᠯᠠᠮᠵᠢᠯᠠᠬᠳᠠᠬᠰᠠᠨ ᠪᠠᠶᠢᠨ᠎ᠠ᠃           ᠢᠯᠠᠩᠭᠤᠶ᠎ᠠ ᠤᠢᠢᠷ᠎ᠠ ᠶᠢᠨ ᠵᠢᠯ ᠤᠳ ᠲᠤ᠂ ᠲᠡᠮᠡᠭᠡᠨ ᠤ ᠤᠷᠤᠯᠳᠤᠭᠠᠨ ᠨᠢ ᠥᠨᠳᠤᠰᠤᠳᠠᠨ ᠤ ᠭᠡᠯᠪᠡᠷᠢ ᠶᠢᠨ ᠪᠡᠶ᠎ᠠ ᠶᠢᠨ ᠲᠠᠮᠢᠷ ᠤᠨ ᠬᠥᠳᠡᠯᠭᠡᠭᠡᠨ ᠳᠤ ᠴᠢᠬᠤᠯᠠ ᠨᠢᠭᠡ ᠵᠦᠢᠯ ᠤᠨ ᠠᠭᠤᠯᠭ᠎ᠠ ᠪᠤᠯᠵᠤ ᠬᠥᠭᠵᠢᠭᠡᠳ ᠠᠬᠳᠠ ᠮᠤᠷᠢᠨ ᠤ ᠤᠷᠤᠯᠳᠤᠭᠠᠨ ᠲᠠᠢ ᠠᠳᠠᠯᠢ ᠴᠢᠬᠤᠯᠠ ᠪᠠᠶᠢᠷᠢ ᠶᠢ ᠡᠵᠡᠯᠡᠬᠦ ᠪᠤᠯᠤᠬᠰᠠᠨ ᠪᠠᠶᠢᠨ᠎ᠠ᠃                                                                  ︵︽ᠠᠯᠠᠱᠠ ᠶᠢᠨ ᠵᠠᠩ ᠠᠭᠠᠯᠢ︾ ᠨᠤᠮ ᠠᠴᠠ︶  
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号