ᠠᠩᠬᠠᠳᠤᠭᠠᠷ ᠬᠤᠭᠤᠴᠠᠭᠠᠨ ᠤ ︽ᠼᠠᠩᠶᠠᠩᠵᠠᠮᠰᠦ ᠶᠢᠨ ᠨᠠᠮᠳᠠᠷ︾ ᠤᠨ ᠡᠷᠳᠡᠮ ᠰᠢᠨᠵᠢᠯᠡᠭᠡᠨ ᠤ ᠰᠤᠯᠢᠯᠴᠠᠭᠠᠨ ᠤ ᠬᠤᠷᠡᠯ ᠪᠠᠶᠠᠨᠬᠤᠳᠡ ᠳᠤ ᠶᠠᠪᠤᠭᠳᠠᠪᠡ
ᠨᠡᠶᠢᠲᠡᠯᠡᠭᠰᠡᠨ ᠴᠠᠭ᠄
2018/8/2
       7 ᠰᠠᠷ᠎ᠠ ᠶᠢᠨ 13 — 14 ᠤ ᠡᠳᠦᠷ᠂ ᠠᠩᠬᠠᠳᠤᠭᠠᠷ ᠬᠤᠭᠤᠴᠠᠭᠠᠨ ᠤ ︽ᠼᠠᠩᠶᠠᠩᠵᠠᠮᠰᠦ ᠶᠢᠨ ᠨᠠᠮᠳᠠᠷ︾ ᠤᠨ ᠡᠷᠳᠡᠮ ᠰᠢᠨᠵᠢᠯᠡᠭᠡᠨ ᠤ ᠰᠤᠯᠢᠯᠴᠠᠭᠠᠨ ᠤ ᠬᠤᠷᠡᠯ ᠪᠠᠶᠠᠨᠬᠤᠳᠡ ᠳᠤ ᠶᠠᠪᠤᠭᠳᠠᠪᠡ᠃                ᠲᠤᠰ ᠤᠳᠠᠭᠠᠨ ᠤ ᠡᠷᠳᠡᠮ ᠰᠢᠨᠵᠢᠯᠡᠭᠡᠨ ᠤ ᠰᠤᠯᠢᠯᠴᠠᠭᠠᠨ ᠤ ᠬᠤᠷᠡᠯ ᠳᠤ ᠭᠠᠨᠰᠦ ᠮᠤᠵᠢ᠂ ᠬᠦᠬᠡᠨᠠᠭᠤᠷ ᠮᠤᠵᠢ᠂ ᠭᠤᠸᠠᠩᠳᠦ᠋ᠡᠭ ᠮᠤᠵᠢ᠂ ᠲᠦᠪᠡᠳ ᠤᠨ ᠥᠪᠡᠷᠲᠡᠭᠡᠨ ᠵᠠᠰᠬᠠᠤ ᠤᠷᠤᠨ᠂ ᠨᠢᠩᠰᠢᠶᠠ ᠶᠢᠨ ᠬᠤᠳᠤᠩ ᠦᠨᠳᠦᠰᠦᠲᠡᠨ ᠤ ᠥᠪᠡᠷᠲᠡᠭᠡᠨ ᠵᠠᠰᠠᠬᠤ ᠤᠷᠤᠨ ᠵᠡᠷᠭᠡ ᠭᠠᠵᠡᠷ ᠣᠷᠣᠨ ᠤ ᠲᠡᠥᠬᠡ ᠰᠤᠶᠥᠯ ᠤᠨ ᠰᠤᠳᠦᠯᠭᠠᠨ ᠤ ᠡᠷᠳᠡᠮᠳᠡᠨ ᠰᠤᠳᠦᠯᠭᠠᠳᠡᠨ ᠵᠢᠴᠢ ᠠᠯᠠᠱᠠ ᠠᠶᠢᠮᠠᠭ ᠤᠨ ᠮᠤᠩᠭᠤᠯ ᠲᠡᠥᠬᠡ ᠰᠤᠳᠦᠯᠦᠯ ᠤᠨ ᠬᠢᠨ ᠪᠡ ᠡᠯ᠎ᠠ ᠮᠡᠳᠡᠭᠡ ᠵᠠᠭᠤᠴᠢᠯᠠᠭᠤᠷ ᠤᠨ ᠡᠷᠳᠡᠮᠳᠡᠡ ᠮᠡᠷᠭᠡᠳ ᠤᠷᠤᠯᠴᠠᠵᠦ᠂ ︽ᠲᠡᠥᠬᠡ ᠶᠢ ᠬᠦᠨᠳᠦᠳᠭᠡᠨ᠂ ᠦᠨᠡᠨ ᠢ ᠡᠷᠬᠢᠮᠯᠡᠬᠦ︾ ᠵᠠᠷᠴᠢᠮ ᠢᠶᠠᠷ ᠼᠠᠩᠶᠠᠩᠵᠠᠮᠰᠦ ᠶᠢᠨ ᠨᠠᠮᠳᠠᠷ᠂ ᠱᠠᠰᠢᠨ ᠤ ᠤᠨᠤᠯ᠂ ᠰᠢᠯᠦᠭ ᠵᠡᠷᠭᠡ ᠲᠠᠯ᠎ᠠ ᠶᠢ ᠰᠤᠳᠦᠯᠦᠨ ᠶᠠᠷᠢᠯᠴᠠᠵᠦ᠂ ᠼᠠᠩᠶᠠᠩᠵᠠᠮᠰᠦ ᠶᠢᠨ ᠶᠠᠪᠤᠭᠰᠠᠠ ᠵᠠᠮ ᠮᠦᠷ᠂ ᠶᠠᠭᠤᠨ ᠤ ᠤᠴᠢᠷ ᠠᠴᠠ ᠲᠦᠪᠡᠳ ᠠᠴᠠ ᠭᠠᠷᠴᠦ ᠢᠷᠡᠭᠰᠡᠡ᠂ ᠲᠦᠪᠡᠳ ᠠᠴᠠ ᠭᠠᠷᠴᠦ ᠢᠷᠡᠭᠰᠡᠡ ᠤ ᠰᠡᠭᠦᠯᠡᠷᠬᠢ ᠦᠡᠭᠭᠡᠷᠡᠯᠳᠠ᠂ ᠲᠤᠬᠠᠢ ᠶᠢᠨ ᠦᠶ᠎ᠠ ᠶᠢᠨ ᠲᠡᠦᠭᠡᠨ ᠪᠠᠶᠢᠳᠡᠯ᠂ ᠠᠯᠠᠱᠠ ᠳᠤ ᠢᠷᠡᠵᠦ ᠦᠡᠭᠭᠡᠷᠡᠭᠰᠡᠡ ᠡᠰᠡᠬᠦ ᠶᠢ ᠨᠤᠳᠠᠯᠠᠬᠤ ᠪᠠᠷ ᠲᠠᠮᠵᠢᠨ ᠲᠡᠭᠦᠨ ᠤ ᠲᠡᠥᠬᠡ ᠶᠢᠨ ᠦᠨ᠎ᠠ ᠦᠷᠳᠡᠭ ᠢ ᠠᠭᠤᠳᠠᠯᠯᠠᠵᠦ᠂ ᠡᠷᠳᠡᠮ ᠰᠢᠨᠵᠢᠯᠡᠭᠡᠨ ᠤ ᠮᠠᠷᠭᠤᠭᠠᠨ ᠲᠠᠢ ᠵᠦᠢᠯᠡᠰ ᠢ ᠤᠨᠤᠪᠴᠢᠲᠠᠢ ᠢᠯᠭᠠᠪᠦᠷᠢᠯᠡᠬᠤ ᠶᠢ ᠵᠤᠷᠢᠨ᠂ ᠼᠠᠩᠶᠠᠩᠵᠠᠮᠰᠦ ᠬᠡᠮᠡᠭᠦ ᠲᠡᠥᠬᠡ ᠶᠢᠨ ᠨᠡᠷᠡᠳᠦ ᠬᠦᠮᠦᠨ ᠤ ᠨᠦᠯᠦᠭᠡ ᠳᠣᠰᠬᠠᠯ ᠢ ᠪᠦᠷᠢᠨ ᠪᠠᠳᠠᠷᠠᠭᠤᠯᠵᠦ᠂ ᠰᠤᠶᠥᠯ ᠲᠡᠥᠬᠡ ᠶᠢᠨ ᠨᠡᠷᠡᠳᠦ ᠬᠦᠮᠦᠰ ᠤᠨ ᠨᠡᠷᠡᠳᠦ ᠲᠡᠮᠳᠡᠭ ᠢ ᠪᠤᠢ ᠪᠤᠯᠭᠠᠠ᠂ ᠰᠤᠶᠥᠯ ᠵᠢᠭᠤᠯᠴᠢᠯᠡᠯ ᠤᠨ ᠬᠦᠨᠵᠡᠭᠡᠢ ᠠᠭᠤᠰᠦᠯᠴᠠᠬᠤ ᠶᠢ ᠠᠬᠢᠭᠤᠯᠤᠨ᠂ ᠦᠪ ᠵᠤᠵᠠᠭᠠᠨ ᠲᠡᠥᠬᠡ ᠪᠠᠷ ᠰᠤᠶᠥᠯ ᠤᠨ ᠴᠡᠴᠡᠭᠯᠡᠯᠳᠡ ᠶᠢ ᠲᠠᠶᠢᠴᠢᠯᠡᠨ᠂ ᠠᠯᠠᠱᠠ ᠠᠶᠢᠮᠠᠭ ᠤᠨ ᠵᠢᠭᠤᠯᠴᠢᠯᠡᠯ ᠤᠨ ᠦᠢᠯᠡᠰ ᠢ ᠤᠯᠠᠮ ᠨᠢᠭᠡ ᠠᠯᠬᠤᠮ ᠲᠦᠯᠬᠢᠨ ᠠᠬᠢᠭᠤᠯᠬᠤ ᠶᠢ ᠵᠤᠷᠢᠭᠰᠠᠠ ᠪᠠᠶᠢᠨ᠎ᠠ᠃    
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号