ᠵᠢᠭᠳᠡ ᠶᠢᠨ ᠮᠤᠳᠤ
ᠨᠡᠶᠢᠲᠡᠯᠡᠭᠰᠡᠨ ᠴᠠᠭ᠄
2019/12/26
 — ᠤᠯᠢᠶᠠᠰᠤ ᠲᠡᠭᠷᠢ ᠴᠤᠭᠤᠯᠬᠤ ᠭᠡᠵᠤ       ᠵᠢᠭᠳᠡ ᠲᠡᠯᠡᠬᠡᠢ ᠪᠦᠷᠬᠦᠬᠦ ᠭᠡᠵᠤ ᠤᠷᠭᠤᠳᠠᠭ ᠶᠤᠮ ᠭᠡᠨ᠎ᠡ ᠯᠠᠢ                     ︵ᠡᠵᠢ ᠶᠢᠨ ᠥᠭᠡ︶ ᠠᠷᠦ ᠭᠤᠪᠢ ᠶᠢᠨ ᠮᠢᠨᠢ ᠴᠠᠭᠠᠠ ᠴᠢᠯᠠᠭᠤᠳᠤ ᠭᠡᠳᠡᠭ ᠭᠠᠵᠠᠷ ᠠᠷᠪᠠᠠ ᠬᠤᠷᠤᠭᠤᠨ ᠳᠤ ᠪᠠᠭᠳᠠᠵᠦ ᠲᠤᠭᠠᠯᠠᠭᠳᠠᠬᠤ ᠵᠢᠭᠳᠡ ᠶᠢᠨ ᠮᠤᠳᠤ ᠪᠠᠶᠢᠳᠠᠭ ᠰᠠᠨ ᠠᠷᠰᠠᠭᠠᠷ ᠪᠠᠷᠰᠠᠭᠠᠷ ᠴᠦ ᠭᠡᠰᠡᠡ ᠲᠡᠷᠡ ᠯᠠ ᠵᠢᠭᠳᠡ ᠶᠢᠨ ᠮᠤᠳᠤᠨ ᠠᠴᠠ ᠠᠯᠳᠠᠠ ᠲᠡᠯᠡᠬᠡᠢ ᠶᠢᠨ ᠵᠢᠮᠢᠰ ᠢ ᠠᠩᠬ᠎ᠠ ᠠᠮᠳᠠᠯᠠᠵᠦ ᠦᠵᠡᠭᠰᠡᠡ ᠰᠠᠨ ᠰᠡᠷᠡᠭᠡ ᠰᠡᠷᠡᠭᠡ ᠲᠡᠮᠡᠭᠡᠳ ᠬᠠᠮᠬᠤᠤᠯ ᠭᠤᠯᠬᠢᠬᠤ ᠨᠠᠮᠤᠷ ᠢᠶᠠᠷ ᠰᠢᠨᠳᠡ ᠲᠤᠷᠯᠤᠭ ᠲᠠᠢ ᠳᠡᠨᠵᠢ ᠪᠠᠷ ᠰᠢᠯᠦᠰᠦ ᠪᠠᠨ ᠵᠠᠯᠬᠢᠵᠦ ᠤᠴᠢᠬᠤ ᠳᠤ ᠰᠡᠪᠰᠢᠶ᠎ᠡ ᠰᠠᠯᠬᠢ ᠪᠠᠷ ᠲᠤᠭᠯᠠᠭᠰᠠᠠ ᠵᠢᠭᠳᠡ ᠮᠤᠳᠤᠨ ᠤ ᠵᠢᠮᠢᠰ ᠤᠳ ᠰᠢᠨᠡᠬᠡᠡ ᠪᠡᠷᠢ ᠶᠢᠨ ᠱᠢᠷᠦᠨ ᠤᠨᠵᠢᠯᠭ᠎ᠠ ᠰᠢᠬ ᠱᠠᠷᠬᠢᠵᠦ ᠲᠤᠰᠳᠠᠭ ᠰᠠᠨ ᠬᠤᠩᠭᠤᠷ ᠪᠤᠭᠤᠷᠤᠯ ᠵᠢᠭᠳᠡᠡ ᠠᠴᠠ ᠪᠤᠷᠤᠭ᠎ᠠ ᠰᠢᠬ ᠠᠰᠬᠠᠷᠠᠬᠤ ᠵᠢᠮᠢᠰ ᠢ ᠬᠤᠨᠢ ᠢᠮᠠᠭ᠎ᠠ ᠲᠠᠢ ᠪᠠᠨ ᠪᠤᠯᠢᠶᠠᠯᠳᠤᠨ ᠬᠤᠷᠮᠤᠢ ᠲᠦᠭᠦᠷᠭᠡᠵᠦ ᠲᠡᠬᠦᠳᠡᠭ ᠪᠠᠶᠢᠯ᠎ᠠ ᠬᠤᠶᠢᠳᠦᠨ ᠵᠢᠯ ᠤᠨ ᠮᠦᠷᠦᠭᠡᠳᠦᠯ ᠢᠶᠠᠨ ᠮᠤᠳᠤᠨ ᠤ ᠮᠦᠴᠢᠷ ᠲᠤᠨᠢ ᠵᠠᠩᠭᠢᠳᠤᠴᠢᠬᠠᠭᠠᠳ ᠬᠤᠶᠢᠰᠢ ᠪᠠᠨ ᠬᠠᠷᠠᠠ ᠬᠠᠷᠠᠠ ᠪᠤᠴᠠᠬᠤ ᠳᠤ ᠨᠠᠪᠴᠢ ᠪᠠᠷ ᠢᠶᠠᠨ ᠰᠡᠷᠵᠢᠮᠯᠡᠡ ᠦᠳᠡᠳᠡᠭ ᠪᠠᠶᠢᠯ᠎ᠠ ᠽᠠᠨᠳᠠᠠ ᠬᠦᠷᠡᠩ ᠡᠷᠢᠬᠡ ᠰᠢᠭ ᠵᠢᠭᠳᠡ ᠶᠢᠨ ᠮᠤᠳᠤᠨ ᠤ ᠵᠢᠮᠢᠰᠦᠨ ᠠᠴᠠ ᠽᠠᠮᠪᠤᠯᠢᠩ ᠤᠨ ᠨᠠᠷᠠ ᠰᠠᠯᠬᠢᠨ ᠤ ᠰᠢᠮ᠎ᠡ ᠶᠢ ᠬᠤᠭᠤᠯᠠᠢ ᠪᠠᠨ ᠠᠷᠭᠠᠳᠠᠳᠠᠯ᠎ᠠ ᠠᠮᠳᠠᠯᠠᠵᠦ ᠪᠢᠯᠡ ᠵᠠᠭ ︽ᠨᠤᠶᠠᠷᠬᠠᠭᠰᠠᠠ︾ ᠭᠤᠪᠢ ᠶᠢᠨ ᠵᠠᠢ ᠳᠤ ᠵᠠᠯᠪᠠᠷᠢᠵᠦ ᠤᠷᠭᠤᠭᠰᠠᠠ ᠠᠷᠠᠨᠰᠢᠨ ᠠᠴᠠ ᠨᠢ ᠵᠠᠬ᠎ᠠ ᠬᠢᠵᠠᠭᠠᠷ ᠤᠨ ᠲᠡᠮᠡᠭᠡᠴᠢᠨ ᠤ ᠬᠠᠳᠠᠠ ᠲᠡᠪᠴᠢᠶᠡᠷᠢ ᠶᠢ ᠳᠠᠯᠡᠬᠡᠢ ᠦᠮᠦᠷᠳᠡᠯ᠎ᠡ ᠮᠡᠳᠡᠷᠡᠵᠦ ᠪᠢᠯᠡ ᠲᠡᠷᠡ ᠵᠢᠭᠳᠡ ᠶᠢᠨ ᠮᠤᠳᠤ ᠠᠭᠤᠯᠠ ᠶᠢᠨ ᠰᠦᠷ ᠪᠠᠷᠠᠳᠠᠵᠦ ᠦᠨᠳᠦᠰᠦᠯᠡᠭᠡ ᠦᠭᠡᠢ ᠶᠤᠮ ᠲᠡᠷᠡ ᠵᠢᠭᠳᠡ ᠶᠢᠨ ᠵᠢᠮᠢᠰ ᠤᠰᠤᠨ ᠤ ᠠᠨᠢᠷ ᠰᠢᠮᠡᠵᠦ ᠪᠤᠯᠪᠠᠰᠤᠷᠠᠭ᠎ᠠ ᠦᠭᠡᠢ ᠶᠤᠮ ᠲᠡᠷᠡ ᠵᠢᠭᠳᠡ ᠶᠢᠨ ᠮᠤᠳᠤᠨ ᠠᠴᠠ ᠭᠤᠪᠢ ᠶᠢᠨ ᠲᠡᠮᠡᠭᠡᠡ ᠤ ᠦᠩᠭᠡ ᠤᠷᠭᠤᠵᠦ ᠬᠠᠷᠠᠭᠳᠠᠳᠠᠭ ᠶᠤᠮ ᠲᠡᠷᠡ ᠵᠢᠭᠳᠡ ᠶᠢᠨ ᠮᠤᠳᠤᠨ ᠠᠴᠠ ᠴᠠᠭ ᠬᠤᠭᠤᠴᠠᠭᠠᠠ ᠤ ᠠᠶᠠᠰ ᠰᠡᠷᠴᠢᠭᠢᠨᠡᠵᠦ ᠰᠣᠨᠣᠰᠤᠭᠳᠠᠳᠠᠭ ᠶᠤᠮ ᠵᠢᠷᠭᠤᠭᠠᠠ ᠰᠠᠷ᠎ᠠ ᠶᠢᠨ ᠵᠢᠭᠳᠡᠡ ᠤ ᠴᠡᠴᠡᠭ ᠤᠨ ᠬᠠᠩᠬᠤ ᠲᠠᠳᠠᠭᠰᠠᠠ ᠦᠨᠦᠷ ᠲᠤ ᠵᠢᠷᠡᠡ ᠵᠢᠷᠡᠡ ᠤ ᠠᠯᠳᠠᠠ ᠴᠤᠬᠢᠶ᠎ᠠ ᠰᠤᠭᠳᠤᠵᠦ ᠨᠢᠭᠡᠡ ᠪᠤᠶᠢᠯᠠᠳᠠᠭ ᠰᠠᠨ ᠵᠤᠳ ᠰᠢᠭᠤᠷᠭᠠᠠ ᠢ ᠰᠦᠷᠴᠦ ᠬᠦᠴᠦᠳᠦ ᠵᠢᠳᠡ ᠰᠢᠬ ᠰᠡᠷᠡᠶᠢᠭᠰᠡᠡ ᠵᠠᠭᠤ ᠮᠢᠩᠭᠠᠠ ᠰᠠᠯᠠᠭᠠᠠ ᠳᠤᠨᠢ ᠵᠦᠢᠯ ᠤᠨ ᠰᠢᠪᠠᠭᠤᠬᠠᠢ ᠰᠠᠷᠠ ᠵᠠᠯᠭᠢᠯᠠᠵᠦ ᠬᠤᠨᠤᠳᠠᠭ ᠰᠠᠨ ᠲᠡᠯᠡᠬᠡᠢ ᠶᠢᠨ ᠰᠣᠳᠠᠰᠣ ᠬᠠᠨᠠᠵᠦ ᠤᠷᠭᠤᠭᠰᠠᠠ ᠭᠠᠵᠠᠷ ᠤᠨ ᠪᠣᠰᠤᠭ᠎ᠠ ᠪᠢᠴᠢᠭᠡᠰᠦ᠂ ᠵᠢᠭᠳᠡ ᠶᠢᠨ ᠮᠤᠳᠤ ᠲᠡᠭᠡᠳᠦ ᠲᠡᠭᠷᠢ ᠠᠴᠠ ᠭᠠᠭᠴᠠ ᠴᠦ ᠲᠤᠰᠤᠯ ᠭᠤᠶᠤᠭ᠎ᠠ ᠦᠭᠡᠢ ᠪᠠᠷᠳᠠᠮ ᠶᠡᠬᠡᠮᠰᠦᠭ ᠵᠠᠶᠠᠭ᠎ᠠ᠂ ᠵᠢᠭᠳᠡ ᠶᠢᠨ ᠮᠤᠳᠤ ᠲᠡᠭᠵᠢᠨ ᠪᠤᠷᠤ ᠲᠠᠤᠯᠠᠢ ᠶᠢ ᠴᠦ ᠬᠤᠷᠮᠤᠢ ᠳᠠᠭᠠᠨ ᠬᠤᠮᠢᠵᠦ ᠬᠠᠷᠠᠮᠯᠠᠭᠰᠠᠠ ᠭᠠᠯᠠᠪ ᠤᠨ ᠨᠤᠭᠤᠭᠠᠠ ᠰᠢᠬᠦᠷ᠂ ᠵᠢᠭᠳᠡ ᠶᠢᠨ ᠮᠤᠳᠤ ᠲᠡᠭᠡᠪᠦᠷ ᠬᠦᠬᠡ ᠤᠷᠴᠢᠯᠠᠩ ᠤᠨ ᠵᠡᠭᠦᠳᠦ ᠲᠠᠮᠳᠡᠷᠢᠵᠦ ᠢᠰᠬᠡᠷᠦᠭᠰᠡᠡ ᠤᠩᠭᠤᠨ ᠲᠤᠭᠰᠢᠨ ᠤᠮᠤᠭ᠂ ᠵᠢᠭᠳᠡ ᠶᠢᠨ ᠮᠤᠳᠤ ᠡ                                                (ᠵᠣᠬᠢᠶᠠᠭᠴᠢ᠄ ᠪᠤᠶᠠᠨᠪᠠᠳᠤ )
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号