ᠡᠷᠬᠦᠮᠵᠢᠯᠠᠯᠳᠤ ᠬᠠᠳᠤᠨ ᠶᠢᠨ ᠶᠦᠨ ᠴᠸᠡᠭ ᠤᠨ ᠤᠢᠢᠯᠨ ᠶᠠᠪᠤᠳᠠᠯ
ᠨᠡᠶᠢᠲᠡᠯᠡᠭᠰᠡᠨ ᠴᠠᠭ᠄
2019/3/19
      ᠶᠢᠨ ᠶᠦᠨ ᠴᠸᠡᠭ 1906 ᠤᠨ ︵ᠪᠠᠳᠠᠷᠠᠭᠤᠯᠳᠤ ᠲᠦᠷᠤ ᠶᠢᠨ ᠭᠤᠴᠢᠨ ᠬᠤᠶᠠᠳᠤᠭᠠᠷ ᠤᠨ︶ ᠤ ᠤᠯᠠᠭᠠᠨ ᠮᠤᠷᠢᠨ ᠵᠢᠯ ᠤᠨ ᠠᠷᠪᠠᠨ ᠨᠢᠭᠡᠨ ᠰᠠᠷ᠎ᠠ ᠶᠢᠨ ᠶᠢᠰᠤᠨ ᠳᠤ ᠴᠢᠩ ᠤᠯᠤᠰ ᠤᠨ ᠬᠠᠮᠤᠭ ᠤᠨ ᠰᠠᠬᠦᠯ ᠤᠨ ᠬᠠᠭᠠᠨ ᠭᠡᠪᠳᠤ ᠶᠤᠰᠤᠳᠤ ᠶᠢᠨ ᠲᠤᠯᠤᠳᠤᠭᠠᠷ ᠠᠪᠠᠭ᠎ᠠ ᠡᠴᠢᠭᠡ᠂ ᠲᠦᠷᠤ ᠶᠢᠨ ᠪᠠᠶᠢᠯᠨ ᠼᠠᠢ ᠲᠤᠤ ᠶᠢᠨ ᠦᠬᠢᠨ ᠪᠤᠯᠤᠨ ᠵᠠᠶᠠᠭᠠᠵᠠᠢ᠃ ᠪᠠᠭ᠎ᠠ ᠶᠢᠨ ᠨᠠᠷ᠎ᠠ ᠶᠢᠨ ᠶᠦᠨ ᠬᠤᠢ ᠭᠡᠳᠡᠭ᠂ ᠠᠪᠤ ᠡᠵᠢ ᠨᠢ 7 ᠨᠠᠰᠤᠳᠠᠢ ᠳᠤᠨᠢ ᠬᠢᠳᠠᠤᠨ ᠪᠢᠴᠢᠭ ᠢ ᠵᠢᠭᠠᠵᠤ ᠪᠠᠶᠢᠭᠠᠤᠨ ᠠᠩᠭ᠍ᠯᠢ ᠤᠯᠤᠰ ᠠᠴᠠ ᠪᠠᠭᠰᠢ ᠲᠤᠰᠬᠠᠢ ᠤᠷᠢᠵᠤ ᠭᠡᠷ ᠲᠤ ᠪᠠᠨ ᠰᠠᠭᠤᠯᠭᠠᠵᠤ᠂ ᠠᠩᠭ᠍ᠯᠢ ᠭᠡᠯᠨ ᠰᠤᠷᠭᠠᠵᠠᠢ᠃ ᠲᠠᠷᠨ ᠠᠩᠭ᠍ᠯᠢ ᠭᠡᠯᠨ ᠦᠰᠥᠭ ᠪᠢᠴᠢᠭ ᠢ ᠡᠵᠠᠮᠰᠢᠵᠤ᠂ ᠶᠡᠭᠡ ᠰᠤᠷᠭᠠᠭᠤᠯᠢ ᠶᠢᠨ ᠬᠢᠷᠢ ᠭᠡᠮᠵᠢᠶ᠎ᠠ ᠳᠤ ᠬᠦᠷᠴᠤ ᠭᠠᠳᠠᠭᠠᠳᠤ ᠭᠡᠯᠠᠨ ᠤ ᠨᠤᠮ ᠵᠤᠬᠢᠶᠠᠯ ᠤᠡᠭᠰᠢᠬᠤ᠂ ᠰᠢᠯᠥᠭᠯᠠᠵᠤ ᠨᠠᠶᠢᠷᠠᠭᠤᠯᠬᠤ᠂ ᠵᠢᠷᠤᠬᠤ ᠵᠠᠷᠭᠡ ᠤᠯᠠᠨ ᠲᠦᠷᠤᠯ ᠤᠨ ᠡᠷᠳᠠᠮ ᠢ ᠰᠤᠷᠤᠭᠰᠠᠨ ᠶᠤᠮ᠃ ᠲᠠᠷᠨ ᠦᠷᠬᠦᠯᠵᠢ ᠲᠦᠷᠤ᠂ ᠱᠠᠰᠢᠨ ᠬᠤᠶᠠᠷ ᠶᠤᠰᠤᠨ ᠤ ᠨᠤᠮ ᠰᠤᠳᠤᠷ ᠢ ᠤᠡᠭᠰᠢᠵᠤ᠂ ᠤᠤᠠᠬ᠎ᠠ ᠶᠢ ᠲᠠᠶᠢᠯᠪᠤᠷᠢᠯᠠᠳᠠᠭ ᠪᠠ ᠤᠯᠤᠰ ᠲᠦᠷᠤ ᠶᠢᠨ ᠤᠨᠤᠯ‌ᠮᠠᠳᠠᠯᠭᠡ ᠳᠤ ᠨᠠᠪᠳᠠᠷᠭᠡᠢ ᠪᠠᠶᠢᠵᠠᠢ᠃     1924 ᠤᠨ ︵ᠢᠷᠭᠡᠨ ᠤᠯᠤᠰ ᠤᠨ ᠠᠷᠪᠠᠨ ᠭᠤᠷᠪᠠᠳᠤᠭᠠᠷ ᠤᠨ︶ ᠳᠤ 18 ᠨᠠᠰᠤᠳᠠᠢ ᠳᠤ ᠪᠠᠨ ᠠᠯᠠᠱᠠ ᠬᠤᠰᠢᠭᠤᠨ ᠤ ᠸᠠᠩ ᠯᠾᠠᠸᠠᠩᠪᠦ᠋ᠷᠥᠭᠵᠢᠯ ᠤᠨ ᠠᠬᠠᠮᠠᠤᠨ ᠬᠦᠪᠠᠬᠦᠨ ᠳ᠋ᠠᠨᠢᠽᠠᠨ᠎ᠠ ᠲᠠᠢ ᠤᠷᠤᠭ ᠬᠤᠯᠪᠤᠵᠤ᠂ ᠪᠡᠭᠡᠵᠢᠩ ᠳᠤ ᠬᠢ ᠠᠯᠠᠱᠠ ᠨᠤᠶᠠᠨ ᠤ ᠤᠷᠳᠤᠨ ᠳᠤ ᠬᠤᠷᠢᠮ ᠤᠨ ᠶᠤᠰᠤᠯᠠᠯ ᠬᠢᠵᠠᠢ᠃  ᠬᠠᠳᠠᠮ ᠠᠪᠤ ᠡᠵᠢ ᠨᠢ ᠶᠢᠨ ᠶᠦᠨ ᠴᠸᠡᠭ ᠭᠡᠬᠦ ᠨᠠᠷ᠎ᠠ ᠬᠠᠶᠢᠷᠠᠯᠠᠵᠠᠢ᠃                     ᠶᠢᠨ ᠶᠦᠨ ᠴᠸᠡᠭ ᠰᠢᠯᠦᠭ ᠬᠠᠤᠠᠬᠤᠵᠤ ᠦᠬᠢᠨ ᠳᠤ ᠪᠠᠨ ᠬᠠᠶᠢᠷᠠᠯᠠᠪᠠ                ᠶᠡᠭᠡ ᠦᠬᠢᠨ ᠳ᠋ᠠ ᠵᠢᠶᠠᠨ ᠹᠧᠨ ᠨᠢ ᠤᠷᠤᠭᠯᠠᠬᠤ ᠦᠶ᠎ᠠ ᠳᠤ ᠡᠭᠡ ᠶᠢᠨ ᠶᠦᠨ ᠴᠸᠡᠭ ᠨᠢ ᠨᠢᠭᠡ ᠡᠯᠬᠦᠮᠠᠯ ᠲᠤᠷᠭᠠᠨ ᠡᠬᠦᠳᠡᠨ ᠪᠦᠷᠬᠦᠬᠦᠯ ᠢ ᠭᠠᠷ ᠢᠶᠠᠷ ᠵᠶ᠋ᠠᠨ‌ᠬᠠᠤᠠᠬᠤᠵᠤ ᠪᠠᠯᠡᠭᠯᠠᠵᠠᠢ᠃ ᠳ᠋ᠠ ᠵᠢᠶᠠᠨ ᠹᠧᠨ᠄ ︽ᠡᠵᠢ ᠮᠢᠨᠢ ᠨᠠᠳᠤᠷ ᠡᠯᠬᠦᠮᠠᠯ ᠲᠤᠷᠭᠠᠨ ᠡᠬᠦᠳᠠ ᠬᠠᠶᠢᠷᠠᠯᠠᠭᠰᠠᠨ ᠶᠤᠮ᠃ ᠦᠪᠠᠷ ᠤᠨ ᠭᠠᠷ ᠢᠶᠠᠷ ᠢᠶᠠᠨ ᠲᠦᠷᠪᠠᠨ ᠦᠬᠦᠯᠠᠪᠤᠷᠢ ᠰᠢᠯᠦᠭ ᠢ ᠬᠠᠤᠠᠬᠤᠵᠤ ᠦᠭᠬᠦᠭᠰᠠᠨ︾ ᠭᠡᠪᠠ᠃ ᠦᠭᠡ ᠢᠨᠤ᠄ ᠬᠠᠪᠤᠷ ᠤᠨ ᠨᠦᠢᠷ ᠲᠤ ᠮᠠᠩᠰᠢᠭᠤᠷᠠᠨ ᠤᠠᠳᠠᠬᠤᠶ᠎ᠠ ᠭᠡᠭᠡᠷᠠᠬᠦ ᠶᠢ ᠦᠯᠤ ᠮᠠᠳᠠᠨᠠᠮ᠂ ᠭᠡᠰᠢᠭ ᠰᠠᠷᠠᠪᠴᠢᠨ‌‍ᠤ ᠵᠢᠬᠦᠷᠳᠠᠨ ᠰᠢᠪᠠᠭᠤᠤᠨ ᠬᠠᠶᠠ‌ᠦᠭᠡᠢ ᠵᠢᠷᠬᠢᠨ ᠲᠤᠩᠭᠤᠳᠤᠨ᠎ᠠ᠂ ᠬᠠᠷᠠᠩᠭᠤᠢ ᠰᠦᠨᠢ ᠶᠢᠨ ᠰᠠᠯᠬᠢᠨ ᠪᠤᠷᠤᠭᠠᠨ ᠤ ᠰᠠᠴᠢᠯᠠᠯ ᠴᠦᠭᠡᠨ‌‍ᠳᠤ᠂ ᠬᠤᠸᠠᠷ ᠴᠡᠴᠡᠭ ᠤᠨ ᠭᠡᠳᠤᠢ ᠵᠤᠯᠭᠠᠭᠰᠠᠨ ᠢ ᠭᠡᠷᠬᠢᠨ ᠤᠯᠵᠤ ᠮᠠᠳᠠᠮᠤᠢ᠃             ᠡᠨᠡ ᠪᠤᠯ ᠲᠠᠩ ᠤᠯᠤᠰ ‍ᠤᠨ‌ᠠᠯᠳᠠᠷᠳᠤ ᠰᠢᠯᠥᠭᠴᠢ ᠮᠸᠡᠭ ᠬᠤᠤ ᠿᠠᠨ ᠤ ᠰᠢᠯᠥᠭ ᠶᠤᠮ᠃     ᠡᠨᠡ ᠪᠤᠯ ᠡᠯᠬᠦᠮᠠᠯ ᠲᠤᠷᠭᠠᠨ ᠡᠬᠦᠳᠠ ᠪᠠᠨ ᠳ᠋ᠠ ᠵᠢᠶᠠᠨ ᠹᠧᠨ ᠦᠪᠠᠷ ᠤᠨ ᠰᠠᠭᠤᠭ᠎ᠠ ᠰᠢᠨ᠎ᠠ ᠭᠡᠷ ᠤᠨ ᠡᠬᠦᠳᠠᠨ ᠳᠤ ᠪᠠᠨ ᠡᠯᠬᠦᠵᠤ ᠪᠠᠶᠢᠭᠰᠠᠨ ᠭᠡᠳᠡᠭ᠃            ᠶᠢᠨ ᠶᠦᠨ ᠴᠸᠡᠭ ᠬᠠᠳᠤᠨ᠂ 1949 ᠤᠨ ᠤ 9 ᠰᠠᠷ᠎ᠠ ᠶᠢᠨ 23 ᠳᠤ ᠲᠤᠮᠳᠠᠳᠤ ᠤᠯᠤᠰ ᠤᠨ ᠡᠪ ᠬᠠᠮᠳᠤ ᠨᠠᠮ ᠢ ᠬᠠᠯᠠᠭᠤᠨ ᠢᠶᠠᠷ ᠬᠦᠷᠢᠶᠠᠯᠠᠵᠤ᠂ ᠨᠦᠬᠦᠷ ᠳ᠋ᠠᠨᠢᠽᠠᠨ᠎ᠠ ᠪᠤᠯᠤᠨ ᠠᠯᠠᠱᠠ‌ᠬᠤᠰᠢᠭᠤᠨ ᠤ ᠡᠯ᠎ᠠ ᠦᠡᠳᠤᠰᠤᠳᠠᠨ ᠤ ᠠᠷᠠᠤᠨ ᠲᠦᠮᠠᠨ ᠢᠶᠠᠨ ᠲᠠᠭᠠᠵᠤ ᠠᠯᠠᠱᠠ ᠬᠤᠰᠢᠭᠤ ᠪᠠᠨ ᠨᠠᠶᠢᠷᠠᠮᠳᠠᠯ ᠢᠶᠠᠷ ᠴᠢᠯᠤᠭᠡᠯᠠᠪᠠ᠃ ᠴᠢᠯᠤᠭᠡᠯᠡᠭᠳᠡᠭᠰᠠᠨ ᠤ ᠲᠠᠷᠠᠭ᠎ᠠ᠂ ᠶᠢᠨ ᠶᠦᠨ ᠴᠸᠡᠭ ᠨᠢᠩᠰᠢᠶᠠ ᠮᠤᠵᠢ ᠶᠢᠨ ᠠᠷᠠᠤᠠᠴᠢᠯᠠᠭᠰᠠᠨ ᠡᠮᠡᠭᠳᠠᠶᠢᠴᠤᠤᠨ ᠤᠨ ᠬᠤᠯᠪᠤᠭᠠᠳᠤ ᠬᠤᠷᠠᠯ ᠤᠨ ᠲᠠᠳ᠋ ᠡᠷᠬᠢᠯᠡᠭᠴᠢ᠂ ᠪᠠᠶᠠᠠᠨᠠᠭᠤᠷ ᠠᠶᠢᠮᠠᠭ ᠤᠨ ᠡᠮᠡᠭᠳᠠᠶᠢᠴᠤᠤᠨ ᠤᠨ ᠬᠤᠯᠪᠤᠭᠠᠳᠤ ᠬᠤᠷᠠᠯ ᠤᠨ ᠡᠷᠬᠢᠯᠡᠭᠴᠢ ᠪᠦᠭᠡᠤᠨ ᠦᠪᠤᠷ ᠮᠤᠩᠭᠤᠯ ᠤᠨ ᠦᠪᠠᠷᠳᠠᠭᠡᠨ ᠵᠠᠰᠠᠬᠤ ᠤᠷᠤᠨ ᠤ ᠬᠤᠶᠠᠳᠤᠭᠠᠷ᠂ ᠭᠤᠷᠪᠠᠳᠤᠭᠠᠷ ᠬᠤᠭᠤᠴᠠᠭᠠᠨ ᠤ ᠠᠷᠠᠤᠨ ᠤᠨ ᠲᠦᠯᠤᠭᠡᠯᠡᠭᠴᠢ ᠶᠢᠨ ᠶᠡᠭᠡ ᠬᠤᠷᠠᠯ ᠤᠨ ᠲᠦᠯᠤᠭᠡᠯᠡᠭᠴᠢ᠂ ᠪᠦᠬᠦ ᠤᠯᠤᠰ ᠤᠨ ᠡᠮᠡᠭᠳᠠᠶᠢᠴᠤᠤᠨ ᠤᠨ ᠲᠦᠯᠤᠭᠡᠯᠡᠭᠴᠢᠤᠨ ᠤᠨ ᠶᠡᠭᠡ ᠬᠤᠷᠠᠯ ᠤᠨ ᠲᠦᠯᠤᠭᠡᠯᠡᠭᠴᠢ ᠪᠠᠶᠢᠵᠤ ᠦᠡᠭᠭᠡᠷᠠᠵᠠᠢ᠃ ᠰᠤᠶᠤᠯ ᠤᠨ ᠬᠤᠪᠢᠰᠬᠠᠯ ᠤᠨ ᠲᠤᠮᠳᠠ᠂ ᠬᠤᠪᠢᠰᠬᠠᠯ ᠢ ᠡᠰᠠᠷᠬᠦᠴᠡᠭᠴᠢ ᠪᠠᠷ ᠵᠢᠯ ᠭᠠᠷᠤᠢ ᠶᠢᠨ ᠬᠤᠭᠤᠴᠠᠭ᠎ᠠ ᠳᠤ ᠴᠢᠷᠥᠭᠳᠠᠵᠤ᠂ ᠭᠡᠷᠴᠠᠭᠡᠢ ᠬᠤᠤᠷᠯᠠᠯ ᠬᠢᠯᠢᠰ ᠢ ᠠᠮᠰᠠᠵᠤ᠂ ᠬᠦᠡᠳᠤ ᠡᠪᠠᠤᠡᠴᠢᠳᠠᠨ ᠳᠤ ᠨᠠᠷᠪᠡᠭᠳᠠᠵᠤ᠂1969 ᠤᠨ ᠤ 11 ᠰᠠᠷ᠎ᠠ ᠶᠢᠨ 18 ᠤ ᠡᠳᠤᠷ ᠨᠠᠰᠤ ᠪᠠᠷᠠᠵᠠᠢ᠃᠂                           ᠶᠢᠨ ᠶᠦᠨ ᠴᠸᠡᠭ ᠬᠠᠳᠤᠨ ᠤ ᠠᠪᠤ ᠡᠵᠢ               ᠬᠠᠳᠤᠨ ᠤ ᠠᠪᠤ ᠼᠠᠢ ᠲᠤᠤ ᠪᠤᠯ ᠠᠶᠢᠰᠢᠨ ᠬᠢᠤᠷᠤ ᠤᠪᠤᠭᠳᠤ ᠮᠠᠡᠵᠤ ᠦᠡᠳᠤᠰᠤᠳᠠᠨ ᠤ ᠲᠠᠭᠡᠳᠤ ᠢᠵᠠᠭᠤᠷᠳᠠᠨ ᠭᠠᠷᠤᠯᠳᠠᠢ᠃ ᠲᠠᠷᠨ ᠴᠢᠩ ᠤᠯᠤᠰ ᠤᠨ ᠵᠠᠰᠠᠭ ᠤᠨ ᠭᠠᠵᠠᠷ ᠲᠤ ᠪᠠᠶᠢᠯᠨ ᠶᠢᠨ ᠲᠤᠰᠢᠶᠠᠯ ᠲᠠᠢ  ᠪᠠᠶᠢᠵᠠᠢ᠃ ᠡᠵᠢ ᠨᠢ ᠴᠢᠩ ᠤᠯᠤᠰ ᠤᠨ ᠲᠤᠳᠤᠭᠠᠳᠤ ᠶᠠᠪᠤᠳᠠᠯ ᠤᠨ ᠤᠷᠳᠤᠨ ᠤ ᠲᠦᠰᠢᠮᠠᠯ ᠵᠢᠶᠠᠩ ᠵᠦᠡᠭ ᠲᠠᠩ ᠤᠨ ᠦᠬᠢᠨ ᠵᠢᠶᠠᠩ ᠸᠧᠨ ᠶᠢᠨ ᠪᠤᠯᠠᠢ᠃ ᠲᠠᠷᠨ ᠲᠦᠷᠪᠠᠨ ᠬᠦᠪᠠᠬᠦᠨ᠂ ᠬᠤᠶᠠᠷ ᠦᠬᠢᠨ ᠲᠠᠢ ᠪᠠᠶᠢᠵᠠᠢ᠃ ᠶᠡᠭᠡ ᠬᠦᠪᠠᠬᠦᠨ ᠨᠢ ᠡᠷᠳᠠ ᠨᠠᠰᠤ ᠪᠠᠷᠠᠵᠠᠢ᠂ ᠬᠤᠶᠠᠳᠤᠭᠠᠷ ᠬᠦᠪᠠᠬᠦᠨ ᠹᠥ᠋ ᠵᠢᠶᠠ ᠪᠤᠯ ᠪᠠᠭ᠎ᠠ ᠳᠤ ᠪᠠᠨ ᠹᠥ᠋ ᠢ ᠬᠠᠭᠠᠨ ᠲᠠᠢ ᠬᠠᠮᠳᠤ ᠬᠢᠳᠠᠤᠨ᠂ ᠠᠩᠭ᠍ᠯᠢ ᠵᠠᠷᠭᠡ ᠭᠡᠳᠤᠨ ᠲᠦᠷᠤᠯ ᠤᠨ ᠭᠡᠯᠨ ᠪᠢᠴᠢᠭ ᠢ ᠰᠤᠷᠤᠯᠴᠠᠵᠤ ᠦᠡᠭᠭᠡᠷᠠᠵᠠᠢ᠃ ᠲᠠᠷᠨ 1918 ᠤᠨ ᠳᠤ ᠡᠪᠠᠤᠡᠴᠢᠨ ᠢᠶᠠᠷ ᠨᠠᠰᠤ ᠪᠠᠷᠠᠵᠠᠢ᠃ ᠭᠤᠷᠪᠠᠳᠤᠭᠠᠷ ᠬᠦᠪᠠᠬᠦᠨ ᠨᠢ ᠶᠠᠫᠥᠨ ᠢ ᠡᠰᠠᠷᠬᠦᠴᠠᠬᠦ ᠲᠠᠶᠢᠨ ᠤ ᠦᠶ᠎ᠠ ᠳᠤ ᠨᠠᠰᠤ ᠪᠠᠷᠠᠵᠠᠢ᠃ ᠲᠦᠷᠪᠠᠳᠤᠭᠡᠷ ᠬᠦᠪᠠᠬᠦᠨ ᠨᠢ 14 ᠲᠠᠢ ᠳᠤ ᠪᠠᠨ ᠨᠠᠰᠤ ᠪᠠᠷᠠᠵᠠᠢ᠃ ᠶᠡᠭᠡ  ᠦᠬᠢᠨ ᠨᠢ 16 ᠲᠠᠢ ᠨᠠᠰᠤ ᠪᠠᠷᠠᠵᠠᠢ᠃ ᠬᠤᠶᠠᠳᠤᠭᠠᠷ ᠦᠬᠢᠨ ᠶᠢᠨ ᠶᠦᠨ ᠬᠤᠢ ᠭᠠᠭᠴᠠᠭᠠᠷ ᠦᠯᠠᠳᠡᠭᠰᠠᠨ ᠪᠤᠯᠬᠤᠷ ᠠᠪᠤ ᠡᠵᠢ ᠶᠢᠨ ᠢᠶᠠᠨ ᠠᠯᠠᠭᠠᠨ ᠲᠠᠭᠡᠷ᠎ᠠ ᠪᠦᠮᠪᠤᠷᠢᠬᠦ ᠡᠷᠳᠠᠨᠢ ᠮᠠᠳᠤ ᠬᠠᠶᠢᠷᠠᠯᠠᠭᠳᠠᠨ ᠦᠰᠴᠠᠢ᠃ ᠡᠶᠢᠮᠤ ᠳᠤ ᠠᠪᠤ ᠨᠢ ᠦᠷᠬᠦᠯᠵᠢ ᠦᠬᠢᠨ ᠳᠤ ᠪᠠᠨ ᠤᠷᠠᠨ ᠪᠢᠴᠢᠯᠭᠡ᠂ ᠵᠢᠷᠤᠭ ᠵᠢᠷᠤᠬᠤ᠂ ᠲᠠᠭᠤᠯᠬᠠᠤ  ᠬᠦᠭᠵᠢᠮᠳᠠᠬᠦ᠂ ᠰᠢᠯᠦᠭ ᠵᠤᠬᠢᠶᠠᠬᠤ ᠤᠷᠠᠯᠢᠭ ᠤᠨ ᠵᠦᠢᠯ ᠢ ᠵᠢᠭᠠᠵᠤ ᠦᠭᠳᠡᠭ ᠪᠠᠶᠢᠪᠠ᠃ ᠲᠠᠷᠨ ᠪᠢᠴᠢᠭ ᠰᠤᠶᠤᠯ᠂ ᠤᠤᠠᠬ᠎ᠠ ᠤᠷᠠᠯᠢᠭ᠂ ᠤᠶᠤᠳᠠᠯ ᠤᠢᠢᠯᠨ ᠳᠤ ᠪᠠᠭ᠋ᠠᠳᠠᠢ ᠪᠦᠭᠡᠤᠨ ᠭᠡᠷ ᠵᠠᠭᠤᠷᠠᠬᠢ ᠶᠢᠨ ᠠᠵᠤ ᠤᠢᠢᠯᠨ ᠳᠤ ᠭᠠᠷᠮᠠᠭᠠᠢ  ᠪᠤᠷᠤᠭᠵᠢᠭᠤᠨ ᠠᠮᠢᠳᠤᠷᠠᠯ ᠲᠠᠢ ᠭᠡᠤᠭᠡᠤᠨ ᠪᠠᠶᠢᠵᠠᠢ᠃ ᠡᠨᠡ ᠭᠡᠷᠡᠭ ᠢ ᠡᠷᠬᠦᠮᠵᠢᠯᠠᠯᠳᠤ ᠬᠠᠳᠤᠨ ᠤ ᠶᠡᠭᠡ ᠦᠬᠢᠨ ᠳ᠋ᠠ ᠵᠢᠶᠠᠨ ᠹᠧᠨ ᠪᠢᠴᠢᠭᠰᠡᠨ ᠮᠠᠲ᠋ᠧᠷᠢᠶᠠᠯ ᠳᠤ ᠪᠠᠨ ᠲᠤᠳᠤᠷᠬᠠᠢ ᠲᠠᠮᠳᠡᠭᠯᠠᠵᠠᠢ᠃                  ᠶᠢᠨ ᠶᠢᠨ ᠴᠸᠡᠭ ᠬᠠᠳᠤᠨ ᠠᠯᠠᠱᠠ ᠶᠢᠨ ᠦᠬᠢᠤᠨ ᠤᠨ ᠰᠤᠷᠭᠠᠭᠤᠯᠢ ᠶᠢ ᠪᠠᠶᠢᠭᠤᠯᠪᠠ                ᠡᠷᠬᠦᠮᠵᠢᠯᠠᠯᠳᠤ ᠬᠠᠳᠤᠨ ᠶᠢᠨ ᠶᠦᠨ ᠴᠸᠡᠭ ᠠᠯᠠᠱᠠ ᠳᠤ ᠦᠬᠢᠤᠨ ᠤᠨ ᠰᠤᠷᠭᠠᠭᠤᠯᠢ ᠶᠢ ᠪᠠᠶᠢᠭᠤᠯᠬᠤ ᠦᠶ᠎ᠠ ᠳᠤ ᠲᠦᠷᠤ ᠪᠠᠷᠢᠭᠴᠢ ᠵᠠᠷᠢᠮ ᠬᠦᠮᠤᠨ ᠤ ᠡᠰᠠᠷᠬᠦᠴᠠᠯ ᠢ ᠤᠯᠵᠠᠢ᠃ ᠭᠡᠪᠠᠴᠤ ᠲᠠᠷᠨ ᠠᠯᠠᠱᠠ ᠶᠢᠨ ᠡᠮᠡᠭᠳᠠᠶᠢᠴᠤᠤᠨ ᠤᠨ ᠰᠤᠶᠤᠯ ᠭᠡᠭᠡᠷᠠᠯ ᠢ ᠲᠠᠭᠡᠭᠰᠢᠯᠠᠬᠦᠯᠬᠦ ᠶᠢᠨ ᠲᠦᠯᠤᠭᠡ ᠠᠯᠢᠪᠠ ᠡᠰᠠᠷᠬᠦᠴᠠᠯ ᠢ ᠲᠠᠪᠠᠵᠤ ᠠᠯᠠᠱᠠ ᠳᠤ ᠠᠩᠬᠠᠨ ᠤ ᠦᠬᠢᠤᠨ ‍ᠤᠨ‌‍ᠰᠤᠷᠭᠠᠭᠤᠯᠢ ᠶᠢ ᠪᠠᠶᠢᠭᠤᠯᠤᠭᠰᠠᠨ ᠢᠶᠠᠷ ᠪᠠᠷᠠᠬᠤ ᠦᠭᠡᠢ᠂ ᠰᠤᠷᠤᠭᠴᠢᠤᠨ ᠤᠨ ᠠᠮᠢᠳᠤᠷᠠᠯ ᠰᠦᠢᠤᠠᠭᠡᠯ ᠢ ᠴᠤ ᠰᠢᠢᠤᠠᠪᠤᠷᠢᠯᠠᠵᠤ ᠦᠭᠴᠠᠢ᠃ ᠦᠬᠢᠤᠨ ᠤᠨ ᠰᠤᠷᠭᠠᠭᠤᠯᠢ ᠶᠢᠨ ᠭᠡᠷᠡᠭᠴᠡᠭᠡ ᠶᠠᠭᠤᠮ᠎ᠠ ᠶᠢ ᠬᠤᠰᠢᠭᠤᠨ ᠤ ᠡᠳ᠋ ᠤᠨ ᠵᠠᠰᠠᠭ ᠤᠨ ᠭᠠᠵᠠᠷ ᠠᠴᠠ ᠬᠠᠨᠭ᠍ᠭᠠᠵᠤ ᠦᠭᠳᠡᠭ᠃ ᠵᠢᠱᠢᠶᠠᠯᠠᠪᠠᠯ᠂ ᠬᠢᠴᠢᠶᠠᠯ ᠤᠨ ᠰᠤᠳᠤᠷ᠂ ᠦᠰᠤᠨ ᠪᠢᠷ᠂ ᠪᠡᠭᠡ ᠴᠠᠭᠠᠰᠤ᠂ ᠰᠢᠷᠡᠭᠡ ᠰᠠᠠᠳᠠᠯᠢ ᠵᠠᠷᠭᠡ ᠶᠢ ᠰᠢᠢᠤᠠᠪᠤᠷᠢᠯᠠᠵᠤ ᠦᠭᠬᠦᠭᠰᠠᠨ ᠢᠶᠠᠷ ᠪᠠᠷᠠᠬᠤ ᠦᠭᠡᠢ᠂ ᠪᠠᠰᠠ ᠲᠤᠰᠬᠠᠢ ᠬᠤᠭᠤᠯᠠᠨ ᠭᠡᠷ ᠪᠠᠶᠢᠭᠤᠯᠵᠤ ᠢᠳᠠᠬᠦ ᠤᠤᠭᠤᠬᠤ᠂ ᠠᠮᠤ  ᠬᠦᠨᠠᠰᠤ ᠵᠠᠷᠭᠡ ᠠᠮᠢᠳᠤᠷᠠᠯ ᠤᠨ ᠭᠡᠷᠡᠭᠴᠡᠭᠡ ᠪᠦᠬᠦᠨ ᠢ ᠠᠯᠪᠠᠨ ᠠᠴᠠ ᠬᠠᠨᠭ᠍ᠭᠠᠬᠤ ᠠᠴᠠ ᠭᠠᠳᠠᠨ᠎ᠠ᠂ ᠡᠪᠤᠯ ᠵᠤᠨ ᠤ ᠬᠤᠪᠴᠠᠰᠤ᠂ ᠮᠠᠯᠠᠭᠠᠢ᠂ ᠱᠠᠬᠠᠢ᠂ ᠨᠢᠭᠤᠷ ᠤᠨ ᠰᠠᠪᠤᠡᠭ᠂ ᠠᠯᠴᠢᠭᠤᠷ ᠵᠠᠷᠭᠡ ᠡᠳᠤᠷ ᠲᠤᠳᠤᠮ ᠤᠨ ᠭᠡᠷᠡᠭᠴᠡᠭᠡ ᠶᠢ  ᠨᠢᠭᠡᠳᠤᠯᠳᠠᠢ ᠲᠤᠬᠢᠷᠠᠭᠤᠯᠤᠨ ᠦᠭᠴᠤ ᠪᠠᠶᠢᠵᠠᠢ᠃ ᠰᠤᠷᠤᠭᠴᠢ ᠠᠴᠠ ᠶᠠᠮᠠᠷ ᠴᠤ ᠰᠦᠢᠤᠠᠭᠡᠯ ᠠᠪᠳᠠᠭ ᠦᠭᠡᠢ᠂  ᠪᠦᠷᠢᠨ ᠲᠠᠬᠦᠯᠳᠠᠷ ᠠᠯᠪᠠᠨ ᠴᠢᠨᠠᠷᠳᠠᠢ ᠰᠤᠷᠭᠠᠭᠤᠯᠢ ᠪᠠᠶᠢᠭᠤᠯᠵᠠᠢ᠃              ᠨᠢᠯᠬ᠎ᠠ ᠪᠠᠭ᠎ᠠ ᠰᠤᠷᠤᠭᠴᠢ ᠶᠢ ᠦᠳᠠᠰᠢ ᠬᠠᠷᠢᠬᠤ ᠳᠤᠨᠢ ᠲᠤᠰᠬᠠᠢ ᠬᠦᠮᠤᠨ ᠲᠤᠮᠢᠯᠠᠨ ᠭᠡᠷ ᠲᠤᠨᠢ ᠬᠦᠷᠭᠡᠵᠤ ᠦᠭᠳᠡᠭ᠃ ᠠᠮᠢᠳᠤᠷᠠᠯ ᠶᠠᠳᠠᠭᠤ ᠭᠡᠷ ᠤᠨ ᠰᠤᠷᠤᠭᠴᠢ ᠳᠤ ᠬᠠᠳᠤᠨ ᠴᠠᠯᠢᠩ ᠤᠨ ᠵᠤᠭᠤᠰ ᠢᠶᠠᠷ ᠭᠠᠷ ᠵᠠᠷᠤᠳᠠᠯ ᠦᠭᠬᠦ ᠠᠴᠠ ᠭᠠᠳᠠᠨ᠎ᠠ᠂ ᠭᠡᠷ ᠤᠨ ᠠᠪᠤ ᠡᠵᠢ ᠳᠤᠨᠢ ᠵᠤᠭᠤᠰ ᠮᠦᠡᠭᠬᠦ᠂ ᠡᠳ᠋ ᠪᠤᠳᠠᠰ ᠲᠤᠰᠠᠯᠠᠨ ᠲᠠᠮᠵᠢᠯᠭᠡ ᠦᠵᠠᠬᠦᠯᠵᠤ ᠭᠡᠷ ᠤᠨ ᠠᠬᠠᠮᠠᠤᠨ ᠢ ᠰᠤᠷᠪᠤᠯᠵᠢᠯᠠᠨ ᠤᠢᠢᠯᠠᠭᠠᠵᠤ ᠲᠤᠬᠤᠨᠢᠭᠤᠯᠳᠠᠭ ᠪᠠᠶᠢᠵᠠᠢ᠃ ᠡᠶᠢᠮᠤ ᠳᠤ ᠤᠯᠠᠩᠬᠢ ᠬᠦᠮᠤᠰ ᠶᠢᠨ ᠶᠦᠨ ᠴᠸᠡᠭ ᠢ ︽ᠡᠨᠠᠷᠢᠯᠳᠤ ᠡᠵᠢ︾ ᠭᠡᠮᠠᠨ ᠲᠠᠭᠤᠳᠠᠵᠤ ᠪᠠᠶᠢᠵᠠᠢ᠃ ᠶᠢᠨ ᠶᠦᠨ ᠴᠸᠡᠭ ᠰᠤᠷᠤᠭᠴᠢᠤᠨ ᠢ ᠰᠤᠷᠭᠠᠵᠤ ᠬᠦᠮᠤᠵᠢᠬᠦᠯᠬᠦ ᠳᠤ ᠪᠠᠨ ᠭᠤᠸ᠎ᠠ ᠰᠠᠶᠢᠬᠠᠨ ᠤ ᠬᠦᠮᠤᠵᠢᠯ ᠪᠤᠯᠤᠨ ᠶᠤᠰᠤ ᠰᠤᠷᠳᠠᠬᠤᠨ ᠤ ᠬᠦᠮᠤᠵᠢᠯ ᠢ ᠠᠩᠬᠠᠷᠴᠤ ᠴᠠᠪᠠᠷ ᠪᠢᠴᠢᠬᠦᠯᠬᠦ᠂ ᠤᠷᠠᠯᠢᠭ ᠦᠰᠥᠭ ᠪᠢᠴᠢᠬᠦᠯᠬᠦ᠂ ᠵᠢᠷᠤᠭ ᠵᠢᠷᠤᠬᠤ᠂ ᠲᠠᠮᠢᠷ ᠤᠨ ᠬᠢᠴᠢᠶᠠᠯ ᠢ ᠤᠶᠠᠯᠳᠤᠭᠤᠯᠤᠨ ᠱᠤᠭ᠂ ᠵᠦᠢᠷ ᠰᠠᠴᠠᠨ ᠦᠭᠡ᠂ ᠤᠨᠢᠰᠤᠭ᠎ᠠ ᠶᠠᠷᠢᠬᠤ᠂ ᠪᠦᠵᠢᠭᠯᠡᠬᠦ ᠨᠠᠭᠠᠤᠠᠬᠤ ᠵᠢ‌ᠤᠶᠠᠯᠳᠤᠭᠤᠯᠵᠤ᠂ ᠭᠡᠤᠭᠡᠤᠨ ᠤᠨ ᠰᠠᠷᠠᠯ ᠢ ᠨᠠᠭᠡᠭᠡᠭᠳᠠᠬᠦᠯᠬᠦ ᠠᠷᠭ᠎ᠠ ᠶᠢ ᠠᠪᠴᠤ ᠰᠤᠷᠤᠭᠴᠢ ᠶᠢᠨ ᠤᠷᠮ᠎ᠠ ᠵᠤᠷᠢᠭ ᠢ ᠲᠠᠶᠢᠴᠢᠯᠠᠨ ᠵᠤᠷᠢᠭᠵᠢᠭᠤᠯᠳᠠᠭ ᠪᠠᠶᠢᠵᠠᠢ᠃ ᠦᠵᠠᠯ ᠰᠤᠷᠳᠠᠬᠤᠨ᠂ ᠶᠤᠰᠤ ᠵᠢᠷᠤᠮ ᠤᠨ ᠲᠠᠯ᠎ᠠ ᠪᠠᠷ ᠰᠦᠨ ᠵᠦᠡᠭ ᠱᠠᠨ ᠤ ᠠᠷᠠᠤᠠᠴᠢᠯᠠᠭᠰᠠᠨ ᠬᠤᠪᠢᠰᠬᠠᠯᠳᠤ ᠵᠤᠷᠢᠭ ᠰᠠᠨᠠᠭ᠎ᠠ ᠪᠠᠷ ᠬᠦᠳᠤᠯᠪᠤᠷᠢ ᠪᠤᠯᠭᠠᠵᠤ᠂ ᠶᠤᠰᠤ ᠮᠤᠷᠠᠯ ᠤᠨ ᠬᠦᠮᠤᠵᠢᠯ ᠢ ᠤᠬᠠᠭᠤᠯᠤᠨ᠂ ᠹᠸᠤᠳᠠᠯ ‍ᠤᠨ‌‍ᠶᠤᠰᠤ ᠰᠤᠷᠳᠠᠯ ᠢ ᠰᠢᠬᠦᠮᠵᠢᠯᠠᠵᠤ᠂ ᠮᠤᠬᠤᠷ ᠪᠢᠰᠢᠷᠠᠯ ᠰᠠᠤᠡᠬᠢᠯᠴᠢ ᠦᠵᠠᠯ ᠠᠴᠠ ᠤᠯᠠᠮᠵᠢᠯᠠᠭᠳᠠᠭᠰᠠᠨ ᠵᠤᠷᠰᠢᠯ ᠵᠠᠩᠰᠢᠯ ᠤᠨ ᠭᠡᠯᠠᠯᠭᠡ ᠶᠢ ᠵᠠᠳᠠᠯᠤᠨ ᠪᠤᠷᠤᠭᠤᠰᠢᠶᠠᠵᠤ᠂ ᠡᠴᠢᠭᠡ ᠶᠤᠰᠤᠨ ᠤ ᠡᠵᠠᠮᠰᠢᠯ ᠢᠶᠠᠷ ᠤᠷᠤᠭᠯᠠᠬᠤ᠂ ᠦᠬᠢᠤᠨ ᠤᠨ ᠬᠦᠯ ᠢ ᠪᠤᠭᠤᠬᠤ᠂ ᠡᠷ᠎ᠠ ᠨᠦᠬᠦᠷ ᠤᠨ ᠡᠷᠭᠡᠰᠢᠶᠠᠯ ᠳᠤ ᠬᠦᠯᠢᠭᠳᠡᠬᠦ ᠪᠤᠯ ᠬᠤᠪᠢ ᠵᠠᠶᠠᠭᠠᠨ ᠤ ᠲᠦᠷᠤᠯᠬᠢ ᠴᠢᠨᠠᠷ ᠭᠡᠬᠦ ᠹᠸᠤᠳᠠᠯ ᠤᠨ ᠮᠤᠩᠬᠠᠷᠠᠭᠤᠯᠬᠤ ᠰᠤᠷᠳᠠᠯ ᠢ ᠪᠤᠷᠤᠭᠤᠰᠢᠶᠠᠨ ᠨᠢᠴᠤᠭᠠᠵᠤ᠂ ᠤᠳᠤ ᠦᠶ᠎ᠠ ᠶᠢᠨ ᠡᠷᠭᠡ ᠴᠢᠯᠤᠭᠡᠳᠠᠢ ᠨᠠᠶᠢᠭᠡᠮ ᠳᠤ ᠡᠮᠡᠭᠳᠠᠶᠢᠴᠤᠤᠨ ᠤᠯᠤᠰ ᠲᠦᠷᠤ᠂ ᠰᠤᠶᠤᠯ ᠬᠦᠮᠤᠵᠢᠯ᠂ ᠠᠵᠤ ᠠᠬᠤᠢ ᠶᠢᠨ ᠲᠠᠯ᠎ᠠ ᠪᠠᠷ ᠡᠷᠡᠭᠳᠠᠶᠢᠴᠤᠤᠨ ᠲᠠᠢ ᠡᠷᠭᠡ ᠲᠡᠭᠰᠢ᠂ ᠲᠠᠩ ᠰᠠᠴᠠᠭᠤ ᠠᠮᠢᠳᠤᠷᠠᠯ ᠢ ᠡᠳ᠋ᠯᠠᠬᠦ ᠴᠠᠬ ᠦᠶ᠎ᠠ ᠳᠤ ᠤᠷᠤᠰᠢᠨ  ᠪᠠᠶᠢᠭ᠎ᠠ ᠶᠢ ᠶᠠᠭᠤᠨ ᠤ ᠡᠮᠤᠨ᠎ᠠ ᠮᠠᠳᠠᠵᠤ᠂ ᠦᠪᠠᠷ ᠢ ᠪᠠᠨ ᠴᠢᠯᠤᠭᠡᠯᠠᠬᠦ ᠡᠬᠦᠷᠭᠡ ᠪᠢᠳᠠᠨ ᠤ ᠮᠦᠷᠤᠨ ᠲᠠᠭᠡᠷ᠎ᠠ ᠪᠤᠢ᠂ ᠲᠠᠮᠠᠴᠠᠬᠦ ᠭᠡᠷᠡᠭᠳᠠᠢ ᠭᠡᠵᠤ ᠰᠤᠷᠭᠠᠵᠤ ᠭᠡᠯᠠᠬᠦ ᠠᠴᠠ ᠭᠠᠳᠠᠨ᠎ᠠ᠂ ᠨᠤᠮ ᠪᠢᠴᠢᠭ ᠢ ᠰᠠᠶᠢᠳᠤᠷ ᠰᠤᠷᠴᠤ᠂ ᠨᠠᠶᠢᠭᠡᠮ ᠪᠠ ᠤᠯᠤᠰ ᠲᠦᠷᠤ ᠳᠤ ᠤᠢᠢᠯᠠᠴᠢᠯᠠᠨ ᠬᠤᠪᠢ ᠨᠠᠮᠠᠷᠢ ᠪᠠᠨ ᠦᠵᠠᠬᠦᠯᠬᠦ ᠪᠠᠷ ᠴᠢᠷᠮᠠᠶᠢᠵᠤ᠂ ᠬᠦᠮᠤᠨ ᠤ ᠶᠢᠷᠳᠢᠠᠴᠤ ᠳᠤᠷ  ᠭᠠᠪᠢᠶ᠎ᠠ ᠵᠢᠤᠡᠬᠦᠯ ᠦᠵᠠᠬᠦᠯᠬᠦ ᠪᠠᠷ ᠬᠠᠷᠠᠯᠳᠠ ᠪᠠᠨ ᠪᠤᠯᠭᠠᠵᠤ ᠲᠠᠮᠠᠴᠠᠬᠦ ᠭᠡᠷᠡᠭᠳᠠᠢ ᠭᠡᠵᠤ ᠰᠤᠷᠭᠠᠳᠠᠭ ᠪᠠᠶᠢᠵᠠᠢ᠃              ᠶᠡᠷᠤᠨᠢ ᠬᠦᠮᠤᠨ ᠪᠤᠯᠵᠤ ᠠᠮᠢᠳᠤᠷᠠᠬᠤ ᠶᠢᠨ ᠶᠤᠰᠤᠨ ᠳᠤᠷ ᠡᠴᠢᠭᠡ ᠡᠭᠡ᠂ ᠪᠠᠭᠰᠢ ᠪᠤᠯ ᠬᠦᠮᠤᠨ ᠤ ᠲᠠᠭᠡᠳᠤ  ᠪᠤᠯᠬᠤᠷ ᠲᠠᠬᠦᠨ ᠢ ᠨᠠᠰᠤᠨ ᠲᠤᠷᠰᠢ ᠬᠦᠡᠳᠤᠤᠠᠭᠡᠵᠤ᠂ ᠠᠴᠢᠯᠠᠯ ᠢ ᠡᠯᠪᠠᠷᠢᠯ ᠢᠶᠠᠷ ᠬᠠᠷᠢᠭᠤᠯᠬᠤ ᠪᠠ ᠠᠬ᠎ᠠ ᠲᠠᠬᠦᠤ ᠪᠠᠨ ᠡᠯᠢᠭᠡᠰᠠᠨ ᠬᠠᠶᠢᠷᠠᠯᠠᠵᠤ ᠶᠠᠪᠤᠬᠤ ᠭᠡᠷᠡᠭᠳᠠᠢ᠂ ᠨᠦᠬᠦᠷ ᠬᠠᠨᠢ ᠪᠠᠨ ᠬᠦᠡᠳᠤᠤᠠᠭᠡᠵᠤ᠂ ᠡᠶ᠎ᠡ ᠡᠪᠳᠠᠢ ᠪᠠᠷ ᠭᠡᠷ ᠢᠶᠠᠨ ᠪᠠᠶᠢᠭᠤᠯᠬᠤ ᠭᠡᠷᠡᠭᠳᠠᠢ ᠭᠡᠵᠤ ᠬᠢᠴᠢᠶᠠᠯ ᠤᠨ ᠲᠠᠭᠠᠤ ᠶᠠᠷᠢᠳᠠᠭ ᠪᠠᠶᠢᠵᠠᠢ᠃              ᠶᠢᠨ ᠶᠦᠨ ᠴᠸᠡᠭ ᠬᠠᠳᠤᠨ ᠰᠤᠷᠤᠭᠴᠢ ᠶᠢ ᠶᠠᠷᠤ ᠠᠴᠠ ᠪᠠᠨ ᠬᠠᠷᠢᠶᠠᠬᠤ ᠦᠭᠡᠢ ᠵᠤᠳᠤᠬᠤ ᠦᠭᠡᠢ᠂ ᠰᠤᠷᠤᠭᠴᠢ ᠪᠠᠭ᠎ᠠ ᠰᠠᠭ᠎ᠠ ᠠᠯᠳᠠᠭ᠎ᠠ ᠭᠠᠷᠭᠠᠪᠠᠯ ᠵᠦᠭᠡᠯᠠᠨ ᠢᠶᠠᠷ ᠭᠡᠯᠠᠵᠤ ᠢᠤᠠᠬᠠᠵᠤ ᠴᠠᠭᠡᠷᠯᠠᠬᠦᠯᠤᠨ ᠰᠤᠷᠭᠠᠳᠠᠭ  ᠪᠠᠶᠢᠪᠠ᠃              ᠲᠠᠭᠡᠷ᠎ᠠ ᠵᠠᠭᠤᠨ ᠤ ᠲᠠᠪᠢᠭᠠᠤᠨ ᠤᠨ ᠳᠤ ᠶᠢᠨ ᠶᠦᠨ ᠴᠸᠡᠭ ᠬᠠᠳᠤᠨ ᠤ ᠶᠡᠭᠡ ᠦᠬᠢᠨ ᠳ᠋ᠠ ᠵᠢᠶᠠᠨ ᠹᠧᠨ ᠡᠳᠠᠭᠡᠷ ᠤᠢᠢᠯᠨ ᠶᠠᠪᠤᠳᠠᠯ ᠢ ᠶᠠᠷᠢᠵᠤ ᠦᠭᠬᠦᠭᠰᠠᠨ ᠶᠤᠮ᠃ ᠪᠠᠰᠠ ᠯᠦᠸᠧ ᠨᠠᠷᠠᠨ᠂ ᠯᠦᠸᠧ ᠬᠦᠢ ᠹᠠᠨᠭ᠌᠂ ᠳᠤ ᠱᠤ ᠶᠢᠩ᠂ ᠸᠧᠢ ᠬᠦᠸᠧ ᠳ᠋ᠦᠡᠭ ᠵᠠᠷᠭᠡ ᠡᠮᠡᠭᠳᠡᠢ ᠰᠤᠷᠤᠭᠴᠢᠤᠨ ᠶᠢᠨ ᠶᠦᠨ ᠴᠸᠡᠭ ᠪᠠᠭᠰᠢ ᠶᠢᠨ ᠢᠶᠠᠨ ᠲᠤᠬᠠᠢ ᠶᠠᠷᠢᠵᠤ  ᠪᠠᠶᠢᠪᠠ᠃ ᠶᠢᠨ ᠶᠦᠨ ᠴᠸᠡᠭ ᠬᠠᠳᠤᠨ ᠦᠬᠢᠤᠨ ᠤᠨ ᠪᠦᠷᠢᠨ ᠪᠠᠭ᠎ᠠ ᠰᠤᠷᠭᠠᠭᠤᠯᠢ ᠶᠢ ᠪᠠᠶᠢᠭᠤᠯᠤᠭᠰᠠᠨ ᠨᠢ ᠠᠷᠠᠤᠨ ᠲᠦᠮᠠᠨ ᠳᠤ ᠨᠦᠯᠤᠭᠡ ᠦᠵᠠᠬᠦᠯᠵᠤ᠂ ᠬᠦᠮᠤᠰ ᠢ ᠶᠡᠭᠡ ᠯᠠ ᠵᠤᠷᠢᠭᠵᠢᠭᠤᠯᠤᠨ᠂ ᠠᠯᠠᠱᠠ ᠬᠤᠰᠢᠭᠤᠨ ᠤ ᠰᠤᠶᠤᠯ ᠭᠡᠭᠡᠷᠠᠯ ᠤᠨ ᠭᠡᠷᠠᠯᠳᠤ ᠴᠠᠮᠬᠠᠭ ᠪᠤᠯᠤᠭᠰᠠᠨ ᠪᠦᠭᠡᠤᠨ ᠡᠮᠡᠭᠳᠠᠶᠢᠴᠤᠤᠨ ᠢ ᠰᠤᠶᠤᠯᠵᠢᠬᠤ ᠳᠤ ᠬᠦᠳᠤᠯᠥᠭᠰᠠᠨ ᠴᠤᠷ ᠤᠨ ᠭᠠᠭᠴᠠ ᠰᠤᠷᠭᠠᠭᠤᠯᠢ ᠪᠤᠯᠬᠤ ᠶᠤᠮ᠃                            ᠶᠢᠨ ᠶᠦᠨ ᠴᠸᠡᠭ ᠬᠠᠳᠤᠨ ᠤ ᠠᠮᠢᠳᠤᠷᠠᠯ ᠤᠨ ᠪᠠᠶᠢᠳᠠᠯ                 ᠶᠢᠨ ᠶᠦᠨ ᠴᠸᠡᠭ ᠬᠠᠳᠤᠨ ᠪᠤᠯ ᠶᠡᠭᠡ ᠪᠤᠷᠤᠭᠵᠢᠭᠤᠨ ᠠᠮᠢᠳᠤᠷᠠᠯ ᠲᠠᠢ᠂ ᠭᠤᠶᠤᠯᠠᠬᠤ ᠲᠤᠷ᠎ᠠ ᠦᠭᠡᠢ᠂  ᠲᠤᠷᠭ᠎ᠠ ᠲᠤᠷᠳᠤᠩ ᠬᠤᠪᠴᠠᠰᠤ ᠡᠮᠤᠰᠬᠦ ᠦᠭᠡᠢ᠂ ᠲᠤᠳᠤᠭᠤᠷ ᠢᠶᠠᠨ ᠬᠠᠭᠤᠴᠢᠨ ᠨᠦᠬᠦᠭᠡᠰᠤᠳᠠᠢ ᠴᠠᠮᠴᠠ ᠵᠠᠷᠭᠡ ᠶᠢ ᠡᠮᠤᠰᠳᠡᠭ᠃ ᠠᠮᠤ ᠪᠤᠳᠠᠭ᠎ᠠ ᠠᠯᠢᠪᠠ ᠢᠳᠠᠭᠡᠨ ᠢ ᠶᠡᠭᠡ ᠯᠠ ᠬᠦᠡᠳᠤᠤᠠᠭᠡᠵᠤ᠂ ᠨᠢᠭᠡ ᠮᠦᠬᠦᠯᠢᠭ ᠪᠤᠳᠠᠭ᠎ᠠ ᠭᠠᠵᠠᠷ ᠲᠤ ᠤᠨᠠᠪᠠᠯ ᠲᠠᠷᠦ᠋ᠢᠬᠠᠨ ᠠᠪᠴᠤ ᠭᠡᠷ ᠤᠨ ᠲᠠᠵᠢᠭᠡᠪᠤᠷᠢ ᠠᠮᠢᠳᠠᠨ ᠳᠤ ᠢᠳᠠᠬᠦᠯᠵᠤ᠂ ᠶᠠᠮᠠᠷ ᠴᠤ ᠬᠤᠭᠤᠯᠨ ᠶᠢ ᠭᠡᠭᠡᠵᠤ ᠤᠷᠬᠢᠬᠤ ᠶᠢ ᠬᠢᠴᠢᠶᠠᠵᠤ ᠬᠠᠮᠠᠭᠠᠯᠠᠳᠠᠭ ᠲᠠᠤᠠᠬᠠᠯ ᠲᠠᠢ ᠪᠤᠯᠪᠠᠰᠤᠨ ᠰᠤᠷᠳᠠᠬᠤᠨ ᠲᠠᠢ ᠬᠦᠮᠤᠨ  ᠪᠠᠶᠢᠪᠠ᠃ ᠡᠩ ᠤᠨ ᠦᠶ᠎ᠠ ᠳᠤ ᠭᠡᠤᠭᠡᠤᠨ ᠪᠠ ᠵᠠᠷᠤᠴᠠ ᠬᠦᠮᠤᠨ ᠳᠤ ᠦᠷᠬᠦᠯᠵᠢ ︽ᠲᠠᠷᠢᠶᠠᠴᠢᠨ ᠠᠷᠠᠤᠨ ᠭᠤᠷᠪᠠᠨ ᠵᠠᠭᠤ ᠵᠢᠷᠨ ᠬᠤᠨᠤᠭ ᠲᠤᠷᠰᠢᠳᠠ ᠢᠳᠠᠬᠦ ᠤᠤᠭᠤᠬᠤ᠂ ᠬᠦᠯᠳᠠᠵᠤ ᠲᠠᠭᠠᠷᠠᠬᠤ᠂ ᠤᠡᠳᠠᠵᠤ ᠠᠮᠠᠷᠠᠬᠤ ᠪᠠᠨ ᠮᠠᠷᠳᠠᠨ᠂ ᠡᠳᠤᠷ ᠰᠦᠨᠢ ᠦᠭᠡᠢ ᠬᠦᠳᠠᠯᠮᠤᠷᠢᠯᠠᠵᠤ᠂ ᠮᠦᠬᠦᠯᠢᠭ ᠪᠤᠳᠠᠭ᠎ᠠ ᠪᠤᠯᠪᠠᠰᠤᠷᠠᠭᠤᠯᠤᠨ᠂ ᠲᠠᠯᠠᠭᠡᠢ ᠶᠢᠨ ᠬᠦᠮᠤᠨ ᠢ ᠲᠠᠵᠢᠭᠡᠵᠤ ᠪᠠᠶᠢᠬᠤ ᠪᠢᠰᠢ ᠤᠤ᠃ ᠬᠠᠭᠠᠤᠨ ᠨᠤᠶᠠᠤᠨ ᠠᠨᠤ ᠠᠮᠤ ᠬᠦᠨᠠᠰᠤ ᠪᠠᠨ ᠲᠠᠭᠡᠳᠤᠯᠠᠳᠡᠭ᠂ ᠠᠷᠠᠤᠨ ᠢᠷᠭᠡᠤᠨ ᠪᠤᠯᠤᠭᠰᠠᠤᠨ ᠠᠨᠤ ᠡᠨᠠᠷᠢᠯ ᠦᠷᠤᠰᠢᠶᠠᠯᠳᠤ ᠡᠵᠠᠤᠨ ᠬᠠᠭᠠᠤᠨ ᠢᠶᠠᠨ ᠲᠠᠭᠡᠳᠤᠯᠠᠬᠦ ᠶᠤᠰᠤᠳᠠᠢ ᠭᠡᠵᠤ ᠡᠷᠳᠠᠨ ᠤ ᠪᠤᠭᠳᠠ ᠮᠠᠷᠭᠡᠤᠨ ᠰᠤᠷᠭᠠᠭᠰᠠᠨ ᠪᠠᠶᠢᠳᠠᠭ᠃ ᠡᠶᠢᠮᠤ ᠤᠴᠢᠷ ᠠᠴᠠ ᠨᠢᠭᠡᠨ ᠮᠦᠬᠦᠯᠢᠭ ᠠᠮᠤ ᠪᠤᠯᠤᠨ ᠨᠢᠭᠡᠨ ᠰᠢᠷᠭᠡᠭ ᠬᠦᠪᠤᠡᠭ ᠰᠠᠮᠠᠳᠠᠰᠤ ᠶᠢ ᠴᠤ ᠰᠦᠢᠤᠠᠭᠡᠨ ᠪᠦᠷᠢᠯᠭᠡᠬᠦ ᠶᠢ ᠴᠠᠭᠡᠷᠯᠠᠵᠤ᠂ ᠬᠦᠳᠠᠯᠮᠤᠷᠢᠴᠢᠤᠨ ᠲᠤ ᠠᠴᠢ ᠬᠠᠷᠢᠭᠤᠯᠤᠯ ᠢ ᠦᠭᠬᠦ ᠶᠢᠨ ᠲᠤᠯᠠᠳᠠ ᠲᠡᠭᠷᠢ ᠭᠠᠵᠠᠷ ᠲᠤ ᠬᠤᠭᠤᠯᠨᠨ ᠤ ᠲᠠᠭᠡᠵᠢ ᠪᠠᠨ ᠡᠷᠬᠦᠬᠦ ᠶᠢ ᠮᠠᠷᠳᠠᠵᠤ ᠪᠤᠯᠬᠤ ᠦᠭᠡᠢ ᠭᠡᠵᠤ ᠰᠤᠷᠭᠠᠵᠤ ᠭᠡᠯᠠᠳᠡᠭ ᠪᠠᠶᠢᠵᠠᠢ᠃            
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号