ᠪᠠᠷᠠᠭᠤᠨ ᠮᠣᠩᠭᠤᠯ ᠤᠨ ᠪᠠᠭᠠᠳᠣᠷ ᠢᠳᠡᠳᠡᠨ — ᠬᠠᠷ᠎ᠠ ᠯᠠᠮ᠎ᠠ ᠳ᠋ᠠᠮᠪᠢᠵᠠᠯᠰᠠᠨ
ᠨᠡᠶᠢᠲᠡᠯᠡᠭᠰᠡᠨ ᠴᠠᠭ᠄
2019/3/15
     ᠬᠠᠷ᠎ᠠ ᠯᠠᠮ᠎ᠠ ᠳ᠋ᠠᠮᠪᠢᠵᠠᠯᠰᠠᠨ ᠪᠣᠯ ᠣᠷᠣᠰ ᠤᠨ ᠠᠰᠲᠷᠠᠬᠠᠨ ᠳᠤ ᠳᠦᠷᠦᠭᠰᠡᠨ ᠬᠠᠯᠢᠮᠠᠭ ᠮᠣᠩᠭᠤᠯ ᠤᠨ ᠳᠦᠷᠪᠡᠳ ᠠᠶᠢᠮᠠᠭ ᠤᠨ ᠬᠦᠮᠦᠨ ᠶᠣᠮ᠂ ᠠᠪᠤ ᠨᠢ ᠨᠣᠶᠠᠨ ᠤ ᠠᠳᠣᠭᠤᠴᠢᠨ ᠪᠠᠶᠢᠵᠠᠢ᠂ ᠨᠢᠬᠡ ᠣᠳᠠᠭᠠᠨ ᠤ ᠨᠡᠭᠦᠳᠡᠯ ᠳᠤ ᠠᠳᠣᠭᠤ ᠪᠠᠨ‌ᠠᠯᠳᠠᠵᠣ ᠨᠣᠶᠠᠨ ᠳᠠᠭᠠᠨ ᠪᠣᠷᠣᠭᠤ ᠦᠵᠡᠭᠳᠡᠨ ᠬᠢᠨᠳᠡᠨ ᠳᠤ ᠣᠷᠣᠵᠣ ᠨᠠᠰᠣ ᠪᠠᠷᠠᠪᠠ᠃ ᠳ᠋ᠠᠮᠪᠢᠵᠠᠯᠰᠠᠨ ᠤ ᠨᠢᠬᠡ ᠬᠡᠦᠬᠡᠨ ᠳᠡᠬᠦᠦ ᠪᠠ ᠬᠦᠦ ᠳᠡᠭᠦᠦ ᠶᠢ ᠨᠢ ᠨᠣᠶᠠᠨ ᠨᠢ ᠪᠡᠭᠡᠵᠢᠩ ᠤᠨ ᠮᠠᠨᠵᠣ ᠶᠢᠨ ᠬᠠᠭᠠᠨ ᠳᠤ ᠬᠤᠳᠠᠯᠳᠣᠵᠣ᠂ ᠨᠢᠬᠡ ᠨᠢ ᠬᠠᠭᠠᠨ ᠤ ᠪᠣᠭᠤᠯ ᠪᠣᠯᠵᠣ᠂ ᠨᠦᠬᠦᠬᠡ ᠨᠢ ᠠᠷᠣ ᠶᠢᠨ ᠣᠷᠳᠣᠨ ᠤ ᠰᠢᠪᠡᠭᠴᠢᠨ ᠦᠬᠢᠨ ᠪᠣᠯᠵᠠᠢ᠃ ᠦᠨᠦᠴᠢᠨ ᠬᠤᠴᠣᠷᠠᠭᠰᠠᠨ ᠳ᠋ᠠᠮᠪᠢᠵᠠᠯᠰᠠᠨ ᠳᠡᠨᠦᠬᠦᠴᠢᠯᠡᠯ ᠤᠨ ᠠᠮᠢᠳᠣᠷᠠᠯ ᠢᠶᠠᠨ ᠡᠬᠢᠯᠡᠬᠦᠯᠵᠦ᠂ ᠯᠠᠮ᠎ᠠ ᠶᠢᠨ ᠰᠠᠬᠢᠯ ᠠᠪᠣᠨ ᠪᠠᠳᠢᠷ ᠤᠨ ᠡᠬᠦᠷᠭᠡ ᠡᠭᠦᠷᠴᠦ ᠠᠮᠳᠣᠤ ᠳᠦᠪᠡᠳ ᠤᠨ ᠣᠷᠣᠨ ᠢ ᠵᠣᠷᠢᠭᠰᠠᠨ ᠪᠠᠶᠢᠨ᠎ᠠ᠃ ᠳᠡᠨᠳᠡ ᠬᠦᠷᠦᠭᠡᠳ ᠳᠠᠯᠠᠢ ᠯᠠᠮ᠎ᠠ ᠳᠤ ᠱᠠᠪᠢᠯᠠᠨ ᠰᠠᠭᠤᠵᠣ ᠳᠦᠪᠡᠳ᠂ ᠰᠠᠨᠰᠺᠷᠢᠲ᠋ᠧ ᠬᠡᠯᠡ ᠰᠣᠷᠬᠤ ᠶᠢᠨ ᠬᠠᠮᠳᠣ᠂ ᠪᠣᠷᠬᠠᠨ ᠤ ᠰᠣᠷᠭᠠᠯ ᠶᠣᠰᠣᠨ ᠳᠤ ᠬᠢᠴᠢᠶᠡᠵᠦ ᠠᠨᠠᠭᠠᠬᠤ ᠣᠬᠠᠭᠠᠨ ᠪᠠ ᠨᠢᠭᠤᠴᠠ ᠬᠦᠯᠭᠡᠨ ᠤ ᠪᠢᠰᠢᠯᠭᠠᠯ ᠳᠤ ᠮᠡᠷᠭᠡᠰᠢᠵᠠᠢ᠃ ᠡᠬᠦᠨ ᠠᠴᠠ ᠳᠠᠷᠠᠭ᠎ᠠ  ᠡᠨᠡᠳᠭᠡᠭ ᠲᠤ ᠬᠦᠷᠴᠦ ᠪᠠᠳᠢᠷ ᠪᠠᠷᠢᠭᠴᠢ ᠳᠦᠢᠨ ᠤ ᠬᠡᠳᠦ᠋ᠢᠳᠦᠭᠰᠡᠨ ᠡᠷᠳᠡᠮ ᠢ ᠰᠣᠷᠴᠣ ᠰᠢᠳᠢ ᠶᠢ ᠣᠯᠣᠭᠰᠠᠨ ᠭᠡᠨ᠎ᠡ᠃            ᠡᠷᠳᠡᠮᠳᠡᠳ ᠤᠨ ᠦᠵᠡᠬᠦ ᠪᠠᠷ᠂ ᠳ᠋ᠠᠮᠪᠢ ᠯᠠᠮ᠎ᠠ 1899 ᠣᠨ ᠠᠴᠠ 1901 ᠣᠨ ᠪᠣᠯᠳᠠᠯ᠎ᠠ ᠳᠦᠪᠡᠳ ᠲᠤ ᠪᠠᠶᠢᠭᠰᠠᠨ ᠭᠡᠨ᠎ᠡ᠃ ᠳᠦᠪᠡᠳ ᠠᠴᠠ ᠪᠣᠴᠠᠵᠣ ᠢᠷᠡᠭᠰᠡᠨ ᠤ ᠳᠠᠷᠠᠭ᠎ᠠ ᠠᠶᠢᠮᠠᠭ ᠣᠭᠰᠠᠭ᠎ᠠ ᠪᠠᠨ ᠳᠠᠭᠠᠵᠣ᠂ ᠢᠵᠢᠯ ᠮᠦᠷᠡᠨ ᠲᠠᠭᠠᠣ ᠳᠤ ᠨᠡᠭᠦᠳᠡᠯᠯᠡᠵᠦ ᠮᠠᠯᠵᠢᠵᠦ ᠪᠠᠶᠢᠬᠤ ᠳᠠᠭᠠᠨ ᠣᠷᠣᠰ ᠤᠨ ︽ᠬᠤᠶᠠᠳᠣᠭᠠᠷ ᠰᠠᠷ᠎ᠠ ᠶᠢᠨ ᠨᠠᠮᠳᠠᠨ︾ ᠤ ᠬᠦᠳᠡᠯᠭᠡᠭᠡᠨ ᠳᠤ ᠢᠳᠡᠪᠬᠢᠯᠡᠨ ᠣᠷᠣᠯᠴᠠᠭᠰᠠᠨ ᠠᠴᠠ ᠪᠣᠯᠵᠣ ᠪᠠᠷᠢᠪᠴᠢᠯᠠᠭᠳᠠᠨ ᠬᠢᠨᠳᠠᠨ ᠳᠤ ᠣᠷᠣᠵᠠᠢ᠃ ᠰᠣᠯᠠᠯᠠᠭᠳᠠᠭᠰᠠᠨ ᠤ ᠳᠠᠷᠠᠭ᠎ᠠ᠂ ᠳᠠᠷᠣᠢ ᠳᠡᠭᠡᠷ᠎ᠡ ᠵᠠᠭᠤᠨ ᠤ ᠠᠷᠪᠠᠭᠠᠳ ᠣᠨ ᠤ ᠦᠶ᠎ᠡ ᠪᠠᠷ ︽ᠬᠤᠶᠠᠷᠬᠠᠨ ᠳᠡᠮᠡᠭᠡ︾ ᠬᠦᠳᠦᠯᠵᠦ ᠰᠢᠨᠵᠢᠶᠠᠩ ᠤᠨ ᠶᠠᠨᠴᠢ ᠣᠷᠣᠨ ᠤ ᠳᠣᠷᠭᠤᠳ ᠠᠶᠢᠮᠠᠭ ᠲᠤ ᠢᠷᠡᠵᠦ ᠱᠠᠰᠢᠨ ᠰᠣᠷᠳᠠᠯᠴᠢᠯᠠᠬᠤ ᠶᠢᠨ ᠳᠠᠭᠠᠣ᠂ ᠦᠪᠡᠷ ᠢ ᠪᠠᠨ ᠣᠶᠢᠷᠠᠳ ᠤᠨ ᠬᠠᠮᠤᠭ ᠰᠡᠬᠦᠯᠴᠢ ᠶᠢᠨ ᠬᠠᠭᠠᠨ ᠠᠮᠣᠷᠰᠠᠨᠠᠭ᠎ᠠ ᠶᠢᠨ ᠬᠦᠦ ᠳᠡᠮᠦᠷᠰᠠᠨᠠᠭ᠎ᠠ ᠶᠢᠨ ᠬᠤᠶᠢᠴᠢᠰ ᠪᠠᠶᠢᠵᠣ᠂ ᠠᠮᠣᠷᠰᠠᠨᠠᠭ᠎ᠠ ᠶᠢᠨ ᠬᠤᠪᠢᠯᠭᠠᠨ ᠳᠦᠷᠦᠯ ᠠᠷᠠᠯᠵᠢᠨ ᠣᠷᠣᠰ ᠠᠴᠠ ᠢᠷᠡᠯ᠎ᠡ ᠭᠡᠵᠦ ᠣᠬᠠᠭᠤᠯᠣᠨ ᠳᠣᠭᠤᠷᠢᠭᠰᠠᠨ ᠠᠴᠠ ᠳᠣᠬᠠᠢ ᠶᠢᠨ ᠦᠶ᠎ᠡ ᠳᠤ ᠮᠠᠨᠵᠣ ᠴᠢᠩ ᠤᠨ ᠳᠠᠷᠣᠯᠠᠯ ᠠᠴᠠ ᠠᠩᠬᠢᠵᠢᠷᠠᠬᠤ ᠶᠢ ᠬᠦᠰᠡᠵᠦ ᠪᠠᠶᠢᠭᠰᠠᠨ ᠪᠠᠷᠠᠭᠤᠨ ᠮᠣᠩᠭᠤᠯ ᠤᠨ ᠠᠷᠠᠳ ᠤᠨ ᠰᠡᠳᠬᠢᠯ ᠢ ᠶᠡᠬᠡᠳᠡ ᠣᠯᠵᠠᠢ᠃ 1912 ᠣᠨ ᠳᠤ᠂ ᠣᠷᠣᠰ ᠤᠨ ᠬᠠᠷᠢᠶᠠᠨ ᠳᠤ ᠪᠠᠶᠢᠭ᠎ᠠ ᠳᠦᠷᠪᠡᠳ ᠠᠶᠢᠮᠠᠭ ᠤᠨ ᠳᠦᠷᠦᠭᠦᠦ ᠶᠢᠨ ᠣᠷᠳᠣᠨ ᠳᠤ ᠬᠦᠨᠳᠦᠳᠦ ᠵᠣᠴᠢᠨ ᠤ ᠬᠤᠪᠢ ᠪᠠᠷ ᠵᠠᠯᠠᠭᠳᠠᠨ ᠵᠠᠯᠠᠷᠠᠵᠣ ᠪᠠᠶᠢᠭᠰᠠᠨ ᠨᠢ ᠳᠣᠬᠠᠢ ᠶᠢᠨ ᠦᠶ᠎ᠡ ᠳᠤ ᠳ᠋ᠠᠮᠪᠢ ᠯᠠᠮ᠎ᠠ ᠶᠢᠨ ᠨᠡᠷ᠎ᠡ ᠬᠦᠨᠳᠦ ᠠᠷᠠᠳ ᠤᠨ ᠳᠣᠮᠳᠠ ᠬᠢᠷᠢ ᠵᠡᠷᠭᠡ ᠡᠷᠬᠡ ᠪᠠᠶᠢᠷᠢ ᠲᠠᠢ ᠪᠠᠶᠢᠭᠰᠠᠨ ᠢ ᠭᠡᠷᠡᠴᠢᠯᠡᠨ᠎ᠡ᠃ 1910  ᠣᠨ ᠳᠤ᠂ ᠳᠣᠮᠳᠠᠳᠣ ᠣᠯᠣᠰ ᠲᠤ ᠴᠠᠭᠠᠭᠴᠢᠨ ᠭᠠᠭ᠋ᠠᠢ ᠵᠢᠯ ᠤᠨ ᠬᠤᠪᠢᠰᠬᠠᠯ ᠡᠭᠦᠰᠴᠦ᠂ ᠮᠠᠨᠵᠤ ᠴᠢᠩ ᠤᠨ ᠳᠦᠷᠦ ᠶᠢ ᠳᠦᠯᠬᠢᠨ ᠣᠨᠠᠭᠠᠭᠰᠠᠨ ᠤ ᠳᠠᠷᠠᠭ᠎ᠠ 1911 ᠣᠨ ᠤ 12 ᠰᠠᠷ᠎ᠠ ᠶᠢᠨ 28 ᠤ ᠡᠳᠦᠷ᠂ ᠠᠷᠣ ᠮᠣᠩᠭᠤᠯ ᠤᠨ ᠵᠢᠪᠽᠦᠨᠳᠠᠮᠪᠠ ᠬᠤᠳᠣᠭᠳᠣ ᠪᠠᠰᠠ ᠬᠤᠪᠢᠰᠬᠠᠯ ᠢ ᠠᠰᠢᠭᠯᠠᠨ ᠣᠷᠣᠰ ᠤᠨ ᠳᠡᠮᠵᠢᠯᠬᠡ ᠶᠢᠨ ᠳᠣᠣᠷ᠎ᠠ ᠴᠢᠩ ᠤᠨ ᠳᠦᠷᠦ ᠠᠴᠠ ᠰᠠᠯᠵᠣ ᠳᠣᠰᠠᠭᠠᠷ ᠳᠣᠭᠳᠠᠨᠢᠭᠰᠠᠨ ᠮᠣᠩᠭᠤᠯ ᠣᠯᠣᠰ ᠪᠣᠯᠬᠤ ᠪᠠᠨ ᠳᠣᠩᠬᠠᠭᠯᠠᠭᠰᠠᠨ  ᠪᠠᠶᠢᠨ᠎ᠠ᠃           1912 ᠣᠨ ᠤ 6 ᠰᠠᠷ᠎ᠠ ᠳᠤ᠂ ︽ᠣᠯᠠᠨ᠎ᠠ ᠡᠷᠭᠦᠭᠳᠡᠭᠰᠡᠨ ᠨᠠᠷᠠᠨ ᠭᠡᠷᠡᠯᠳᠦ ᠬᠠᠭᠠᠨ︾ ᠵᠢᠪᠽᠦᠨᠳᠠᠮᠪᠠ ᠵᠠᠷᠯᠢᠭ ᠪᠠᠭᠤᠯᠭᠠᠨ ᠬᠠᠳᠠᠨ ᠪᠠᠭᠠᠳᠣᠷ ᠮᠠᠭᠰᠣᠷᠵᠠᠪ᠂ ᠴᠢᠩ ᠵᠢᠳᠭᠦᠯᠳᠦ ᠬᠦᠩ ᠬᠠᠷᠠᠴᠢᠨ ᠤ ᠬᠠᠶᠢᠱᠠᠨ ᠪᠠ ᠳ᠋ᠠᠮᠪᠢᠵᠠᠯᠰᠠᠨ ᠯᠠᠮ᠎ᠠ ᠨᠠᠷ ᠢ ᠬᠤᠪᠳᠣ ᠬᠤᠳᠠ ᠶᠢ ᠪᠠᠶᠢᠯᠳᠣᠭᠤᠯᠬᠤ ᠪᠠᠷ ᠢᠯᠡᠭᠡᠪᠡ᠃ ᠳ᠋ᠠᠮᠪᠢᠵᠠᠯᠰᠠᠨ ᠯᠠᠮ᠎ᠠ 4000  ᠴᠡᠷᠢᠭ ᠳᠠᠶᠢᠴᠢᠯᠠᠵᠣ ᠬᠤᠰᠢᠭᠤᠴᠢᠯᠠᠨ ᠣᠷᠣᠵᠣ᠂ ᠬᠤᠪᠳᠣ ᠬᠤᠳᠠ ᠶᠢ ᠭᠤᠷᠪᠠᠨ ᠰᠠᠷ᠎ᠠ ᠪᠦᠰᠡᠯᠡᠨ ᠪᠠᠶᠢᠯᠳᠣᠵᠣ᠂ ᠡᠴᠦᠰ ᠲᠡᠭᠡᠨ 8 ᠰᠠᠷ᠎ᠠ ᠶᠢᠨ 20 ᠤ ᠡᠳᠦᠷ ᠬᠤᠳᠠᠠ ᠳᠤ ᠳᠠᠭᠠᠷᠢᠨ ᠣᠷᠣᠵᠣ᠂ ᠬᠤᠪᠳᠤ ᠶᠢᠨ ᠬᠤᠣᠪᠢ ᠶᠢᠨ ᠰᠠᠶᠢᠳ ᠫᠦ᠋ ᠷᠦᠨ ᠢ ᠪᠠᠭᠤᠯᠭᠠᠨ ᠠᠪᠣᠭᠰᠠᠨ ᠪᠠᠶᠢᠨ᠎ᠠ᠃ ᠬᠤᠪᠳᠣ ᠬᠤᠳᠠ ᠶᠢ ᠪᠠᠶᠢᠯᠳᠣᠬᠤ ᠳᠤ ᠦᠯᠡᠮᠵᠢ ᠭᠠᠪᠢᠶ᠎ᠠ ᠪᠠᠶᠢᠭᠤᠯᠣᠭᠰᠠᠨ ᠳᠣᠯᠨ ᠬᠤᠳᠣᠭᠳᠣ ᠬᠠᠭᠠᠨ ᠠᠴᠠ ᠳ᠋ᠠᠮᠪᠢᠵᠠᠯᠰᠠᠨ ᠯᠠᠮ᠎ᠠ ᠳᠤ ︽ᠳᠣᠭᠰᠢᠨ ᠨᠣᠶᠠᠨ ᠬᠤᠳᠣᠭᠳᠣ︾ ᠴᠣᠯᠨ ᠱᠠᠩᠨᠠᠨ ︽ᠨᠣᠮᠣᠨ ᠬᠠᠨ︾ ᠤ ᠳᠠᠮᠠᠭ᠎ᠠ ᠴᠠᠴᠤᠭ ᠣᠯᠭᠤᠵᠠᠢ᠃ ᠡᠬᠦᠨ ᠠᠴᠠ ᠳᠠᠷᠠᠭ᠎ᠠ᠂ ᠳ᠋ᠠᠮᠪᠢ ᠯᠠᠮ᠎ᠠ ᠦᠪᠡᠷ ᠤᠨ ᠬᠤᠶᠠᠭ ᠴᠡᠷᠢᠭ ᠲᠠᠢ ᠪᠣᠯᠣᠭᠰᠠᠨ ᠢᠶᠠᠷ ᠪᠠᠷᠠᠬᠤ ᠦᠭᠡᠢ᠂ ᠬᠤᠪᠳᠣ᠂ ᠣᠯᠢᠶᠠᠰᠣᠳᠠᠢ ᠬᠠᠪᠢ ᠶᠢᠨ ᠮᠣᠩᠭᠤᠯᠴᠣᠳ ᠳᠡᠬᠦᠨ ᠢ ᠴᠣᠣᠷᠢᠶᠠᠳᠣᠨ ᠳᠠᠭᠠᠵᠣ ᠬᠠᠷᠢᠶᠠᠳᠣ ᠨᠢ ᠪᠣᠯᠪᠠ᠃          ᠣᠣᠯ ᠠᠴᠠ ᠵᠠᠰᠠᠭ ᠳᠦᠷᠦ ᠪᠠᠶᠢᠭᠤᠯᠬᠤ ᠰᠠᠨᠠᠭ᠎ᠠ ᠲᠠᠢ ᠪᠠᠶᠢᠭᠰᠠᠨ ᠲᠡᠷᠨᠪᠡᠷ ᠳᠦᠷᠦ ᠠᠴᠠ ᠣᠯᠭᠤᠭᠰᠠᠨ ᠡᠷᠭᠦᠮᠵᠢᠯᠡᠯ ᠳᠤ ᠳᠦᠰᠢᠵᠦ᠂ ᠪᠠᠰᠠ ᠳᠣᠬᠠᠢ ᠶᠢᠨ ᠦᠶ᠎ᠡ ᠳᠤ ᠣᠯᠢᠶᠠᠰᠣᠳᠠᠢ᠂ ᠬᠤᠪᠳᠣ ᠬᠠᠪᠢ ᠪᠠᠷ ᠨᠡᠷ᠎ᠡ ᠨᠦᠯᠦᠭᠡ ᠲᠠᠢ ᠪᠠᠶᠢᠭᠰᠠᠨ ᠵᠠᠯᠬᠠᠩᠵᠠ ᠬᠤᠳᠣᠭᠳᠣ ᠲᠠᠢ ᠨᠦᠬᠦᠷᠯᠡᠨ᠂ ᠦᠪᠡᠷ ᠤᠨ ᠬᠦᠴᠦᠨ ᠢᠶᠠᠨ ᠪᠣᠵᠠᠭᠠᠶᠢᠷᠠᠭᠤᠯᠵᠣ ᠡᠬᠢᠯᠡᠵᠡᠢ᠃ ᠬᠤᠪᠳᠣ ᠶᠢ ᠡᠵᠡᠯᠡᠭᠰᠡᠨ ᠢᠯᠡᠯᠳᠠ ᠪᠠᠨ ᠪᠡᠯᠭᠡᠯᠡᠬᠦ ᠪᠠᠷ ᠶᠡᠭᠡ ᠨᠠᠶᠢᠷ ᠬᠢᠵᠦ᠂ ᠮᠣᠷᠢ ᠣᠷᠣᠯᠳᠣᠬᠤ᠂ ᠰᠣᠷ ᠬᠠᠷᠪᠣᠬᠤ᠂ ᠪᠦᠬᠡ ᠪᠠᠷᠢᠯᠳᠣᠬᠤ ᠵᠡᠷᠭᠡ ᠡᠷ᠎ᠡ ᠶᠢᠨ ᠭᠤᠷᠪᠠᠨ ᠨᠠᠭᠠᠳᠣᠮ ᠬᠢᠵᠦ᠂ ᠪᠠᠰᠠ ᠵᠣᠷᠢᠭᠳᠣ ᠪᠠᠶᠢᠰᠡ᠂ ᠵᠠᠯᠬᠠᠩᠵᠠ ᠬᠤᠳᠣᠭᠳᠣ᠂ ᠬᠡᠨᠳᠦᠨ ᠬᠦᠩ ᠵᠡᠷᠭᠡ ᠨᠡᠷ᠎ᠡ ᠳᠦᠷᠦ ᠲᠠᠢ ᠬᠦᠮᠦᠨ ᠣᠷᠣᠯᠴᠠᠭᠰᠠᠨ ᠠᠴᠠ ᠨᠢᠵᠢᠭᠡᠷ ᠳᠣᠮᠣ ᠨᠠᠶᠢᠷ ᠪᠣᠯᠤᠭᠰᠠᠨ ᠪᠠᠶᠢᠨ᠎ᠠ᠃ ᠨᠠᠶᠢᠷ ᠲᠤ ᠰᠠᠭᠠᠳᠠᠭᠰᠠᠨ ᠡᠯ᠎ᠡ ᠠᠶᠢᠮᠠᠭ ᠤᠨ ᠠᠬᠠᠯᠠᠭᠴᠢ ᠪᠠ ᠵᠣᠴᠢᠳ ᠳ᠋ᠠᠮᠪᠢ ᠯᠠᠮ᠎ᠠ ᠳᠤ ᠦᠯᠡᠮᠵᠢ ᠬᠡᠮᠵᠢᠶᠡᠨ ᠤ ᠡᠷᠬᠦᠴᠡ ᠪᠠᠷᠢᠴᠠ ᠡᠷᠬᠦᠵᠡᠢ᠃ ᠪᠠᠰᠠ ᠳᠣᠮᠣ  ᠬᠡᠪᠴᠢᠶᠡᠨ ᠤ ᠬᠦᠷᠢᠶ᠎ᠡ ᠠᠪᠠ ᠶᠢ ᠵᠣᠬᠢᠶᠠᠨ ᠪᠠᠶᠢᠭᠤᠯᠣᠨ ᠬᠢᠵᠦ᠂ ᠳ᠋ᠠᠮᠪᠢ ᠯᠠᠮ᠎ᠠ ᠦᠪᠡᠷ ᠤᠨ ᠬᠠᠷᠪᠣᠵᠣ ᠨᠠᠮᠨᠠᠬᠤ ᠰᠣᠳᠣᠨ ᠮᠡᠷᠭᠡᠵᠢᠯ ᠢᠶᠠᠨ ᠣᠯᠠᠨ ᠳᠤ ᠭᠠᠶᠢᠬᠠᠭᠤᠯᠣᠭᠰᠠᠨ ᠪᠠᠶᠢᠨ᠎ᠠ᠃ ᠴᠡᠷᠢᠭ ᠤᠨ ᠴᠠᠭᠠᠵᠠ ᠶᠢ ᠴᠢᠩᠭᠠᠳᠬᠠᠨ ᠯᠠᠮ᠎ᠠ ᠬᠤᠸᠠᠷᠠᠭ ᠠᠷᠢᠬᠢ ᠳᠠᠮᠠᠬᠢ ᠳᠠᠳᠠᠬᠤ ᠶᠢ ᠴᠢᠩᠭ᠎ᠠ ᠴᠡᠭᠡᠷᠯᠡᠬᠦᠯᠵᠡᠢ᠃ ᠠᠵᠣ ᠠᠬᠤᠢ ᠶᠢᠨ ᠰᠠᠭᠤᠷᠢ ᠲᠠᠢ ᠪᠣᠯᠣᠭᠰᠠᠨ  ᠳ᠋ᠠᠮᠪᠢ ᠯᠠᠮ᠎ᠠ ᠬᠤᠪᠳᠣ ᠠᠴᠠ ᠡᠮᠦᠨᠠᠰᠢ ᠰᠢᠨ᠎ᠡ ᠬᠤᠳᠠ ᠪᠠᠶᠢᠭᠤᠯᠵᠣ ᠡᠬᠢᠯᠡᠪᠡ᠃ ᠦᠪᠡᠷ ᠤᠨ ᠰᠠᠭᠠᠳᠠᠬᠤ ᠰᠦᠮ᠎ᠡ ᠬᠡᠶᠢᠳ᠂ ᠵᠣᠴᠢᠨ ᠣᠭᠳᠣᠬᠤ ᠣᠷᠳᠣᠨ ᠦᠷᠬᠦᠬᠡ᠂ ᠴᠡᠷᠢᠭ ᠤᠨ ᠰᠣᠷᠭᠠᠭᠤᠯᠢᠯ ᠤᠨ ᠳᠠᠯᠠᠪᠠᠢ ᠵᠡᠷᠭᠡ ᠶᠢ ᠪᠠᠭᠳᠠᠭᠠᠭᠰᠠᠨ ᠮᠣᠨᠳᠠᠭ ᠪᠠᠷᠢᠯᠭ᠎ᠠ ᠪᠠᠷᠢᠬᠤ ᠳᠠᠭᠠᠨ ᠠᠷᠠᠳ ᠠᠴᠠ ᠠᠯᠪᠠ ᠭᠠᠶᠢᠯᠢ ᠦᠯᠡᠮᠵᠢ ᠳᠠᠳᠠᠭᠰᠠᠨ ᠠᠴᠠ ᠬᠡᠰᠡᠭ  ᠪᠦᠯᠦᠭ ᠬᠦᠮᠦᠰ ᠤᠨ ᠳᠣᠷ᠎ᠠ ᠦᠭᠡᠶᠢᠴᠡᠯ ᠢ ᠬᠦᠷᠭᠡᠵᠦ ᠪᠣᠰᠣᠯᠭ᠎ᠠ ᠭᠠᠷᠭᠠᠬᠤ ᠳᠤ ᠬᠦᠷᠭᠡᠭᠰᠡᠨ ᠪᠠᠶᠢᠨ᠎ᠠ᠃ ᠪᠣᠰᠣᠭᠴᠢᠳ ᠢ ᠳ᠋ᠠᠮᠪᠢ ᠯᠠᠮ᠎ᠠ ᠬᠠᠷ᠎ᠠ ᠬᠤᠣᠷᠳᠠᠢ ᠪᠠᠷ ᠳᠠᠷᠣᠩᠭᠤᠶᠢᠯᠠᠵᠦ ᠠᠯᠠᠵᠣ ᠬᠢᠳᠣᠪᠠ᠂ ᠪᠠᠰᠠ ᠳᠤᠭ ᠳᠠᠬᠢᠬᠤ ᠪᠠᠷ ᠬᠤᠪᠳᠣ ᠶᠢ ᠡᠵᠡᠯᠡᠬᠦ ᠳᠤ ᠪᠠᠷᠢᠪᠴᠢᠯᠠᠭᠰᠠᠨ ᠭᠤᠴᠢ ᠭᠠᠷᠣᠢ ᠬᠢᠳᠡᠳ ᠬᠤᠳᠠᠯᠳᠣᠭᠠᠴᠢᠳ ᠢ ᠬᠢᠳᠦᠵᠦ᠂ ᠵᠢᠷᠦᠬᠡ ᠶᠢ ᠨᠢ ᠰᠣᠭᠤᠯᠣᠨ ᠴᠢᠰᠦ ᠪᠠᠷ ᠨᠢ ᠳᠤᠭ ᠢᠶᠠᠨ ᠮᠢᠯᠢᠶᠠᠪᠠ᠃ ᠡᠨᠡ ᠨᠢ ᠡᠳᠡᠭᠡᠷ ᠢ ᠠᠵᠢᠵᠦ ᠪᠠᠶᠢᠭᠰᠠᠨ ᠣᠷᠣᠰ ᠬᠦᠮᠦᠨ ᠤ ᠬᠢᠯᠢᠩ ᠢ ᠳᠡᠭᠳᠡᠭᠡᠵᠡᠢ᠃ ᠳ᠋ᠠᠮᠪᠢ ᠯᠠᠮ᠎ᠠ ᠶᠢᠨ ᠬᠦᠴᠦᠨ ᠪᠣᠵᠠᠭᠠᠶᠢᠷᠠᠪᠠᠯ ᠣᠷᠣᠰ ᠬᠦᠮᠦᠨ ᠤ ᠦᠬᠡ ᠶᠢ ᠰᠣᠨᠣᠰᠬᠤ ᠪᠠᠨ ᠪᠣᠯᠢᠬᠤ ᠶᠢ ᠭᠠᠳᠠᠷᠯᠠᠭᠰᠠᠨ ᠣᠷᠣᠰᠴᠣᠳ ᠳ᠋ᠠ ᠬᠦᠷᠢᠶᠡᠨ ᠳᠤ ᠮᠡᠳᠡᠭᠡ ᠶᠠᠪᠣᠭᠤᠯᠣᠨ᠂ ᠵᠢᠪᠽᠦᠨᠳᠠᠮᠪᠠ ᠲᠠᠢ ᠵᠦᠪᠳᠡᠯᠴᠠᠨ ᠳ᠋ᠠᠮᠪᠢ ᠯᠠᠮ᠎ᠠ ᠶᠢ ᠪᠠᠷᠢᠪᠴᠢᠯᠠᠬᠤ ᠪᠠᠷ ᠪᠣᠯᠪᠠ᠃           1914 ᠣᠨ ᠳᠤ᠂ ᠣᠷᠣᠰ ᠤᠨ ᠳᠣᠳᠣᠭᠠᠳᠣ ᠶᠠᠪᠣᠳᠠᠯ ᠤᠨ ᠶᠠᠮᠣᠨ ᠤ 336 ᠳᠣᠭᠠᠳᠣ ᠨᠢᠭᠤᠴᠠ ᠵᠠᠷᠯᠢᠭ ᠢᠶᠠᠷ ᠺᠤᠽᠠᠭ ᠴᠡᠷᠢᠭ ᠢᠶᠠᠷ ᠭᠤᠣᠯᠯᠠᠭᠰᠠᠨ ᠣᠷᠣᠰ ᠰᠢᠪᠧᠷᠢᠶ᠎ᠠ ᠶᠢᠨ ᠭᠤᠷᠪᠠᠳᠣᠭᠠᠷ ᠬᠤᠷᠢᠶ᠎ᠠ ᠶᠢᠨ ᠳᠠᠪᠢᠨ ᠴᠡᠷᠢᠭ ᠢᠶᠠᠷ ᠪᠦᠷᠢᠯᠳᠦᠭᠰᠡᠨ ᠪᠠᠷᠢᠪᠴᠢᠯᠠᠬᠤ ᠠᠩᠬᠢ ᠳ᠋ᠠᠮᠪᠢ ᠯᠠᠮ᠎ᠠ ᠶᠢᠨ ᠣᠷᠳᠣᠨ ᠢ ᠬᠡᠨᠡᠳᠡᠬᠦᠯᠦᠨ ᠳᠠᠭᠠᠷᠢᠵᠦ  ᠪᠠᠷᠢᠪᠴᠢᠯᠠᠭᠠᠳ᠂ ᠳ᠋ᠠᠮᠪᠢ ᠯᠠᠮ᠎ᠠ ᠪᠣᠯ ᠣᠷᠣᠰ ᠤᠨ ᠬᠠᠷᠢᠶᠠᠳᠣ ᠠᠷᠠᠳ ᠳᠣᠯᠨ ᠣᠯᠣᠰ ᠲᠠᠭᠠᠨ ᠠᠪᠴᠢᠵᠦ ᠰᠢᠬᠦᠨ᠎ᠡ ᠭᠡᠳ ᠠᠪᠣᠭᠠᠳ ᠶᠠᠪᠣᠭᠰᠠᠨ ᠪᠠᠶᠢᠨ᠎ᠠ᠃ ᠣᠷᠣᠰ ᠲᠤ ᠠᠪᠠᠴᠢᠭᠠᠳ ᠠᠰᠲᠷᠠᠬᠠᠨ ᠪᠠ ᠶᠠᠺᠦ᠋ᠲ ᠮᠣᠵᠢ ᠳᠤ ᠴᠦᠯᠡᠵᠦ ᠡᠷᠡᠬᠦᠦ ᠬᠦᠯᠢᠶᠡᠯᠭᠡᠵᠡᠢ᠃ ᠴᠦᠯᠡᠯᠭᠡᠨ ᠶᠠᠪᠣᠵᠣ ᠪᠠᠶᠢᠬᠤ ᠳᠠᠭᠠᠨ ᠣᠷᠣᠰ ᠠᠶᠢᠯ ᠳᠤ ᠰᠠᠭᠤᠵᠤ ᠣᠷᠣᠰ ᠬᠡᠯᠨ ᠰᠠᠶᠢᠨ  ᠰᠣᠷᠣᠭᠰᠠᠨ ᠭᠡᠳᠡᠭ᠃          1917 ᠣᠨ ᠳᠤ᠂ ᠳ᠋ᠠᠮᠪᠢ ᠯᠠᠮ᠎ᠠ ᠣᠷᠣᠰ ᠬᠠᠰᠠᠭ ᠤᠨ ᠦᠢᠮᠡᠭᠡᠨ ᠤ ᠵᠠᠪᠰᠢᠶᠠᠨ ᠢ ᠳᠠᠯᠢᠮᠳᠠᠭᠤᠯᠣᠨ᠂ ᠴᠦᠯᠡᠭᠳᠡᠵᠦ ᠪᠠᠶᠢᠭᠰᠠᠨ ᠠᠰᠲᠷᠠᠬᠠᠨ ᠠᠴᠠ ᠣᠷᠭᠤᠵᠣ᠂ ᠳᠠᠬᠢᠨᠳᠠ ᠮᠣᠩᠭᠤᠯ ᠣᠷᠣᠭᠤ ᠶᠠᠪᠣᠭᠰᠠᠨ ᠪᠠᠶᠢᠨ᠎ᠠ᠃ ᠳᠡᠬᠦᠨ ᠤ ᠢᠷᠡᠵᠦ ᠶᠠᠪᠣᠭ᠎ᠠ ᠴᠢᠮᠡᠭᠡ ᠶᠢ ᠳᠣᠭᠤᠯᠣᠭᠰᠠᠨ ᠣᠷᠣᠰ ᠤᠨ ᠣᠷᠭᠤᠳᠣᠭᠤᠯ ᠴᠠᠭᠠᠨᠳᠠᠨ ᠪᠠᠷᠣᠨ ᠦᠩᠭᠧᠷᠢᠨ  ᠳᠡᠬᠦᠨ ᠢ ᠣᠷᠢᠵᠦ ᠴᠡᠷᠢᠭ ᠲᠡᠭᠡᠨ ᠦᠢᠯᠡᠴᠢᠯᠡᠬᠦᠯᠬᠦ ᠭᠡᠪᠡ᠃ ᠵᠠᠷᠢᠮ ᠮᠡᠳᠡᠭᠡᠨ ᠳᠤ ᠪᠠᠰᠠ ᠳ᠋ᠠᠮᠪᠢ ᠯᠠᠮ᠎ᠠ ᠪᠠᠷᠣᠨ ᠦᠩᠭᠧᠷᠡᠨ ᠳᠤ ᠦᠢᠯᠡᠴᠢᠯᠡᠵᠦ ᠪᠠᠶᠢᠭᠰᠠᠨ ᠭᠡᠵᠦ ᠪᠠᠶᠢᠨ᠎ᠠ᠂ ᠬᠠᠳᠠᠨ ᠪᠠᠭᠠᠳᠣᠷ ᠮᠠᠭᠰᠣᠷᠵᠠᠪ ᠪᠠᠰᠨ ᠬᠠᠭᠤᠴᠢᠨ ᠨᠠᠶᠢᠵᠠ ᠶᠢᠨ ᠬᠤᠪᠢ ᠪᠠᠷ ᠣᠷᠢᠯᠭ᠎ᠠ ᠦᠭᠬᠦᠭᠰᠡᠨ ᠭᠡᠳᠡᠭ᠃ ᠭᠡᠳᠡᠯ᠎ᠡ ᠳ᠋ᠠᠮᠪᠢ ᠯᠠᠮ᠎ᠠ ᠠᠯᠢ ᠶᠢ ᠨᠢ ᠴᠤ ᠳᠦᠰᠢᠬᠦ ᠶᠢ  ᠬᠦᠰᠡᠭᠰᠡᠨ ᠦᠭᠡᠢ᠂ ᠦᠪᠡᠷ ᠤᠨ ᠬᠦᠰᠡᠯ ᠢᠶᠠᠨ ᠪᠡᠶᠡᠯᠡᠬᠦᠯᠬᠦ ᠪᠠᠷ ᠮᠣᠩᠭᠤᠯ ᠤᠨ ᠬᠢᠯᠢ ᠶᠢ ᠵᠣᠷᠢᠭᠰᠠᠨ ᠪᠠᠶᠢᠳᠠᠭ᠃ ᠲᠡᠷᠡ ᠬᠠᠮᠤᠭ ᠣᠷᠢᠳᠠᠪᠠᠷ ᠬᠤᠪᠳᠣ ᠣᠶᠢᠷᠠᠯᠴᠠᠭ᠎ᠠ ᠪᠠᠶᠢᠭᠰᠠᠨ ᠵᠠᠯᠬᠠᠩᠵᠠ ᠭᠡᠭᠡᠨ ᠲᠠᠢ ᠠᠭᠤᠯᠵᠠᠵᠠᠢ᠃ ᠵᠠᠯᠬᠠᠩᠵᠠ ᠭᠡᠭᠡᠨ ᠤ ᠳᠠᠨᠢᠯᠴᠠᠭᠤᠯᠭ᠎ᠠ ᠪᠠᠷ ᠵᠠᠬᠠᠴᠢᠨ ᠪᠠᠶᠢᠯᠨ ᠶᠢᠨ ᠳᠤ ᠬᠦᠷᠪᠡ᠃ ᠬᠠᠰᠠᠭᠴᠤᠳ ᠵᠠᠬᠠᠴᠢᠨ ᠪᠠᠶᠢᠯᠨ ᠶᠢᠨ ᠮᠠᠯ  ᠰᠦᠷᠦᠭ ᠢ ᠳᠡᠭᠡᠷᠡᠮᠳᠡᠭᠡᠳ ᠪᠠᠶᠢᠬᠤ ᠳᠤ ᠳ᠋ᠠᠮᠪᠢ ᠯᠠᠮ᠎ᠠ ᠳᠣᠰᠠᠯᠠᠨ ᠠᠪᠴᠣ ᠦᠭᠬᠦᠭᠰᠡᠨ ᠠᠴᠢ ᠲᠠᠢ ᠳᠣᠯᠨ ᠵᠠᠬᠠᠴᠢᠨ ᠪᠠᠶᠢᠯᠨ ᠭᠡᠷ ᠣᠷᠣᠨ ᠳᠦᠪᠬᠢᠨᠡᠬᠦᠯᠦᠨ ᠦᠭᠴᠦ ᠰᠠᠭᠤᠯᠭᠠᠪᠠ᠃ ᠡ᠊ᠡᠳᠡ ᠠᠴᠠ ᠳ᠋ᠠᠮᠪᠢ ᠯᠠᠮ᠎ᠠ ᠬᠤᠳᠣᠭᠳᠣ ᠬᠠᠭᠠᠨ ᠳᠤ ᠵᠠᠬᠢᠳᠠᠯ ᠪᠢᠴᠢᠵᠦ᠂ ᠣᠣᠯ ᠤᠨ ᠵᠡᠷᠭᠡ ᠬᠡᠷᠬᠢᠮ ᠢ ᠨᠢ ᠰᠡᠷᠭᠦᠭᠡᠵᠦ ᠦᠭᠬᠦ ᠶᠢ ᠭᠤᠶᠣᠴᠢᠯᠠᠭᠰᠠᠨ ᠳᠤ  ᠬᠠᠷᠢᠭᠤ ᠦᠭᠬᠦᠭᠰᠡᠨ ᠦᠭᠡᠢ᠃ ᠡᠨᠡ ᠦᠶ᠎ᠡ ᠳᠤ ᠣᠷᠣᠰ ᠤᠨ ᠪᠠᠷᠣᠨ ᠦᠩᠭᠧᠷᠡᠨ ︽ᠵᠡᠷᠯᠢᠭ ᠳ᠋ᠢᠸᠢᠽᠢ︾ ᠪᠠᠨ  ᠳᠠᠭᠠᠭᠤᠯᠣᠨ ᠮᠣᠩᠭᠤᠯ ᠤᠨ ᠬᠢᠯᠢ ᠬᠤᠪᠳᠣ ᠶᠢᠨ ᠬᠢᠵᠠᠭᠠᠷ ᠲᠤ ᠣᠷᠣᠵᠣ ᠢᠷᠡᠭᠡᠳ᠂ ᠳᠠᠬᠢᠨ ᠳ᠋ᠠ ᠬᠦᠷᠢᠶ᠎ᠡ ᠵᠦᠭ ᠳᠠᠭᠠᠷᠢᠨ ᠳᠡᠨᠳᠡ ᠣᠷᠣᠩᠨᠠᠵᠣ ᠪᠠᠶᠢᠭᠰᠠᠨ ᠭᠠᠮᠢᠩ ᠤᠳ ᠢ ᠬᠦᠭᠡᠭᠡᠨ ᠭᠠᠷᠭᠠᠵᠠᠢ᠃ ᠡᠨᠡᠬᠦ ᠭᠠᠪᠢᠶ᠎ᠠ ᠶᠢ ᠳᠣᠷᠠᠰᠣᠨ  ᠬᠤᠳᠣᠭᠳᠣ ᠬᠠᠭᠠᠨ ᠠᠴᠠ ᠳᠡᠬᠦᠨ ᠳᠤ ︽ᠳᠦᠷᠦ ᠶᠢ ᠳᠦᠪᠰᠢᠳᠭᠡᠭᠴᠢ ᠬᠠᠨ︾ ᠴᠣᠯᠨ ᠱᠠᠩᠨᠠᠨ ᠦᠭᠴᠠᠢ᠃ ᠭᠡᠪᠡᠴᠦ ᠣᠳᠠᠯ ᠦᠭᠡᠢ ᠪᠠᠶᠢᠳᠠᠯ ᠬᠤᠪᠢᠷᠠᠵᠣ᠂ ᠰᠢᠨᠡᠬᠡᠨ ᠵᠦᠪᠯᠡᠯᠳᠦ ᠠᠴᠠ ᠮᠣᠩᠭᠤᠯ ᠤᠨ ᠫᠠᠷᠲ᠋ᠢᠽᠠᠨ ᠢ ᠵᠠᠷᠯᠢᠭᠳᠠᠨ ᠪᠠᠷᠣᠨ ᠦᠩᠭᠧᠷᠡᠨ ᠢ ᠣᠰᠠᠳᠬᠠᠬᠤ ᠪᠠᠷ ᠪᠣᠯᠪᠠ᠃ ᠵᠠᠷᠢᠮ ᠨᠣᠮ ᠳᠤ ᠳ᠋ᠠᠮᠪᠢ ᠯᠠᠮ᠎ᠠ ᠪᠠᠷᠣᠨ ᠦᠩᠭᠧᠷᠡᠨ ᠤ  ᠴᠡᠷᠢᠭ ᠲᠤ ᠦᠢᠯᠡᠴᠢᠯᠡᠵᠦ᠂ ᠴᠦᠢᠪᠠᠯᠰᠠᠩ ᠪᠠ ᠰᠦᠬᠡᠪᠠᠭᠠᠳᠣᠷ ᠤᠨ ᠬᠤᠪᠢᠰᠬᠠᠯᠳᠣ ᠴᠡᠷᠢᠭ ᠲᠠᠢ ᠳᠣᠯᠣᠯᠳᠣᠵᠣ  ᠪᠠᠶᠢᠭᠰᠠᠨ ᠭᠡᠨ᠎ᠡ᠃ ᠬᠤᠪᠳᠣ ᠳᠤ ᠮᠠᠭᠰᠣᠷᠵᠠᠪ᠂ ᠵᠠᠯᠬᠠᠩᠵᠠ ᠭᠡᠭᠡᠨ ᠲᠠᠢ ᠬᠠᠮᠳᠣ ᠦᠩᠭᠧᠷᠡᠨ ᠤ ᠴᠡᠷᠢᠭ ᠢ ᠣᠰᠠᠳᠬᠠᠪᠠ᠂ ᠭᠡᠪᠡᠴᠦ ᠳ᠋ᠠᠮᠪᠢ ᠯᠠᠮ᠎ᠠ ᠪᠠ ᠮᠠᠭᠰᠣᠷᠵᠠᠪ ᠠᠭᠤᠯᠵᠠᠵᠣ ᠴᠢᠳᠠᠭᠰᠠᠨ ᠦᠭᠡᠢ᠃ ᠳᠡᠮᠡᠢ ᠣᠳᠠᠯ ᠦᠭᠡᠢ ᠬᠤᠪᠳᠣ ᠶᠢᠨ ᠣᠶᠢᠷᠠᠯᠴᠠᠭ᠎ᠠ ︽ᠠᠮᠣᠷᠰᠠᠨᠠᠭ᠎ᠠ ᠶᠢᠨ ᠬᠤᠶᠢᠳᠣ ᠳᠦᠷᠢ︾ ᠬᠡᠮᠡᠭᠳᠡᠭᠰᠡᠨ ᠳ᠋ᠠᠮᠪᠢ ᠯᠠᠮ᠎ᠠ ᠶᠢᠨ ᠳᠡᠭᠡᠷᠡᠮ ᠤᠨ ᠪᠦᠯᠦᠭ ᠢᠯᠡᠷᠡᠵᠦ᠂ ᠠᠷᠠᠳ ᠢ ᠳᠡᠭᠡᠷᠡᠮᠳᠡᠨ ᠬᠦᠮᠦᠨ ᠬᠠᠷ᠎ᠠ ᠴᠣᠭᠯᠠᠭᠤᠯᠵᠣ ᠪᠠᠶᠢᠬᠤ ᠴᠢᠮᠡᠭᠡ ᠡᠬᠢᠯᠡᠵᠦ ᠳᠣᠭᠤᠯᠳᠠᠪᠠ᠃ ᠢᠩᠬᠢᠵᠦ ᠬᠠᠳᠠᠨ ᠪᠠᠭᠠᠳᠣᠷ ᠮᠠᠭᠰᠣᠷᠵᠠᠪ ᠪᠠ ᠵᠠᠯᠬᠠᠩᠵᠠ ᠭᠡᠭᠡᠨ ᠡᠪ ᠬᠠᠮᠳᠣ ᠨᠠᠮ ᠢ ᠲᠠᠭᠠᠨ ᠣᠯᠠᠭᠠᠨᠳᠠᠨ ᠪᠣᠯᠵᠣ᠂ ᠳ᠋ᠠᠮᠪᠢ ᠯᠠᠮ᠎ᠠ ᠦᠪᠡᠷᠳᠡᠭᠡᠨ ᠳᠤᠭ ᠪᠣᠰᠬᠠᠨ ᠳᠡᠭᠡᠷᠡᠮ ᠬᠢᠵᠦ᠂ ᠡᠳᠡᠨᠦᠰ ᠤᠨ ᠵᠠᠮ ᠬᠤᠶᠠᠷ ᠳᠡᠰᠢ ᠪᠣᠯᠣᠭᠰᠠᠨ ᠪᠠᠶᠢᠨ᠎ᠠ᠃ ᠰᠢᠨᠡᠬᠡᠨ ᠪᠠᠶᠢᠭᠤᠯᠣᠭᠳᠠᠭᠰᠠᠨ ᠬᠠᠯᠬ᠎ᠠ ᠮᠣᠩᠭᠤᠯ ᠤᠨ ᠣᠯᠠᠭᠠᠨ ᠵᠠᠰᠠᠭ ᠠᠴᠠ ᠳ᠋ᠠᠮᠪᠢ ᠯᠠᠮ᠎ᠠ ᠶᠢ ᠴᠠᠭᠠᠨᠳᠠᠨ ᠲᠠᠢ ᠰᠦᠯᠪᠡᠭᠡᠯᠡᠵᠦ᠂ ᠠᠷᠠᠳ ᠤᠨ ᠵᠠᠰᠠᠭ ᠢ ᠡᠰᠡᠷᠭᠦᠴᠡᠭᠰᠡᠨ ᠶᠠᠯ᠎ᠠ ᠳᠣᠯᠭᠠᠵᠣ ᠪᠠᠷᠢᠪᠴᠢᠯᠠᠬᠤ ᠵᠠᠷᠯᠢᠭ ᠪᠠᠭᠤᠯᠭᠠᠪᠠ᠃            1919 ᠣᠨ ᠳ᠋ᠧ᠂ ᠳ᠋ᠠᠮᠪᠢ ᠯᠠᠮ᠎ᠠ ᠳᠣᠬᠠᠢ ᠶᠢᠨ ᠦᠶ᠎ᠡ ᠶᠢᠨ ᠰᠢᠨᠵᠢᠶᠠᠩ ᠤᠨ ᠴᠡᠷᠢᠭ ᠤᠨ ᠡᠷᠬᠡᠳᠡᠨ ᠰᠢᠣᠢ ᠱᠦ ᠵᠧᠩ ᠤᠨ ︽ᠪᠠᠷᠠᠭᠤᠨ ᠢ ᠳᠦᠪᠰᠢᠳᠭᠡᠬᠦ — ᠠᠨ ᠹᠦ᠋ ᠰᠢ ᠶᠢᠨ ᠴᠡᠷᠢᠭ︾ ᠬᠠᠯᠬ᠎ᠠ ᠮᠣᠩᠭᠤᠯ ᠢ ᠳᠦᠪᠰᠢᠳᠭᠡᠬᠦ ᠪᠠᠷ ᠴᠡᠷᠢᠭ ᠣᠷᠣᠬᠤ ᠳᠤ ᠳ᠋ᠠᠮᠪᠢ ᠯᠠᠮ᠎ᠠ ᠳᠣᠰᠣᠨ ᠪᠠᠶᠢᠯᠳᠣᠵᠣ᠂ ᠳᠡᠬᠦᠨ ᠳᠤ ᠶᠡᠬᠡᠬᠡᠨ ᠬᠤᠬᠢᠷᠠᠯ ᠠᠪᠴᠢᠷᠠᠭᠰᠠᠨ ᠪᠠᠶᠢᠨ᠎ᠠ᠃ ᠢᠩᠬᠢᠭᠡᠳ ᠳ᠋ᠠᠮᠪᠢ ᠯᠠᠮ᠎ᠠ ᠳᠣᠮᠳᠠᠳᠣ ᠣᠯᠣᠰ ᠤᠨ ᠬᠢᠵᠠᠭᠠᠷ ᠲᠤ ᠰᠢᠷᠭᠤᠯᠣᠨ ᠣᠷᠣᠵᠣ ᠢᠷᠡᠭᠡᠳ᠂ ᠭᠠᠨᠰᠣ᠂ ᠰᠢᠨᠵᠢᠶᠠᠩ ᠢᠶᠠᠷ ᠶᠠᠪᠣᠵᠣ ᠪᠠᠶᠢᠭᠰᠠᠨ ᠢᠶᠠᠨ ᠦᠪᠦᠷ ᠮᠣᠩᠭᠤᠯ ᠤᠨ ᠪᠠᠷᠠᠭᠤᠨ ᠪᠦᠰᠡ ᠨᠣᠳᠤᠭ ᠤᠨ ᠡᠵᠡᠨ᠎ᠡ ᠬᠠᠪᠢ ᠶᠢᠨ ᠬᠠᠷ᠎ᠠ ᠭᠤᠪᠢ ᠳᠤ ᠬᠦᠷᠴᠦ ᠢᠷᠡᠭᠡᠳ᠂ ᠡ᠊ᠡᠳᠡ ᠬᠦᠯ ᠳᠣᠭᠳᠠᠨᠢᠨ ᠪᠠᠶᠠᠨᠪᠣᠯᠠᠭ ︵ ᠬᠦᠡᠭ ᠫᠥᠸᠧ ᠴᠢᠤᠸᠠᠨ︶ ᠬᠡᠮᠡᠬᠦ ᠭᠠᠵᠠᠷ ᠢ ᠡᠵᠡᠯᠡᠨ ᠠᠪᠴᠣ᠂ ᠴᠡᠷᠢᠭ ᠮᠣᠷᠢ ᠡᠯᠰᠡᠨ ᠵᠢᠩᠬᠢᠨᠢ ᠭᠤᠪᠢ ᠶᠢᠨ ᠳᠡᠭᠡᠷᠡᠮ ᠪᠣᠯᠵᠣ ᠶᠠᠪᠣᠵᠠᠢ᠃ ᠮᠣᠩᠭᠤᠯ ᠤᠨ ᠬᠢᠯᠢ ᠣᠷᠴᠢᠮ ᠤᠨ ᠳᠦᠷᠪᠡᠭᠰᠡᠨ ᠠᠷᠠᠳ ᠤᠳ ᠭᠡᠷ ᠡᠷᠦᠬᠡ ᠪᠠᠨ ᠠᠪᠣᠨ ᠳ᠋ᠠᠮᠪᠢ ᠯᠠᠮ᠎ᠠ ᠶᠢ ᠲᠦᠰᠢᠬᠦ ᠪᠠᠷ ᠢᠷᠡᠪᠡ᠃ ᠲᠡᠷᠨ ᠡᠵᠡᠨ᠎ᠡ ᠬᠤᠰᠢᠭᠤᠨ ᠤ ᠸᠠᠩ ᠳᠤ ᠵᠠᠬᠢᠳᠠᠯ ᠪᠢᠴᠢᠨ᠂ ᠳᠡᠬᠦᠨ ᠤ ᠬᠠᠷᠢᠶᠠᠳᠣ ᠢᠷᠭᠡᠨ ᠮᠣᠩᠭᠤᠯᠴᠣᠳ ᠲᠤ ᠬᠤᠣᠷ ᠪᠣᠯᠬᠤ ᠦᠬᠡᠢ ᠭᠡᠵᠦ ᠠᠮᠠᠯᠳᠠᠵᠠᠢ᠃ ᠡᠬᠦᠨᠴᠡ ᠡᠬᠢᠯᠡᠨ ᠳᠡᠬᠦᠨ ᠤ ︽ᠬᠠᠷ᠎ᠠ ᠯᠠᠮ᠎ᠠ︾ ᠪᠤᠶᠤ ︽ᠵᠠ ᠯᠠᠮ᠎ᠠ︾ ᠬᠡᠮᠡᠬᠦ ᠨᠡᠷ᠎ᠡ ᠳᠣᠮᠳᠠ ᠠᠽᠢᠶ᠎ᠠ ᠳᠠᠶᠠᠭᠠᠷ ᠳᠠᠭᠤᠷᠢᠰᠪᠠ᠂ ᠣᠴᠢᠷ ᠨᠢ ᠲᠡᠷᠨ ᠬᠠᠷ᠎ᠠ ᠭᠤᠪᠢ ᠶᠢᠨ ᠪᠠᠶᠠᠨᠪᠣᠯᠠᠭ ᠤᠨ ᠣᠰᠣ ᠶᠢ ᠡᠵᠡᠮᠳᠡᠨ᠂ ︽ᠳᠣᠷᠭᠠᠨ ᠵᠠᠮ︾ ᠤᠨ  ᠪᠠᠭᠠᠯᠵᠤᠤᠷ ᠢ ᠪᠠᠷᠢᠵᠦ᠂ ᠨᠠᠭᠠᠰᠢ ᠴᠠᠭᠠᠰᠢ ᠶᠠᠪᠣᠬᠤ ᠬᠤᠳᠠᠯᠳᠣᠭᠠᠴᠢᠨ ᠪᠠ ᠠᠯᠪᠠᠨ ᠤ ᠳᠡᠮᠡᠭᠡᠨ ᠵᠢᠩ ᠢ ᠳᠣᠰᠣᠨ᠂ ︽ᠵᠠᠮ ᠤᠨ ᠭᠠᠶᠢᠯᠢ︾ ᠬᠤᠷᠢᠶᠠᠵᠣ ᠬᠠᠮᠠᠭᠠᠯᠠᠯᠳᠠ ᠶᠢᠨ ᠰᠦᠢᠳᠭᠡᠯ ᠠᠪᠣᠨ᠂ ᠦᠪᠡᠷ ᠤᠨ ᠠᠵᠣ ᠠᠬᠤᠢ ᠶᠢᠨ ᠵᠠᠷᠣᠳᠠᠯ ᠢᠶᠠᠨ ᠪᠦᠷᠢᠯᠳᠦᠬᠦᠯᠵᠦ ᠪᠠᠶᠢᠪᠠ᠃ ᠬᠠᠷ᠎ᠠ ᠭᠤᠪᠢ ᠶᠢᠨ ᠳᠡᠯ ᠠᠭᠤᠯᠠᠨ ︵ᠬᠢᠳᠡᠳ ᠢᠶᠠᠷ ᠮᠠᠽᠦ᠋ᠩᠱᠠᠨ ᠠᠭᠤᠯᠨ ᠭᠡᠳᠡᠭ᠂ ᠵᠠᠷᠢᠮ ᠭᠠᠳᠠᠭᠠᠳᠣ ᠶᠢᠨ ᠨᠣᠮ ᠳᠤ ᠪᠠᠰᠠ ᠮᠠ ᠵᠢᠩ ᠱᠠᠨ ᠭᠡᠵᠦ ᠳᠡᠮᠳᠡᠭᠯᠡᠵᠦ ᠪᠣᠢ︶ ᠳᠤ ᠴᠠᠶᠢᠵᠠ ᠬᠤᠳᠠ ᠪᠠᠶᠢᠭᠤᠯᠵᠣ ᠰᠠᠭᠤᠷᠢᠰᠢᠵᠠᠢ᠃ ᠳᠡᠬᠦᠨ ᠤ ᠪᠠᠶᠢᠭᠤᠯᠣᠭᠰᠠᠨ ᠡᠨᠡᠬᠦ ᠴᠠᠶᠢᠵᠠ ᠬᠤᠳᠠ ᠨᠢ ᠴᠡᠷᠢᠭ ᠤᠨ  ᠶᠠᠪᠣᠳᠠᠯ ᠤᠨ ᠬᠠᠮᠠᠭᠠᠯᠠᠯᠳᠠ ᠪᠠ ᠪᠠᠳᠣᠯᠨᠨ ᠰᠡᠷᠭᠡᠶᠢᠯᠡᠯᠳᠡ ᠶᠢᠨ ᠳᠠᠯ᠎ᠠ ᠪᠠᠷ ᠮᠠᠰᠢ ᠣᠷᠠᠨ ᠨᠠᠷᠢᠯᠢᠭ ᠵᠣᠬᠢᠴᠠᠭᠤᠯᠣᠯ ᠲᠠᠢ ᠪᠠᠶᠢᠵᠣ᠂ ᠳᠣᠬᠠᠢ ᠶᠢᠨ ᠦᠶ᠎ᠡ ᠳᠤ ᠴᠠᠶᠢᠵᠠ ᠬᠤᠳᠠ ᠳᠤ ᠰᠠᠭᠠᠳᠠᠵᠣ ᠦᠩᠭᠡᠷᠡᠭᠰᠡᠨ ᠬᠠᠰᠯᠦ᠋ᠨᠳ᠋ ᠵᠡᠷᠭᠡ ᠬᠠᠷᠢ ᠶᠢᠨ ᠵᠢᠭᠤᠯᠴᠢᠳ ᠤᠨ ᠳᠡᠮᠳᠡᠭᠯᠡᠯ ᠳᠤ ᠭᠠᠶᠢᠬᠠᠰᠢ ᠳᠦᠷᠦᠬᠦᠯᠦᠮ᠎ᠡ ᠵᠢᠷᠣᠭᠯᠠᠵᠣ ᠦᠯᠡᠳᠡᠭᠡᠭᠰᠡᠨ ᠪᠠᠶᠢᠭ᠎ᠠ ᠶᠣᠮ᠃                 1924 ᠣᠨ ᠳᠤ᠂ ᠮᠣᠩᠭᠤᠯ ᠠᠷᠠᠳ ᠣᠯᠣᠰ ᠤᠨ ᠬᠤᠪᠢᠰᠬᠠᠯᠳᠣ ᠨᠠᠮ ᠤᠨ ᠵᠠᠷᠯᠢᠭ ᠢᠶᠠᠷ ᠮᠣᠩᠭᠤᠯ ᠵᠠᠩᠵᠣᠨ ᠪᠠᠯᠳᠠᠨᠳᠣᠷᠵᠢ᠂ ᠨᠠᠨᠵᠢᠣᠨᠪᠠᠭᠠᠳᠣᠷ ᠨᠠᠷ ᠵᠢᠷᠭᠤᠭᠠᠨ ᠵᠠᠭᠤᠨ ᠰᠢᠯᠢᠳᠡᠭ ᠪᠠᠶᠢᠯᠳᠤᠭᠴᠢ ᠪᠠᠷ ᠪᠦᠷᠢᠯᠳᠦᠭᠰᠡᠨ ᠠᠯᠣᠰ ᠢ ᠳᠠᠶᠢᠯᠠᠬᠤ ᠴᠡᠷᠢᠭ ᠠᠩᠬᠢ ᠶᠢ ᠳᠠᠭᠠᠭᠤᠯᠣᠨ᠂ ᠬᠠᠷ᠎ᠠ ᠭᠤᠪᠢ ᠶᠢᠨ ᠳᠡᠯ ᠠᠭᠤᠯᠨ ᠶᠢ ᠴᠢᠭᠯᠡᠵᠦ᠂ ᠬᠠᠷ᠎ᠠ ᠯᠠᠮ᠎ᠠ ᠳ᠋ᠠᠮᠪᠢᠵᠠᠯᠰᠠᠨ ᠢ ᠣᠰᠠᠳᠬᠠᠬᠤ ᠪᠠᠷ ᠮᠣᠷᠳᠠᠪᠠ᠃ ᠪᠠᠯᠳᠠᠨᠳᠣᠷᠵᠢ ᠨᠠᠷ ᠳ᠋ᠠᠮᠪᠢ ᠯᠠᠮ᠎ᠠ ᠶᠢᠨ ᠬᠤᠳᠣᠭᠳᠣ ᠬᠠᠭᠠᠨ ᠳᠤ ᠰᠢᠳᠣᠷᠭᠤ ᠪᠠᠶᠢᠳᠠᠭ ᠳᠠᠯ᠎ᠠ ᠶᠢ ᠠᠰᠢᠭᠯᠠᠵᠣ᠂ ᠪᠣᠭᠳᠠ ᠵᠢᠪᠽᠦᠨᠳᠠᠮᠪᠠ ᠶᠢᠨ ᠳᠣᠮᠢᠯᠠᠭᠰᠠᠨ ᠡᠯᠴᠢ ᠭᠡᠮᠡᠨ ᠬᠠᠭᠤᠷᠮᠠᠭᠯᠠᠨ᠂ ᠯᠠᠮ᠎ᠠ ᠬᠤᠸᠠᠷᠠᠭ ᠤᠨ ᠬᠤᠪᠴᠠᠰᠣ ᠡᠮᠦᠰᠦᠨ ᠳ᠋ᠠᠮᠪᠢ ᠯᠠᠮ᠎ᠠ ᠶᠢᠨ ᠴᠠᠶᠢᠵᠠ ᠪᠠᠬᠢᠯᠡᠯᠳᠡ ᠳᠤ ᠰᠢᠷᠭᠤᠯᠠᠨ ᠣᠷᠣᠵᠣ᠂ ᠣᠳᠠᠯ ᠦᠭᠡᠢ ᠳᠡᠬᠦᠨ ᠤ ᠢᠳᠡᠭᠡᠯ ᠢ ᠠᠮᠠᠷᠬᠠᠨ ᠣᠯᠪᠠ᠃ ᠳᠡᠭᠡᠭᠡᠳ ᠳᠡᠬᠦᠨ ᠤ ᠬᠦᠴᠦ ᠭᠠᠷᠭᠠᠨ ᠪᠠᠷᠢᠭᠰᠠᠨ ᠴᠠᠶᠢᠵᠠ ᠪᠠᠬᠢᠯᠡᠯᠳᠡ ᠶᠢ ᠳᠣᠭᠤᠷᠢᠵᠦ ᠦᠵᠡᠬᠦ ᠳᠤ᠂ ᠴᠡᠷᠢᠭ ᠢᠶᠠᠷ ᠳᠣᠪᠳᠣᠯᠵᠣ ᠡᠪᠳᠡᠵᠦ ᠳᠡᠶᠢᠯᠬᠦ ᠦᠭᠡᠢ ᠪᠠᠳᠣ ᠪᠠᠬᠢ ᠪᠠᠶᠢᠭ᠎ᠠ ᠶᠢ ᠳᠠᠩᠨᠠᠨ ᠮᠡᠳᠡᠪᠡ᠃ ᠪᠠᠯᠳᠠᠨᠳᠣᠷᠵᠢ ᠬᠤᠰᠢᠭᠤᠴᠢ ᠳ᠋ᠠᠮᠪᠢ ᠯᠠᠮ᠎ᠠ ᠳᠤ ᠬᠦᠨᠳᠦᠯᠡᠭᠳᠡᠨ ᠵᠣᠴᠢᠯᠠᠭᠳᠠᠬᠤ ᠶᠢᠨ ᠳᠠᠭᠠᠣ ᠨᠢᠬᠡ ᠶᠡᠷᠦ ᠪᠣᠰᠣ ᠶᠢᠨ ᠨᠠᠷᠢᠨ ᠳᠦᠯᠦᠪᠯᠡᠭᠡ ᠵᠣᠬᠢᠶᠠᠪᠠ᠃ ᠪᠠᠯᠳᠠᠨᠳᠣᠷᠵᠢ ᠬᠦᠨᠳᠦ ᠡᠪᠡᠳᠴᠢᠯᠡᠭᠰᠡᠨ ᠢᠶᠠᠷ ᠣᠪᠯᠠᠵᠣ ᠬᠡᠪᠳᠡᠭᠡᠳ ᠬᠡᠳᠦᠨ ᠡᠳᠦᠷ ᠪᠣᠯᠪᠠ᠂ ᠳᠡᠬᠦᠨ ᠤ ᠳᠠᠭᠠᠯᠳᠠ ᠨᠠᠷ ᠨᠢ ᠳᠡᠬᠦᠨ ᠢ ᠠᠰᠠᠷᠠᠨ ᠰᠣᠪᠢᠯᠠᠵᠣ ᠨᠣᠮ ᠬᠦᠷᠢᠮ ᠣᠩᠰᠢᠵᠦ ᠪᠠᠶᠢᠪᠠ᠃ ᠨᠢᠭᠡᠨ ᠡᠳᠦᠷ ᠪᠠᠯᠳᠠᠨᠳᠣᠷᠵᠢ ᠠᠮᠢ ᠳᠠᠯᠪᠢᠮᠠᠷ ᠪᠣᠯᠵᠣ᠂ ᠳ᠋ᠠᠮᠪᠢ ᠯᠠᠮ᠎ᠠ ᠶᠢ ᠢᠷᠦᠭᠡᠯ ᠣᠩᠰᠢᠵᠦ ᠦᠭᠬᠦ ᠶᠢ ᠬᠦᠰᠡᠪᠡ᠃ ᠳ᠋ᠠᠮᠪᠢ ᠯᠠᠮ᠎ᠠ ᠳᠠᠭᠠᠭᠰᠠᠳ ᠲᠠᠢ ᠪᠠᠨ ᠢᠷᠡᠵᠦ᠂ ᠪᠠᠯᠳᠠᠨᠳᠣᠷᠵᠢ ᠶᠢᠨ ᠮᠦᠷᠦ ᠶᠢ ᠳᠦᠰᠢᠨ ᠢᠷᠦᠭᠡᠯ ᠣᠩᠰᠢᠵᠦ ᠪᠠᠶᠢᠳᠠᠯ᠎ᠠ᠂ ᠰᠢᠷ᠎ᠠ ᠣᠷᠬᠢᠮᠵᠢᠨ ᠳᠣᠳᠣᠷ᠎ᠠ ᠠᠴᠠ ᠪᠠᠨ ᠭᠠᠷ ᠫᠣᠣ ᠪᠠᠨ ᠭᠠᠷᠭᠠᠨ ᠳ᠋ᠠᠮᠪᠢ ᠯᠠᠮ᠎ᠠ ᠶᠢᠨ ᠭᠠᠯ ᠰᠣᠭᠤ ᠤᠷᠤᠭᠤ ᠨᠢ ᠬᠠᠷᠪᠣᠵᠣ ᠠᠯᠠᠭᠠᠳ᠂ ᠪᠠᠷᠢᠨ ᠳᠣᠯᠣᠭᠠᠢ ᠶᠢ ᠨᠢ ᠣᠭᠳᠣᠯᠣᠨ ᠠᠪᠴᠣ ᠬᠦᠷᠢᠶᠡᠨ ᠳᠤ ᠰᠢᠳᠡᠨ ᠶᠠᠪᠣᠭᠤᠯᠵᠠᠢ᠃ ᠫᠣᠣ ᠶᠢᠨ ᠳᠠᠭᠤᠨ ᠢᠶᠠᠷ ᠴᠠᠶᠢᠵᠠ ᠶᠢᠨ ᠴᠡᠷᠢᠭ ᠬᠦᠶᠦᠯᠴᠡᠨ ᠢᠷᠡᠬᠦ ᠳᠤ ᠪᠠᠯᠳᠠᠨᠳᠣᠷᠵᠢ ᠬᠢᠵᠢᠶᠡᠨᠠᠢ ᠳ᠋ᠠᠮᠪᠢ ᠯᠠᠮ᠎ᠠ ᠶᠢᠨ  ᠵᠢᠷᠦᠬᠡ ᠶᠢ ᠰᠣᠭᠤᠯᠣᠨ ᠠᠪᠴᠣ ᠢᠳᠡᠪᠡ᠂ ᠳᠡᠳᠡᠭᠡᠷ ᠴᠡᠷᠢᠭ ᠤᠳ ᠳᠦᠷᠦᠬᠦᠦ ᠨᠢ ᠠᠯᠠᠭᠳᠠᠵᠣ ᠵᠢᠷᠦᠬᠡ ᠶᠢ ᠨᠢ ᠰᠣᠭᠤᠯᠣᠭᠰᠠᠨ ᠢ ᠬᠠᠷᠠᠭᠠᠳ᠂ ᠷᠢᠳᠢ ᠰᠢᠳᠢ ᠨᠢ ᠪᠣᠰᠣᠳ ᠲᠤ ᠰᠢᠯᠵᠢᠪᠡ ᠭᠡᠳ ᠵᠦᠭ ᠵᠦᠭ ᠲᠡᠭᠡᠨ ᠪᠣᠷᠣᠭᠤᠯᠠᠨ ᠳᠣᠳᠠᠭᠠᠵᠠᠭᠠᠪᠠ᠃ ᠭᠠᠳᠠᠭᠤᠷ ᠪᠦᠷᠬᠦᠵᠦ ᠪᠠᠶᠢᠭᠰᠠᠨ ᠠᠯᠣᠰ ᠢ ᠳᠠᠶᠢᠯᠠᠬᠤ ᠠᠩᠬᠢ ᠶᠢᠨ ᠴᠡᠷᠢᠭ ᠤᠳ ᠳᠠᠭᠠᠷᠢᠨ  ᠴᠣᠬᠢᠭᠰᠠᠨ ᠳᠤ ᠳ᠋ᠠᠮᠪᠢ ᠯᠠᠮ᠎ᠠ ᠶᠢᠨ ᠴᠡᠷᠢᠭ ᠳᠡᠶᠢᠯᠦᠭᠳᠡᠨ ᠪᠣᠳᠠᠷᠠᠪᠠ᠃ ᠭᠠᠭᠴᠠᠬᠦ ᠳ᠋ᠠᠮᠪᠢ ᠯᠠᠮ᠎ᠠ ᠶᠢᠨ ᠪᠢᠴᠢᠭᠡᠴᠢ ᠠᠭᠰᠠᠨ ᠵᠠᠬᠠᠴᠢᠨ ᠪᠠᠶᠢᠯᠨ ᠳᠡᠬᠦᠨ ᠤ ᠰᠠᠶᠢᠨ ᠮᠣᠷᠢ ᠶᠢ ᠬᠠᠰᠢᠶᠠᠨ ᠠᠴᠠ ᠨᠢ ᠪᠠᠷᠢᠯᠠᠨ ᠣᠨᠣᠵᠣ ᠠᠮᠢ ᠭᠠᠷᠪᠠ᠃      ᠪᠠᠯᠳᠠᠨᠳᠣᠷᠵᠢ ᠳ᠋ᠠᠮᠪᠢ ᠯᠠᠮ᠎ᠠ ᠶᠢᠨ ᠳᠣᠯᠣᠭᠠᠢ ᠶᠢ ᠫᠣᠣ ᠶᠢᠨ ᠵᠢᠳᠠᠨ ᠳᠤ ᠡᠯᠬᠦᠨ᠂ ᠮᠣᠩᠭᠤᠯ ᠤᠨ ᠬᠢᠵᠠᠭᠠᠷ ᠢᠶᠠᠷ ᠳᠡᠬᠦᠨ ᠢ ᠰᠢᠳᠦᠳᠡᠭ ᠮᠣᠩᠭᠤᠯᠴᠣᠳ ᠲᠤ ︽ᠠᠮᠣᠷᠰᠠᠨᠠᠭ᠎ᠠ ᠶᠢᠨ ᠬᠤᠪᠢᠯᠭᠠᠨ︾ ᠬᠡᠮᠡᠭᠳᠡᠭᠰᠡᠨ ᠳ᠋ᠠᠮᠪᠢ  ᠯᠠᠮ᠎ᠠ ᠠᠯᠠᠭᠳᠠᠵᠵᠦ᠂ ᠳᠡᠬᠦᠨ ᠤ ᠷᠢᠳᠢ ᠰᠢᠳᠢ ᠨᠢ ᠪᠠᠷᠠᠭᠳᠠᠪᠠ ᠭᠡᠵᠦ ᠣᠬᠠᠭᠤᠯᠣᠨ ᠳᠣᠭᠤᠷᠢᠵᠠᠢ᠃ ᠬᠤᠵᠢᠮ ᠨᠢ ᠳᠣᠰ ᠳᠣᠯᠣᠭᠠᠢ ᠶᠢ ᠮᠣᠩᠭᠤᠯ ᠤᠯᠠᠮᠵᠢᠯᠠᠯᠳᠤ ᠠᠷᠭ᠎ᠠ ᠪᠠᠷ ᠳᠠᠪᠣᠰᠣᠯᠠᠨ ᠬᠠᠳᠠᠭᠠᠵᠦ᠂ ᠣᠷᠣᠰ ᠤᠨ ᠺᠣᠮᠠᠨᠳᠠᠯᠠᠭᠴᠢ ᠳᠤ ᠳᠣᠰᠢᠶᠠᠨ ᠦᠭᠬᠦᠭᠰᠡᠨ ᠪᠠ ᠣᠷᠣᠰ ᠤᠨ ᠳᠠᠩᠨᠠᠭᠤᠯ ᠤᠨ ᠪᠠᠶᠢᠭᠤᠯᠭ᠎ᠠ ᠠᠴᠠ ᠳᠡᠬᠦᠨ ᠢ ᠳᠠᠰᠣ  ᠨᠢᠭᠤᠴᠠ ᠳᠠᠩᠰᠠ ᠡᠪᠬᠡᠮᠡᠯ ᠳᠤ ᠣᠷᠣᠭᠤᠯᠣᠨ᠂ ᠰᠠᠨᠲ ᠫᠧᠲᠷᠪᠦᠷᠢᠭ ᠤᠨ ᠮᠦᠽᠸᠢ ᠳᠤ ᠰᠢᠯ ᠰᠠᠪᠠᠨ ᠳᠤ ᠹᠤᠷᠮᠠᠯᠢᠨ ᠤ ᠠᠭᠤᠰᠣᠮᠠᠯ ᠳᠤ ᠬᠢᠬᠡᠳ᠂ 3394 ᠭᠡᠵᠦ ᠳ᠋ᠣᠭᠠᠷᠯᠠᠨ ︽ᠵᠠ ᠯᠠᠮ᠎ᠠ ᠶᠢᠨ ᠳᠣᠯᠣᠭᠠᠢ︾ ᠭᠡᠰᠡᠨ  ᠳᠣᠳᠣᠷᠬᠠᠶᠢᠯᠠᠯᠳᠠ ᠨᠠᠭᠠᠨ ᠬᠠᠳᠠᠭᠠᠯᠠᠵᠣ ᠡᠳᠦᠭᠡ ᠪᠣᠯᠪᠠ᠃            ᠨᠢᠬᠡᠨ ᠦᠶ᠎ᠡ ᠶᠢᠨ ᠪᠠᠭᠠᠳᠣᠷ ᠢᠳᠡᠳᠡᠨ ᠤ ᠣᠨᠢᠰᠤᠭ᠎ᠠ ᠮᠡᠳᠦ ᠨᠢᠬᠡ ᠨᠠᠰᠣ ᠢᠩᠬᠢᠵᠦ ᠳᠠᠭᠤᠰᠪᠠ᠃    
 
ᠢᠷᠡᠯᠲᠡ᠄ ᠠᠯᠠᠱᠠ ᠶᠢᠨ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号