ᠠᠯᠠᠱᠠ ᠬᠤᠰᠢᠭᠤᠨ ᠳᠤ ᠵᠠᠬᠢᠷᠤᠬᠳᠠᠵᠤ ᠪᠠᠶᠢᠬᠰᠠᠨ ᠲᠦᠪᠠᠤᠨ ᠤᠨ ᠬᠤᠶᠠᠷ ᠭᠠᠵᠠᠷ
ᠨᠡᠶᠢᠲᠡᠯᠡᠭᠰᠡᠨ ᠴᠠᠭ᠄
2019/12/19
     ᠴᠢᠩ ᠤᠯᠤᠰ ᠤᠨ ᠥᠶ᠎ᠠ ᠳᠤ ᠭᠠᠨᠰᠤ ᠬᠥᠭᠡᠨᠠᠭᠤᠷ ᠤᠨ ᠭᠠᠵᠠᠷ ᠪᠠᠶᠢᠭ᠎ᠠ ᠵᠡᠬᠦᠨ ᠯᠤ ᠲᠤ ᠰᠧ ᠶᠢᠨ ᠭᠠᠵᠠᠷ ᠬᠢᠭᠡᠳ ᠵᠤᠨᠢ ᠶᠢᠨ ᠭᠠᠵᠠᠷ ᠢ ᠠᠯᠠᠱᠠ ᠸᠠᠩ ᠳᠤ ᠵᠠᠬᠢᠷᠤᠭᠤᠯᠵᠤ ᠪᠠᠶᠢᠪᠠ᠃ ᠠᠯᠠᠱᠠ ᠸᠠᠩ ᠭᠡᠤᠭᠡᠨ ᠢᠶᠠᠨ ᠡᠨᠡ ᠬᠤᠶᠠᠷ ᠭᠠᠵᠠᠷ ᠤᠨ ᠨᠤᠶᠠᠨ ᠳᠤ ᠬᠠᠳᠤᠨ ᠪᠤᠯᠭᠠᠵᠤ ᠥᠭᠪᠡ᠃ ᠲᠤᠮᠤᠬ ᠶᠠᠷᠢᠶ᠎ᠠ ᠪᠠᠷ ᠪᠤᠯ ᠠᠯᠠᠱᠠ ᠸᠠᠩ ︵ᠳ᠋ᠠᠨᠢᠽᠠᠨ᠎ᠠ︶ ᠮᠤᠷᠢ ᠳᠤ ᠶᠡᠭᠡ ᠲᠤᠷ᠎ᠠ ᠲᠠᠢ ᠲᠤᠯᠠ ᠡᠨᠡ ᠭᠠᠵᠠᠷ ᠠᠴᠠ ᠨᠠᠢᠮᠠᠨ ᠭᠡᠭᠡᠷ ᠮᠤᠷᠢ ᠶᠢ ᠠᠯᠠᠱᠠ ᠸᠠᠩ ᠤᠨ ᠪᠡᠯᠡᠭ ᠲᠤ ᠥᠭᠬᠦᠭᠰᠡᠨ ᠭᠡᠳᠡᠭ᠃ ᠡᠨᠡ ᠨᠠᠢᠮᠠᠨ ᠭᠡᠭᠡᠷ ᠮᠤᠷᠢ ᠶᠢ ᠠᠯᠠᠱᠠ ᠶᠠᠮᠤᠨ ᠳᠤ ᠪᠠᠶᠢᠯᠭᠠᠵᠤ᠂ ᠤᠷᠤᠢ ᠴᠠᠬ ᠢᠶᠠᠷ ᠲᠡᠳᠡᠭᠡᠷ ᠢ ᠤᠰᠤᠯᠠᠬᠤ ᠭᠡᠵᠤ ᠪᠠᠶᠠᠨᠬᠤᠳᠠ ᠶᠢᠨ ᠡᠮᠤᠨᠡᠬᠢ ᠤᠰᠤᠨ ᠳᠤ ᠬᠥᠷᠭᠦ ᠥᠶ᠎ᠠ ᠳᠤ ᠬᠥᠮᠤᠰ ᠰᠠᠶ᠋ᠢ ᠲᠡᠳᠡᠭᠡᠷ ᠮᠤᠷᠢᠳ ᠢ ᠬᠠᠷᠠᠵᠤ ᠪᠠᠶᠠᠰᠳᠠᠬ ᠪᠠᠶᠢᠬᠰᠠᠨ ᠶᠤᠮ᠃      ᠵᠡᠬᠦᠨ ᠴᠢ ᠲᠤ ᠰᠧ ︵ᠮᠤᠩᠭᠤᠯ︶ ᠭᠠᠵᠠᠷ ᠢ ᠰᠡᠬᠦᠯ ᠳᠡᠭᠡᠨ ᠯᠤ ᠲᠤ ᠰᠧ ᠤᠨ ᠭᠠᠵᠠᠷ ᠭᠡᠵᠤ ᠨᠡᠷᠡᠯᠡᠬᠦ ᠪᠤᠯᠪᠠ᠃ ᠤᠴᠢᠷ ᠨᠢ ᠲᠡᠷᠡ ᠭᠠᠵᠠᠷ ᠤᠨ ᠨᠤᠶᠠᠨ ᠨᠢ ᠯᠤᠷᠵᠢᠶᠠ ᠭᠡᠳᠡᠭ᠃ ᠬᠠᠳᠤᠨ ᠨᠢ ᠠᠯᠠᠱᠠ ᠸᠠᠩ ᠤᠨ ᠶᠡᠭᠡ ᠭᠡᠤᠭᠡᠨ ᠪᠠᠶᠢᠪᠠ᠃ ᠵᠠᠷᠭᠤ ᠭᠡᠷᠡᠭ ᠰᠢᠬᠦᠳᠡᠭ ᠪᠥᠭᠡᠳ ᠬᠠᠷᠬᠢᠰ ᠲᠤᠬᠰᠢᠨ ᠲᠤᠯᠠ ᠬᠥᠮᠤᠰ ᠶᠡᠭᠡ ᠠᠶᠤᠳᠠᠬ᠃ ᠴᠢᠯᠤᠭᠡᠯᠡᠭᠳᠡᠬᠦ ᠥᠶ᠎ᠠ ᠳᠤ ᠯᠤᠷᠵᠢᠶᠠ ᠠᠯᠠᠬᠳᠠᠪᠠ᠃ ᠡᠮᠡᠭᠡᠨ ᠨᠢ ᠡᠬᠦᠨ ᠠᠴᠠ ᠡᠮᠤᠨ᠎ᠠ ᠠᠯᠠᠱᠠ ᠳᠠᠭᠠᠨ ᠪᠤᠴᠠᠬᠰᠠᠨ ᠪᠠᠶᠢᠪᠠ᠃      ᠵᠤᠨᠢ ᠶᠢᠨ ᠭᠠᠵᠠᠷ ᠲᠤ ᠲᠥᠴᠢᠨ ᠶᠢᠰᠤᠨ ᠬᠤᠰᠢᠭᠤ ᠪᠠᠶᠢᠪᠠ᠃ ᠨᠢᠭᠡ ᠬᠤᠰᠢᠭᠤᠨ ᠳᠤ ᠮᠢᠩᠭᠠᠨ ᠴᠡᠷᠢᠭ ᠲᠠᠢ᠃ ᠨᠡᠶᠢᠳᠠ ᠲᠥᠷᠪᠡᠨ ᠲᠥᠮᠡ ᠶᠢᠰᠤᠨ ᠮᠢᠩᠭᠠᠨ ᠴᠡᠷᠢᠭ ᠲᠠᠢ ᠪᠠᠶᠢᠵᠡᠢ᠃ ᠡᠳᠡᠭᠡᠷ ᠴᠡᠷᠢᠭ ᠨᠢ ᠮᠤᠷᠢᠨ ᠳᠠᠭᠠᠨ ᠮᠤᠷᠳᠠᠪᠠᠯ ᠴᠡᠷᠢᠭ᠂ ᠮᠤᠷᠢᠨ ᠠᠴᠠ ᠪᠠᠨ ᠪᠠᠭᠤᠪᠠᠯ ᠢᠷᠭᠡᠳ ︵ᠲᠠᠷᠢᠶᠠᠴᠢᠨ︶ ᠪᠤᠯᠳᠠᠬ ᠪᠠᠶᠢᠪᠠ᠃ ᠡᠶᠢᠮᠤ ᠠᠴᠠ ︵上马为兵,下马为民︾ ᠭᠡᠬᠦ ᠬᠢᠳᠠᠳ ᠥᠭᠡ ᠪᠠᠶᠢᠳᠠᠬ᠃ ᠨᠥᠬᠦᠭᠡ ᠲᠠᠯ᠎ᠠ ᠪᠠᠷ ᠵᠤᠨᠢ ᠶᠢᠨ ᠲᠥᠴᠢ ᠶᠢᠰᠤᠨ ᠬᠤᠰᠢᠭᠤ ᠨᠢ ᠲᠥᠴᠢᠨ ᠶᠢᠰᠤᠨ ᠲᠠᠯᠪᠠᠭ᠎ᠠ ᠲᠠᠢ᠃ ᠲᠠᠶᠢᠨ ᠪᠤᠯᠬᠤ ᠳᠤ ᠵᠤᠨᠢ ᠶᠢᠨ ᠠᠯᠢ ᠴᠤ ᠭᠠᠵᠠᠷ ᠠᠴᠠ ᠭᠡᠨᠡᠳᠳᠡ ᠴᠡᠷᠢᠭ ᠭᠠᠷᠴᠤ ᠢᠷᠡᠳᠡᠭ ᠲᠤᠯᠠ ᠵᠤᠨᠢ ᠳᠤ ᠡᠶᠢᠮᠤ ᠨᠢᠭᠡ ᠥᠭᠡ ᠪᠠᠶᠢᠳᠠᠬ᠃ ︽ᠭᠤᠷᠪᠠᠨ ᠱᠸᠡᠭ ᠨᠤᠭᠤᠭᠠᠨ ᠤ ᠥᠷ᠎ᠠ ᠲᠤᠭ᠎ᠠ ᠲᠠᠢ ᠪᠠᠶᠢᠬᠤ ᠳᠤ᠂ ᠵᠤᠨᠢ ᠶᠠᠩ ᠤᠪᠤᠬᠳᠤ ᠶᠢᠨ ᠴᠡᠷᠢᠭ ᠲᠤ ᠲᠤᠭ᠎ᠠ ᠥᠭᠡᠢ︾ ᠭᠡᠳᠡᠭ᠃ ᠢᠯᠠᠩᠭᠤᠶ᠎ᠠ ᠴᠢᠩ ᠤᠯᠤᠰ ᠤᠨ ᠪᠥᠷᠢᠨ ᠵᠠᠰᠠᠬᠳᠤ ᠶᠢᠨ ᠥᠶ᠎ᠠ ᠶᠢᠨ ᠬᠤᠳᠤᠩ ᠤᠨ ᠤᠷᠪᠠᠯᠭᠠᠨ ᠤ ᠥᠶ᠎ᠠ ᠳᠤ ᠶᠠᠬ ᠡᠶᠢᠮᠤ ᠪᠠᠶᠢᠳᠠᠯ ᠲᠠᠢ ᠪᠠᠶᠢᠪᠠ᠃ ᠬᠥᠤᠰᠢ ᠬᠠᠭᠠᠨ ᠲᠥᠪᠡᠳ ᠢ ᠡᠷᠭᠡᠰᠢᠶᠠᠯ ᠳᠡᠭᠡᠨ ᠤᠷᠤᠭᠤᠯᠬᠤ ᠥᠶ᠎ᠠ ᠳᠤ᠂ ᠵᠤᠨᠢ ᠭᠠᠵᠠᠷ ᠤᠨ ᠲᠥᠪᠡᠳ ᠲᠡᠳᠡᠨ ᠳᠤ ᠤᠷᠤᠵᠤ ᠥᠭᠬᠦᠭᠰᠡᠨ ᠥᠭᠡᠢ ᠶᠤᠮ᠃ ᠲᠡᠳᠡ ᠤᠯᠠᠭᠠᠨ ᠤ ᠱᠠᠰᠢᠨ ᠢ ᠰᠢᠳᠤᠵᠤ ᠪᠠᠶᠢᠵᠡᠢ᠃ ᠰᠡᠬᠦᠯᠡᠷ ᠨᠢ ᠱᠠᠵᠢᠪ ᠭᠡᠳᠡᠭ ᠯᠠᠮᠠ ᠭᠠᠷᠴᠤ ᠢᠷᠡᠭᠡᠳ ᠤᠯᠠᠭᠠᠨ ᠤ ᠱᠠᠰᠢᠨ ᠢ ᠰᠢᠷ᠎ᠠ ᠶᠢᠨ ᠱᠠᠰᠢᠨ ᠪᠤᠯᠭᠠᠪᠠ᠃      ᠵᠤᠨᠢ ᠶᠢᠨ ᠬᠠᠮᠤᠬ ᠰᠡᠬᠦᠯ ᠤᠨ ᠨᠤᠶᠠᠨ ᠪᠤᠯᠬᠤ ᠶᠠᠩ ᠹᠥ᠋ ᠰᠢᠩ ᠳᠤ ᠠᠯᠠᠱᠠ ᠸᠠᠩ ᠳ᠋ᠠᠨᠢᠽᠠᠨ᠎ᠠ ᠭᠡᠤᠭᠡᠨ ᠢᠶᠠᠨ ᠥᠭᠪᠡ᠃ ᠲᠡᠷᠡ ᠭᠡᠤᠭᠡᠨ ᠨᠢ ᠡᠳᠤᠭᠡ ᠯᠠᠨᠵᠸᠤ ᠬᠤᠳᠠ ᠳᠤ ᠪᠤᠢ᠃ ᠨᠡᠷ᠎ᠠ ᠨᠢ ᠳ᠋ᠠ ᠹᠠᠨᠭ᠌ ᠭᠡᠳᠡᠭ᠃ ᠡᠳᠤᠭᠡ ᠶᠡᠷᠡ ᠤᠷᠴᠢᠮ ᠨᠠᠰᠤ ᠲᠠᠢ ᠬᠥᠮᠤᠨ ᠪᠤᠢ᠃      ᠡᠨᠡ ᠬᠤᠶᠠᠷ ᠭᠠᠵᠠᠷ ᠨᠢ ᠠᠯᠠᠱᠠ ᠸᠠᠩ ᠤᠨ ᠵᠠᠬᠢᠷᠤᠯ ᠲᠤᠤᠷ᠎ᠠ ᠪᠠᠶᠢᠵᠤ᠂ ᠭᠤᠤᠯᠳᠠᠭᠤ ᠬᠤᠳᠤᠩ ᠤᠨ ᠤᠷᠪᠠᠯᠭ᠎ᠠ ᠭᠠᠷᠭᠠᠬᠤ ᠵᠡᠷᠭᠡ ᠶᠢ ᠰᠡᠷᠭᠡᠶᠢᠯᠡᠵᠤ ᠪᠠᠶᠢᠬᠰᠠᠨ ᠠᠵᠢ᠃                ︵︽ᠠᠬᠸᠠᠩᠴᠦ᠋ᠢᠳᠡᠷ ᠤᠨ ᠶᠠᠷᠢᠬᠰᠠᠨ ᠮᠤᠩᠭᠤᠯ ᠲᠦᠪᠡᠳ ᠱᠠᠰᠢᠨ ᠤ ᠠᠮᠠᠨ ᠲᠡᠤᠬᠡ︾ ᠨᠤᠮ ᠠᠴᠠ︶
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号