ᠠᠯᠠᠱᠠᠴᠤᠳ ᠤᠨ ᠮᠤᠷᠢᠨ ᠡᠳ᠋ᠯᠡᠯ
ᠨᠡᠶᠢᠲᠡᠯᠡᠭᠰᠡᠨ ᠴᠠᠭ᠄
2018/8/14
       ᠮᠤᠩᠭᠤᠯ ᠦᠨᠳᠦᠰᠦᠳᠡᠨ ᠪᠤᠯ ᠶᠡᠷᠦ ᠠᠴᠠ ᠪᠠᠨ ︽ᠮᠤᠷᠢᠨ ᠨᠢᠷᠦᠭᠤᠨ ᠲᠡᠭᠡᠷᠡᠬᠢ ᠦᠨᠳᠦᠰᠦᠳᠡᠨ︾ ᠬᠡᠮᠡᠭᠳᠡᠵᠦ᠂ ᠦᠰᠴᠦ ᠲᠦᠷᠦᠬᠦ ᠠᠴᠠ ᠪᠠᠨ ᠮᠤᠷᠢ ᠲᠠᠢ ᠬᠦᠨ ᠵᠤᠵᠠᠭᠠᠨ ᠬᠠᠶᠢᠷ᠎ᠠ ᠰᠡᠳᠬᠢᠯᠭᠡ ᠲᠠᠢ ᠪᠠᠶᠢᠵᠦ᠂ ᠬᠦᠳᠡᠯᠮᠦᠷᠢ ᠪᠠ ᠣᠶᠤᠨ ᠪᠢᠯᠢᠭ ᠬᠤᠤᠰᠯᠠᠨ ᠣᠶᠠᠯᠳᠤᠭᠰᠠᠨ ᠮᠤᠷᠢᠨ ᠤ ᠰᠤᠶᠤᠯ ᠢ ᠡᠬᠦᠳᠤᠨ ᠪᠦᠳᠤᠭᠡᠵᠤ᠂ ᠣᠢᠢᠯᠡᠳᠪᠦᠷᠢᠯᠡᠯ ᠬᠦᠳᠡᠯᠮᠦᠷᠢ᠂ ᠲᠠᠶᠢᠨ ᠪᠠᠶᠢᠯᠳᠤᠭᠠᠨ᠂ ᠨᠡᠶᠢᠭᠡᠮ ᠠᠮᠢᠳᠤᠷᠠᠯ ᠡᠰᠡᠪᠡᠯ ᠨᠠᠶᠢᠷ ᠨᠠᠭᠠᠳᠤᠮ ᠨᠢ ᠬᠦᠷᠳᠡᠯ᠎ᠠ ᠮᠤᠷᠢ ᠠᠴᠠ ᠰᠠᠯᠵᠦ ᠲᠡᠶᠢᠯᠦᠰᠢ ᠦᠬᠡᠢ ᠶᠤᠮᠰᠠᠨ᠃ ᠠᠯᠠᠱᠠᠴᠤᠤᠨ 300 ᠭᠠᠷᠤᠢ ᠵᠢᠯ ᠤᠨ ᠲᠠᠤᠭᠡᠨ ᠶᠠᠪᠤᠴᠠ ᠳᠤ ᠭᠠᠵᠠᠷ ᠤᠷᠤᠨ ᠤ ᠤᠠᠴᠠᠯᠢᠭ᠂ ᠵᠠᠩ ᠵᠠᠩᠰᠢᠯ ᠠᠴᠠ ᠪᠤᠯᠵᠤ ᠦᠪᠠᠷᠮᠢᠴᠠ ᠠᠳᠤᠭᠤᠨ ᠰᠤᠶᠤᠯ ᠢ ᠪᠦᠷᠢᠯᠳᠤᠬᠦᠯᠵᠤ᠂ ᠮᠤᠷᠢᠨ ᠤ ᠡᠳ᠋ᠯᠠᠯ ᠭᠡᠷᠡᠭᠰᠠᠯ ᠤᠨ ᠲᠠᠯ᠎ᠠ ᠪᠠᠷ ᠪᠤᠰᠤᠤᠨ ᠮᠤᠩᠭᠤᠯ ᠤᠷᠤᠨ ᠠᠴᠠ ᠢᠯᠠᠤᠠᠳᠠ ᠢᠯᠭᠠᠭᠳᠠᠬᠤ ᠤᠠᠴᠠᠯᠢᠭ ᠲᠠᠢ ᠪᠠᠶᠢᠳᠠᠭ᠃
                     ᠡᠮᠡᠭᠡᠯ ᠬᠠᠵᠠᠭᠠᠷ           ᠠᠯᠠᠱᠠ ᠮᠤᠩᠭᠤᠯᠴᠤᠳ ᠤᠨ ᠡᠮᠡᠭᠡᠯ ᠣᠯᠠᠨ ᠵᠦᠢᠯ ᠪᠠᠶᠢᠳᠠᠭ ᠴᠦ ᠪᠦᠳᠦᠴᠡ ᠶᠢᠨ ᠬᠤᠪᠢ ᠳᠤ ᠡᠯ᠎ᠡ ᠭᠠᠵᠠᠷ ᠤᠨ ᠮᠤᠩᠭᠤᠯᠴᠤᠳ ᠤᠨ ᠡᠮᠡᠭᠡᠯ ᠲᠠᠢ ᠶᠡᠷᠦᠩᠬᠡᠢ ᠳᠡᠭᠡᠨ ᠠᠳᠠᠯᠢᠬᠠᠨ ᠶᠤᠮ᠃ ᠠᠯᠠᠱᠴᠤᠳ ᠤᠨ ᠡᠮᠡᠭᠡᠯ ᠦᠭᠡᠷ᠎ᠡ ᠭᠠᠵᠠᠷ ᠠᠴᠠ ᠢᠯᠭᠠᠭᠳᠠᠬᠤ ᠣᠨᠴᠠᠯᠢᠬ ᠨᠢ ᠪᠤᠯ ᠨᠡᠷᠢᠨ ᠪᠦᠬᠦᠷᠭᠡ ︵ᠬᠤᠨᠢᠨ ᠪᠦᠬᠦᠷᠭᠡ ᠬᠡᠵᠦ ᠪᠠᠰᠠ ᠬᠡᠯᠡᠳᠡᠭ︶ ᠲᠠᠢ ᠮᠦᠷᠳᠡᠭᠡᠨ ᠰᠠᠭᠤᠷᠢ ᠨᠢ ᠪᠠᠭ᠎ᠠ ᠰᠢᠬ ᠪᠠᠶᠢᠳᠠᠭ᠃ ᠡᠨᠡ ᠨᠢ ᠭᠤᠤᠯᠳᠠᠭᠤ ᠠᠯᠠᠱᠠ ᠨᠤᠳᠤᠭ ᠤᠨ ᠭᠤᠪᠢ ᠡᠯᠡᠰᠦᠷᠬᠡᠭ ᠭᠠᠵᠠᠷ ᠣᠷᠤᠨ ᠤ ᠣᠨᠴᠠᠯᠢᠭ ᠠᠴᠠ ᠪᠤᠯᠤᠭᠰᠠᠨ ᠪᠠᠶᠢᠨ᠎ᠠ᠃ ᠠᠯᠠᠱᠠᠴᠤᠳ ᠤᠨ ᠡᠮᠡᠭᠡᠯ ᠪᠠᠷᠤᠭ ᠲᠠᠭᠠᠨ ᠬᠢᠴᠡ ᠨᠢ ᠭᠤᠶᠤ᠂ ᠲᠤᠬᠢᠯᠢᠬ ᠪᠠᠭ᠎ᠠ ᠰᠢᠬ ᠡᠪᠯᠢᠭ ᠪᠠᠢᠳᠠᠭ᠃ ᠠᠯᠠᠱᠠᠴᠤᠤᠨ ᠶᠠᠷᠤᠨᠢ ᠪᠠᠶᠠᠨ ᠴᠢᠨᠡᠭᠡᠯᠢᠭ᠂ ᠭᠤᠶᠤ ᠰᠠᠶᠢᠬᠠᠨ ᠢ ᠪᠡᠯᠭᠡᠳᠡᠳᠡᠭ ᠣᠴᠢᠷ ᠠᠴᠠ ᠡᠮᠡᠭᠡᠯ ᠤᠨ ᠬᠢᠴᠡ ᠨᠢ ᠭᠤᠶᠤᠮᠰᠤᠭ ᠰᠤᠷᠳᠤᠭᠤᠯᠢᠭ ᠪᠠᠶᠢᠳᠠᠭ᠃ ᠠᠯᠠᠱᠠ ᠴᠢᠨ ᠸᠠᠩ ᠤᠯᠠᠨ ᠦᠶ᠎ᠠ ᠶᠢᠨ ᠮᠠᠡᠵᠤ ᠴᠢᠩ ᠤᠨ ᠡᠹᠥ᠋ ᠨᠤᠶᠠᠨ ᠪᠤᠯᠤᠭᠰᠠᠨ ᠢᠶᠠᠷ ᠠᠯᠠᠱᠠᠴᠤᠳ ᠤᠨ ᠪᠠᠷᠢᠯᠭ᠎ᠠ᠂ ᠬᠤᠪᠴᠠᠰᠦ ᠵᠠᠰᠠᠯ᠂ ᠮᠤᠷᠢᠨ ᠤ ᠡᠳ᠋ᠯᠡᠯ ᠬᠡᠷᠡᠭᠰᠡᠯ ᠵᠡᠷᠭᠡ ᠨᠢ ᠮᠠᠨᠵᠦ ᠶᠢᠨ ᠰᠤᠶᠤᠯ ᠤᠨ ᠤᠠᠴᠠᠯᠢᠭ ᠠᠭᠤᠰᠬᠠᠵᠠᠢ᠃ ᠡᠮᠡᠭᠡᠯ ᠢᠶᠠᠨ ᠭᠤᠤᠯᠳᠠᠭᠤ ᠪᠡᠭᠡᠵᠢᠩ᠂ ᠵᠠᠩ ᠵᠢᠶᠠ ᠭᠸᠤ ᠵᠡᠷᠭᠡ ᠶᠢᠨ ᠭᠠᠵᠠᠷ ᠢᠶᠠᠷ ᠲᠤᠰᠬᠠᠢ ᠵᠠᠬᠢᠶᠠᠯᠠᠵᠤ ᠬᠢᠯᠭᠡᠳᠡᠭ᠃ ᠡᠮᠡᠭᠡᠯ ᠤᠨ ᠬᠢᠴᠡ ᠨᠢ ᠨᠠᠷᠢᠯᠢᠭ ᠭᠤᠶᠤ ᠪᠤᠯᠬᠤᠷ ᠣᠳᠤ ᠪᠤᠯᠬᠤ ᠳᠤ ᠦᠨ᠎ᠡ ᠴᠡᠨ᠎ᠡ ᠨᠢ ᠦᠨᠳᠦᠷ ᠪᠠᠶᠢᠵᠦ᠂ ᠡᠯ᠎ᠡ ᠭᠠᠵᠠᠷ ᠤᠨ ᠮᠤᠩᠭᠤᠯᠴᠤᠳ ᠤᠨ ᠪᠠᠭ᠋ᠠᠷᠬᠠᠯ ᠢ ᠲᠠᠳᠠᠭᠰᠠᠨ ᠪᠠᠶᠢᠨ᠎ᠠ᠃ ᠡᠮᠡᠭᠡᠯ ᠤᠨ ᠬᠢᠴᠡ ᠨᠢ ᠬᠤᠶᠠᠷ ᠬᠠᠪᠳᠠᠰᠦ᠂ ᠬᠤᠶᠠᠷ ᠪᠦᠬᠦᠷᠭᠡ ᠶᠢ ᠲᠠᠭᠠᠷᠠᠭᠤᠯᠳᠠᠭ᠃ ᠪᠠᠷᠤᠭ ᠲᠠᠭᠠᠨ ᠬᠠᠷ᠎ᠠ ᠬᠤᠰᠤ ᠮᠤᠳᠤ ᠪᠠᠷ ᠡᠮᠡᠭᠡᠯ ᠤᠨ ᠪᠦᠬᠦᠷᠭᠡ ᠶᠢ ᠬᠢᠵᠦ᠂ ᠪᠦᠭᠡ ᠴᠢᠨᠡᠷᠲᠡᠢ ᠣᠴᠢᠷ ᠠᠴᠠ ᠡᠩ ᠤᠨ ᠪᠠᠶᠢᠳᠠᠯ ᠳᠤ ᠬᠤᠭᠤᠷᠠᠬᠤ ᠦᠬᠡᠢ᠃ ᠡᠬᠦᠨ ᠳᠤ ᠬᠠᠮᠤᠬ ᠣᠨᠴᠠᠯᠢᠭ ᠲᠠᠢ ᠨᠢ᠂ ᠲᠠᠷᠤᠢ ᠶᠢᠨ ᠲᠠᠢ ᠯᠠᠨ ᠡᠮᠡᠭᠡᠯ ᠪᠤᠯᠤᠨ᠎ᠠ᠃ ᠶᠢᠨ ᠲᠠᠢ ᠯᠠᠨ ᠡᠮᠡᠭᠡᠯ ᠪᠤᠯ ᠠᠯᠠᠱᠠ ᠨᠤᠳᠤᠭ ᠲᠤ ᠯᠠ ᠬᠠᠮᠤᠬ ᠠᠷᠪᠢᠨ ᠪᠠᠶᠢᠳᠠᠭ᠃ ᠬᠢᠴᠡ ᠨᠢ ᠨᠡᠷᠢᠯᠢᠬ᠂ ᠭᠠᠷ ᠣᠷᠠᠯᠠᠯ ᠨᠢ ᠡᠷᠪᠡᠬᠡᠢ ᠬᠤᠸᠠᠷ ᠡᠰᠡᠬᠦᠯ᠎ᠠ ᠱᠠᠭᠠᠵᠠᠭᠠᠢ ᠵᠡᠷᠭᠡ ᠣᠯᠠᠨ ᠶᠠᠩᠵᠦ ᠶᠢᠨ ᠴᠢᠮᠡᠭ ᠲᠠᠢ᠃ ᠡᠨᠡ ᠨᠢ ᠡᠮᠡᠭᠡᠯ ᠤᠨ ᠢᠶᠠᠨ ᠦᠡᠭᠭᠡ ᠶᠢ ᠨᠢ ᠲᠠᠷᠤᠬᠤ ᠦᠬᠡᠢ᠂ ᠡᠮᠡᠭᠡᠯ ᠳᠡᠭᠡᠨ ᠵᠤᠬᠢᠴᠠᠭᠰᠠᠨ ᠦᠡᠭᠬᠡ ᠣᠷᠤᠭᠤᠯᠤᠭᠰᠠᠨ ᠪᠠᠶᠢᠳᠠᠭ᠃ ᠭᠠᠷ ᠣᠷᠠᠯᠠᠯ ᠤᠨ ᠲᠠᠯ᠎ᠠ ᠪᠠᠷ ᠶᠢᠨ ᠲᠠᠢ ᠯᠠᠨ ᠬᠠᠮᠤᠬ ᠭᠤᠶᠤ ᠬᠢᠴᠡ ᠲᠠᠢ᠂ ᠣᠴᠢᠷ ᠨᠢ ᠶᠢᠨ ᠲᠠᠢ ᠯᠠᠨ ᠡᠮᠡᠭᠡᠯ ᠳᠤ ᠱᠠᠭᠠᠵᠠᠩ ᠬᠦᠶᠦᠯᠭᠡᠵᠦ᠂ ᠣᠳᠠᠰᠤ ᠲᠠᠳᠠᠨ᠂ ᠬᠤᠸᠠᠷ ᠲᠠᠭᠠᠷᠠᠭᠤᠯᠬᠤ ᠵᠡᠷᠭᠡ ᠣᠯᠠᠨ ᠠᠵᠢᠯ ᠪᠤᠢ᠃  ᠶᠢᠨ ᠲᠠᠢ ᠯᠠᠨ ᠡᠮᠡᠭᠡᠯ ᠢ ᠡᠩ ᠤᠨ ᠦᠶ᠎ᠡ ᠳᠤ᠂ ᠪᠠᠨ ᠯᠠᠨ ᠡᠮᠡᠭᠡᠯ᠂ ᠴᠢᠤᠸᠠᠨ ᠯᠠᠨ ᠡᠮᠡᠭᠡᠯ ᠬᠡᠵᠦ ᠬᠤᠪᠢᠶᠠᠵᠦ᠂ ᠴᠢᠤᠸᠠᠨ ᠯᠠᠨ ᠡᠮᠡᠭᠡᠯ ᠳᠤ ᠤᠭ᠍ᠶᠤ ᠨᠤᠭᠤᠭᠠᠨ᠂ ᠴᠡᠩᠬᠡᠷ ᠬᠦᠭᠡ ᠬᠡᠵᠦ ᠪᠠᠰᠠ ᠬᠤᠪᠢᠶᠠᠵᠦ ᠬᠡᠯᠡᠳᠡᠭ᠃ ᠬᠡᠷᠪᠡ ᠶᠢᠨ ᠲᠠᠢ ᠯᠠᠨ ᠡᠮᠡᠭᠡᠯ ᠢ ᠵᠢᠷᠤᠭ ᠢᠶᠠᠷ ᠨᠢ ᠬᠤᠪᠢᠶᠠᠪᠠᠯ ᠲᠤᠭ᠎ᠠ ᠦᠬᠡᠢ ᠣᠯᠠᠨ ᠪᠠᠶᠢᠨ᠎ᠠ᠃ ᠡᠮᠡᠭᠡᠯ ᠲᠡᠭᠡᠷ᠎ᠡ ᠲᠦᠷᠪᠡᠨ ᠣᠯᠠᠷᠢᠯ ᠤᠨ ᠴᠡᠴᠡᠭ ᠣᠷᠠᠯᠠᠵᠦ᠂ ᠴᠡᠴᠡᠭ ᠲᠠᠢ ᠡᠮᠡᠭᠡᠯ ᠬᠡᠵᠦ ᠬᠢᠳᠡᠭ᠃ ᠡᠮᠡᠭᠡᠯ ᠤᠨ ᠲᠤᠬᠤᠮ ᠲᠡᠭᠡᠷ᠎ᠡ ᠨᠢ ᠰᠡᠷᠡᠭᠡ ᠵᠢᠳᠡ ᠵᠡᠷᠭᠡ ᠶᠢ ᠵᠢᠷᠦᠵᠦ ᠣᠷᠠᠯᠠᠨ᠂ ᠶᠤᠭᠤᠷᠠᠩ ᠣᠳᠠᠰᠦ᠂ ᠠᠯᠬᠠᠨ ᠣᠳᠠᠰᠤ ᠪᠠᠷ ᠬᠦᠪᠡᠭᠡᠯᠡᠵᠦ᠂ ᠣᠷᠳᠤ ᠨᠠᠰᠤᠯᠠᠵᠦ ᠣᠳᠠᠭᠠᠨ ᠵᠢᠷᠭᠠᠬᠤ ᠶᠢ ᠪᠡᠯᠭᠡᠰᠢᠶᠡᠭᠰᠡᠨ ᠪᠠᠶᠢᠳᠠᠭ᠃ ︽ᠨᠠᠢᠮᠠᠨ ᠲᠠᠬᠢᠯ ᠲᠠᠢ ᠡᠮᠡᠭᠡᠯ︾ ᠬᠡᠵᠦ ᠪᠠᠶᠢᠳᠠᠭ᠃ ᠮᠤᠷᠢᠨ ᠤ ᠡᠳ᠋ᠯᠡᠯ ᠬᠡᠷᠡᠭᠰᠡᠯ ᠢ ᠪᠠᠭ᠋ᠠᠷᠬᠠᠵᠦ ᠬᠠᠳᠠᠭᠠᠯᠠᠳᠠᠭ ᠴᠤᠡᠡᠪᠢᠯᠢᠭ ᠬᠡᠯᠡᠬᠦ ᠳᠡᠭᠡᠨ᠂ ᠠᠯᠠᠱᠠ ᠸᠠᠩ ᠤᠨ ᠡᠮᠡᠭᠡᠯ ᠪᠤᠯ ᠲᠦᠢᠯ ᠤᠨ ᠣᠨᠴᠠᠯᠢᠬ ᠲᠠᠢ᠃ ᠡᠮᠦᠨ᠎ᠡ ᠨᠢᠭᠤᠷ ᠲᠡᠭᠡᠷ᠎ᠡ ᠨᠢ ᠠᠯᠳᠠ ᠪᠠᠷ ᠳ᠋ᠠᠯᠠᠵᠠᠶᠠᠭ᠎ᠠ ︽ᠳ᠋ᠠ︾ ᠦᠰᠦᠭ ᠢ ᠪᠢᠴᠢᠵᠦ᠂ ᠪᠤᠰᠤᠳ ᠢ ᠨᠢ ᠮᠦᠡᠭᠬᠦ ᠪᠠᠷ ᠣᠷᠠᠯᠠᠭᠰᠠᠨ᠂ ᠨᠠᠢᠮᠠᠨ ᠪᠦᠭᠡᠵᠢ ᠲᠠᠢ ᠡᠮᠡᠭᠡᠯ ᠪᠠᠶᠢᠬᠤ ᠶᠤᠮ ᠬᠡᠵᠦ ᠪᠠᠶᠢᠯ᠎ᠠ᠃ ᠰᠢᠬᠢᠳᠭᠡᠷᠢ ᠲᠠᠢ ᠡᠮᠡᠭᠡᠯ ᠬᠡᠵᠦ ᠪᠠᠰᠠ ᠪᠠᠶᠢᠨ᠎ᠠ᠃ ᠲᠡᠬᠦᠨ ᠤ ᠭᠠᠷ ᠣᠷᠠᠯᠠᠯ ᠣᠨᠴᠠᠭᠠᠢ ᠪᠠᠶᠢᠳᠠᠭ ᠣᠴᠢᠷ ᠠᠴᠠ ᠣᠳᠤᠬᠠᠨ ᠳᠤ ᠨᠢᠭᠡᠨᠲᠡ ᠴᠦᠭᠡᠷᠡᠭᠰᠡᠨ ᠶᠤᠮ᠃ ᠡᠮᠡᠭᠡᠯ ᠤᠨ ᠲᠤᠳᠤᠷ᠎ᠠ ᠰᠠᠶᠢᠷ ᠡᠮᠡᠭᠡᠯ ᠬᠡᠵᠦ ᠪᠤᠢ᠃ ᠡᠨᠡ ᠶᠢ ᠨᠢᠭᠡ ᠵᠦᠢᠯ ᠤᠨ ᠵᠢᠭᠠᠰᠤ ᠪᠠᠷ ᠬᠢᠳᠡᠭ᠃ ᠡᠮᠡᠭᠡᠯ ᠤᠨ ᠨᠢᠭᠤᠷ ᠢ ᠬᠠᠮᠤᠬ ᠭᠤᠶᠤ᠂ ᠬᠡᠪ ᠨᠠᠮᠪᠠ ᠲᠠᠢ ᠬᠢᠵᠦ᠂ ᠵᠠᠷᠢᠮ ᠦᠶ᠎ᠡ ᠳᠤ ᠬᠢᠴᠡ ᠶᠢᠨ ᠲᠠᠯ᠎ᠠ ᠲᠡᠭᠡᠷ᠎ᠡ ᠠᠯᠳᠠᠭ᠎ᠠ ᠪᠠᠶᠢᠪᠠᠯ ᠡᠮᠡᠭᠡᠯ ᠤᠨ ᠨᠢᠭᠤᠷ ᠨᠢ ᠪᠠᠭᠠᠳᠤᠭᠰᠠᠨ ᠡᠰᠡᠬᠦᠯ᠎ᠠ ᠦᠷᠭᠡᠳᠦᠭᠰᠡᠨ ᠶᠠᠩᠵᠦ ᠲᠠᠢ ᠪᠤᠯᠳᠠᠭ᠃ ᠠᠯᠠᠱᠠ ᠡᠮᠡᠭᠡᠯ ᠤᠨ ᠬᠠᠮᠤᠬ ᠢᠯᠭᠠᠭᠳᠠᠮ᠎ᠠ ᠣᠨᠴᠠᠯᠢᠭ ᠪᠤᠯ ᠪᠦᠷᠬᠦᠭᠡᠯ ᠲᠠᠢ ᠪᠠᠶᠢᠳᠠᠭ᠃ ᠣᠨᠤᠭ᠎ᠠ ᠠᠴᠠ ᠪᠠᠨ ᠪᠠᠭᠤᠵᠦ ᠶᠠᠪᠤᠬᠤ ᠦᠶ᠎ᠡ ᠳᠤ᠂ ᠪᠤᠷᠤᠭ᠎ᠠ ᠬᠤᠷ᠎ᠠ ᠪᠠᠭᠤᠬᠤ ᠦᠶ᠎ᠠ ᠳᠤ ᠪᠦᠷᠬᠦᠭᠡᠯ ᠢᠶᠠᠨ ᠪᠦᠷᠬᠦᠳᠡᠭ᠃ ᠡᠮᠡᠭᠡᠯ ᠢᠶᠠᠨ ᠬᠠᠮᠠᠭᠠᠯᠠᠵᠦ᠂ ᠬᠠᠶᠢᠷᠠᠯᠠᠵᠦ ᠬᠡᠷᠡᠭᠯᠡᠨ᠂ ᠬᠡᠳᠦᠨ ᠦᠶ᠎ᠡ ᠪᠠᠷ ᠪᠠᠨ ᠬᠡᠷᠡᠭᠯᠡᠬᠦ ᠳᠤ ᠴᠦ ᠪᠦᠷᠢᠨ ᠪᠦᠳᠦᠨ ᠰᠠᠶᠢᠬᠠᠨ ᠢᠶᠠᠷ ᠢᠶᠠᠨ ᠪᠠᠶᠢᠳᠠᠭ᠃ ᠵᠠᠷᠢᠮ ᠡᠮᠡᠭᠡᠯ ᠳᠤ ᠪᠠᠰᠠ ᠭᠠᠨᠵᠤᠭ᠎ᠠ ᠪᠠᠨ ᠬᠢᠳᠡᠭ ᠲᠤᠰᠬᠠᠢ ᠬᠠᠷᠮᠠᠨ ᠪᠠᠶᠢᠨ᠎ᠠ᠃ ᠡᠳᠡᠭᠡᠷ ᠨᠢ ᠪᠦᠷ ᠡᠳ᠋ᠯᠡᠯ ᠬᠡᠷᠡᠭᠰᠡᠯ ᠢᠶᠠᠨ ᠬᠠᠮᠠᠭᠠᠯᠠᠬᠤ ᠣᠢᠢᠯᠡᠳᠤᠯ ᠲᠠᠢ᠃           ᠣᠤᠯ  ᠤᠨ ᠮᠤᠩᠭᠤᠯᠴᠤᠳ  ᠤᠨ ᠴᠢᠨᠡᠭᠡᠯᠢᠭ ᠠᠶᠢᠯ  ᠤᠨ ᠬᠦᠮᠦᠨ ᠪᠦᠷᠢ ᠨᠢᠭᠡ ᠡᠮᠡᠭᠡᠯ ᠲᠠᠢ᠃ ᠠᠪᠤ  ᠶᠢᠨ ᠡᠮᠡᠭᠡᠯ᠂ ᠡᠵᠢ  ᠶᠢᠨ ᠡᠮᠡᠭᠡᠯ᠂ ᠬᠦᠤ  ᠶᠢᠨ ᠡᠮᠡᠭᠡᠯ᠂ ᠪᠡᠷᠢ  ᠶᠢᠨ ᠡᠮᠡᠭᠡᠯ ᠨᠡᠩ ᠴᠢᠨᠠᠭᠰᠢᠯᠠᠨ ᠬᠡᠤᠬᠡᠳ  ᠤᠨ ᠡᠮᠡᠭᠡᠯ ᠬᠦᠷᠳᠡᠯ᠎ᠡ ᠪᠠᠶᠢᠳᠠᠭ᠃ ᠣᠨᠤᠭ᠎ᠠ ᠣᠨᠤᠭᠰᠠᠨ ᠴᠠᠭ  ᠲᠤ ᠬᠡᠨ ᠬᠡᠨ  ᠤ  ᠢᠶᠠᠨ ᠡᠮᠡᠭᠡᠯ  ᠢᠶᠠᠨ ᠲᠤᠬᠤᠳᠠᠭ᠃ ᠠᠯᠠᠱᠠ ᠡᠮᠡᠭᠡᠯ  ᠢ ᠬᠡᠷᠡᠭᠯᠡᠭᠡᠨ  ᠤ ᠬᠤᠪᠢ  ᠳᠤ ᠬᠡ  ᠶᠢᠨ ᠡᠮᠡᠭᠡᠯ᠂ ᠡᠩ  ᠤᠨ ᠡᠮᠡᠭᠡᠯ ᠬᠡᠵᠦ ᠬᠤᠪᠢᠶᠠᠨ᠂ ᠬᠡ  ᠶᠢᠨ ᠡᠮᠡᠭᠡᠯ  ᠢ ᠣᠷᠤᠯᠳᠤᠭᠠᠨ᠂ ᠶᠤᠰᠤᠯᠠᠯ ᠨᠠᠶᠢᠷ  ᠳᠤ ᠬᠡᠷᠡᠭᠯᠡᠵᠦ᠂ ᠡᠩ  ᠤᠨ ᠡᠮᠡᠭᠡᠯ  ᠢ ᠣᠨᠤᠭ᠎ᠠ᠂ ᠠᠴᠢᠶᠠᠨ  ᠳᠤ ᠬᠡᠷᠡᠭᠯᠡᠳᠡᠭ ᠶᠤᠮ᠃       ᠬᠠᠵᠠᠭᠠᠷ ᠢ ᠶᠢᠨ ᠲᠠᠢ ᠯᠠᠨ ᠬᠠᠵᠠᠭᠠᠷ᠂ ᠮᠦᠡᠭᠭᠦᠨ ᠬᠠᠵᠠᠭᠠᠷ᠂ ᠲᠡᠮᠦᠷ ᠬᠠᠵᠠᠭᠠᠷ ᠬᠡᠬᠦ ᠮᠡᠳᠤ ᠶᠢᠨ ᠲᠦᠷᠦᠯ ᠬᠤᠪᠢᠶᠠᠵᠦ᠂ ᠬᠢᠴᠠ ᠪᠠᠷ ᠨᠢ ᠪᠤᠭᠳᠠ ᠶᠢᠨ ᠣᠶᠠᠯᠠᠭ᠎ᠠ ᠲᠠᠢ ᠬᠠᠵᠠᠭᠠᠷ᠂ ᠲᠠᠩ ᠰᠤᠷ ᠬᠠᠵᠠᠭᠠᠷ᠂ ᠲᠠᠪᠬᠤᠷ ᠰᠤᠷ ᠬᠠᠵᠠᠭᠠᠷ᠂ ᠬᠦᠷᠦᠮᠡᠯ ᠬᠠᠵᠠᠭᠠᠷ ᠵᠡᠷᠭᠡ ᠣᠯᠠᠨ ᠶᠠᠩᠵᠦ ᠬᠤᠪᠢᠶᠠᠳᠠᠭ᠃ ᠶᠡᠷᠦᠳᠡᠭᠡᠨ ᠬᠠᠵᠠᠭᠠᠷ ᠨᠢ ᠡᠮᠡᠭᠡᠯ ᠲᠠᠢ ᠪᠠᠨ ᠵᠤᠬᠢᠴᠠᠭᠰᠠᠨ ᠪᠠᠶᠢᠳᠠᠭ᠃ ᠵᠢᠱᠢᠶᠠᠯᠠᠪᠠᠯ᠂ ᠶᠢᠨ ᠲᠠᠢ ᠯᠠᠨ ᠡᠮᠡᠭᠡᠯ ᠳᠡᠭᠡᠨ ᠶᠢᠨ ᠲᠠᠢ ᠯᠠᠨ ᠬᠠᠵᠠᠭᠠᠷ ᠲᠤᠬᠢᠷᠠᠭᠤᠯᠤᠨ᠂  ᠮᠦᠡᠭᠭᠦᠨ ᠡᠮᠡᠭᠡᠯ ᠳᠡᠭᠡᠨ ᠮᠦᠡᠭᠭᠦᠨ ᠬᠠᠵᠠᠭᠠᠷ ᠲᠤᠬᠢᠷᠠᠭᠤᠯᠳᠠᠭ᠃ ᠬᠡᠷᠡᠭᠯᠡᠭᠡᠨ ᠤ ᠲᠠᠯ᠎ᠠ ᠠᠴᠠ ᠬᠡᠯᠡᠪᠡᠯ ᠲᠠᠩ ᠰᠤᠷ ᠬᠠᠵᠠᠭᠠᠷ ᠨᠢ ᠬᠠᠮᠤᠬ ᠪᠦᠬᠡ᠂ ᠴᠢᠨᠡᠷ ᠰᠠᠶᠢᠲᠠᠢ ᠣᠳᠠᠭᠠᠨ ᠬᠡᠷᠡᠭᠯᠡᠵᠦ ᠴᠢᠳᠡᠨ᠎ᠠ᠃ ᠶᠢᠨ ᠲᠠᠢ ᠯᠠᠨ ᠬᠠᠵᠠᠭᠠᠷ᠂ ᠮᠦᠡᠭᠭᠦᠨ ᠬᠠᠵᠠᠭᠠᠷ ᠵᠡᠷᠭᠡ ᠶᠢ ᠪᠠᠷᠤᠭ ᠲᠠᠭᠠᠨ ᠬᠡ ᠳᠤ ᠵᠠᠷᠤᠵᠦ ᠪᠠᠶᠢᠳᠠᠭ᠃           ᠶᠡᠷᠦᠨᠢ ︽ᠨᠡᠷᠡ ᠰᠠᠷᠠᠨ ᠪᠦᠬᠦᠷᠭᠡ ᠲᠠᠢ᠂ ᠨᠠᠢᠮᠠᠨ ᠰᠠᠶᠢᠬᠠᠨ ᠭᠠᠨᠵᠤᠭ᠎ᠠ ᠲᠠᠢ᠂ ᠵᠡᠭᠡᠷ᠎ᠡ ᠶᠢᠨ ᠠᠷᠠᠰᠦᠨ ᠵᠢᠷᠢᠮ ᠲᠠᠢ᠂ ᠣᠭᠤᠨᠤ ᠶᠢᠨ ᠠᠷᠠᠰᠦᠨ ᠣᠯᠤᠩ ᠲᠠᠢ︾ ᠬᠡᠵᠦ ᠡᠮᠡᠭᠡᠯ ᠬᠠᠵᠠᠭᠠᠷ ᠤᠨ ᠨᠠᠷᠢᠯᠢᠭ ᠬᠢᠴᠡ ᠶᠢ ᠦᠨᠡᠨ ᠶᠤᠰᠤ ᠪᠠᠷ ᠮᠠᠭᠳᠠᠭᠰᠠᠨ ᠪᠤᠢ᠃ ︽ᠡᠷ᠎ᠡ ᠬᠦᠮᠦᠨ ᠤ ᠣᠷᠠᠨ ᠢ ᠡᠮᠡᠭᠡᠯ ᠬᠠᠵᠠᠭᠠᠷ ᠠᠴᠠ ᠨᠢ ᠦᠵᠡ᠂ ᠡᠮ᠎ᠡ ᠬᠦᠮᠦᠨ ᠤ ᠣᠷᠠᠨ ᠢ ᠲᠤᠪᠴᠢ ᠰᠢᠯᠪᠢ ᠠᠴᠠ ᠨᠢ ᠦᠵᠡ︾ ᠬᠡᠳᠡᠭ ᠢᠶᠠᠷ ᠡᠮᠡᠭᠡᠯ ᠤᠨ ᠡᠳ᠋ᠯᠡᠯ ᠬᠡᠷᠡᠭᠰᠡᠯ ᠨᠢ ᠡᠷ᠎ᠡ ᠬᠦᠮᠦᠨ ᠤ ᠣᠷᠠᠨ ᠬᠡᠴᠡᠬᠦᠤ᠂ ᠠᠳᠤᠭᠤ ᠮᠠᠯ ᠳᠠᠭᠠᠨ ᠬᠢᠷᠢ ᠵᠡᠷᠭᠡ ᠪᠠᠶᠢᠬᠤ ᠶᠢ ᠦᠵᠡᠵᠦ ᠴᠢᠳᠠᠬᠤ ᠣᠴᠢᠷ ᠠᠴᠠ ᠡᠮᠡᠭᠡᠯ ᠨᠢ ᠡᠷ᠎ᠡ ᠬᠦᠮᠦᠨ ᠤ ᠨᠠᠮᠪᠠ ᠪᠤᠯᠬᠤ ᠶᠤᠰᠤᠲᠠᠢ᠃
                  ᠴᠢᠳᠤᠷ ᠵᠢᠷᠢᠮ ᠣᠯᠤᠩ           ᠴᠢᠳᠤᠷ ᠢ ᠰᠤᠷ ᠭᠤᠤᠯ ᠲᠠᠢ᠂ ᠬᠢᠯᠭᠠᠰᠦᠨ ᠭᠤᠤᠯ ᠲᠠᠢ ᠬᠡᠵᠦ ᠨᠤᠳᠤᠭ ᠪᠡᠯᠴᠢᠭᠡᠷ ᠤᠨ ᠢᠶᠠᠨ ᠵᠦᠷᠢᠶ᠎ᠡ ᠪᠠᠷ ᠬᠢᠳᠡᠭ᠃ ᠰᠤᠷ ᠭᠤᠤᠯ ᠲᠠᠢ ᠴᠢᠳᠤᠷ ᠢ ᠭᠤᠪᠢ ᠭᠠᠵᠠᠷ᠂ ᠣᠰᠤ ᠪᠠᠭ᠎ᠠ ᠭᠠᠵᠠᠷ ᠬᠡᠷᠡᠭᠯᠡᠨ᠂ ᠴᠢᠳᠤᠷ ᠤᠨ ᠰᠤᠮᠤ ᠶᠢ ᠡᠪᠡᠷ ᠢᠶᠠᠷ ᠵᠤᠷᠦᠵᠦ ᠬᠢᠬᠦ ᠡᠰᠡᠭᠦᠯ᠎ᠡ ᠰᠤᠬᠠᠢ ᠮᠤᠳᠤ ᠪᠠᠷ ᠬᠢᠳᠡᠭ᠃ ᠬᠢᠯᠭᠠᠰᠦᠨ ᠭᠤᠤᠯ ᠲᠠᠢ ᠴᠢᠳᠤᠷ ᠢ ᠣᠰᠤ ᠶᠡᠭᠡ ᠭᠠᠵᠠᠷ ᠲᠤ ᠬᠡᠷᠡᠭᠯᠡᠳᠡᠭ᠂ ᠬᠡᠷᠪᠡ ᠴᠢᠬᠢᠭᠯᠢᠭ ᠭᠠᠵᠠᠷ ᠲᠤ ᠰᠤᠷ ᠭᠤᠤᠯ ᠲᠠᠢ ᠴᠢᠳᠤᠷ ᠢ ᠬᠡᠷᠡᠭᠯᠡᠪᠡᠯ ᠣᠰᠤᠨ ᠳᠤ ᠳᠡᠪᠳᠦᠭᠳᠡᠨ᠂ ᠵᠦᠭᠡᠯᠡᠷᠡᠨ ᠲᠠᠯᠪᠢᠭᠳᠠᠳᠠᠭ ᠶᠤᠮ᠃ ᠵᠢᠷᠢᠮ ᠢ ᠲᠡᠭᠰᠢ ᠬᠦᠷᠦᠭᠰᠡᠨ ᠵᠢᠷᠢᠮ᠂ ᠴᠤᠩᠬᠤ ᠲᠠᠢ ᠵᠢᠷᠢᠮ     ︵ᠭᠤᠤᠯ ᠳᠤᠨᠢ ᠨᠦᠭᠡ ᠲᠠᠢ ᠬᠦᠷᠦᠬᠦ ᠶᠢ ᠬᠡᠯᠡᠨ᠎ᠡ︶ ᠬᠡᠵᠦ ᠠᠷᠪᠢᠨ ᠶᠠᠩᠵᠦ ᠪᠠᠷ ᠬᠦᠷᠦᠳᠡᠭ᠃ ᠣᠯᠤᠩ ᠪᠤᠯ ᠮᠤᠷᠢᠨ ᠤ ᠡᠮᠡᠭᠡᠯ ᠢ ᠲᠤᠭᠳᠠᠭᠠᠬᠤ ᠴᠢᠬᠤᠯᠠ ᠬᠡᠷᠡᠭᠯᠡᠬᠦᠨ ᠪᠤᠯᠬᠤ ᠶᠢᠨ ᠬᠠᠮᠳᠤ᠂ ᠮᠤᠷᠢᠨ ᠤ ᠬᠡᠳᠡᠰᠦ ᠬᠤᠯᠭᠤᠵᠦ ᠣᠯᠠᠶᠢᠷᠠᠨ ᠴᠢᠪᠴᠢᠷᠬᠦ ᠶᠢ ᠬᠠᠮᠠᠭᠠᠯᠠᠬᠤ ᠣᠴᠢᠷ ᠠᠴᠠ ᠦᠷᠭᠡᠨ ᠬᠠᠪᠳᠠᠭᠠᠢ ᠬᠢᠵᠦ᠂ ᠦᠬᠡᠷ ᠠᠳᠤᠭᠤᠨ ᠤ ᠬᠦᠭᠡᠪᠦᠷ᠂ ᠲᠡᠯ ᠰᠡᠬᠦᠯ ᠤᠨ ᠬᠢᠯᠭᠠᠰᠤ ᠶᠢ ᠪᠤᠰᠤᠳ ᠨᠤᠤᠰᠤ ᠲᠠᠢ ᠬᠤᠯᠢᠨ ᠲᠡᠮᠦᠳᠡᠭ᠃ ᠣᠯᠤᠩ ᠢ ᠵᠡᠭᠡᠷᠳᠡ᠂ ᠬᠠᠷ᠎ᠠ᠂ ᠴᠠᠭᠠᠨ ᠬᠡᠵᠦ ᠰᠠᠶᠢᠬᠠᠨ ᠴᠠᠴᠤᠭᠯᠠᠨ ᠬᠢᠵᠦ᠂ ᠲᠡᠤᠯᠠᠢ ᠶᠢᠨ ᠲᠠᠩᠨᠠᠢ ᠡᠷᠢᠶ᠎ᠡ ᠲᠠᠢ ᠬᠡᠵᠦ ᠭᠤᠶᠤ ᠰᠠᠶᠢᠬᠠᠨ ᠵᠦᠢᠷᠯᠡᠨ ᠶᠠᠷᠢᠳᠠᠭ᠃ ᠰᠤᠷ ᠢᠶᠠᠷ ᠣᠯᠤᠩ ᠬᠢᠬᠦ ᠳᠤ ᠨᠠᠷᠢᠬᠠᠨ ᠵᠦᠰᠦᠵᠦ᠂ ᠰᠦᠯᠵᠢᠨ ᠬᠦᠷᠦᠭᠡᠳ ᠦᠷᠭᠡᠨ ᠬᠠᠪᠳᠠᠭᠠᠢ ᠪᠤᠯᠭᠠᠳᠠᠭ᠃
                             ᠴᠠᠯᠮ᠎ᠠ ᠠᠷᠭᠠᠮᠵᠢ ᠲᠠᠰᠢᠭᠤᠷ            ᠴᠠᠯᠮ᠎ᠠ ᠠᠷᠭᠠᠮᠵᠢ ᠶᠢ ᠴᠠᠴᠤᠭ ᠲᠠᠢ ᠰᠠᠶᠢᠬᠠᠨ ᠣᠷᠠᠯᠠᠵᠦ᠂ ᠬᠠᠷ᠎ᠠ ᠬᠢᠯᠭᠠᠰᠦ ᠪᠠᠷ ᠬᠦᠷᠦᠭᠰᠡᠨ ᠪᠠᠶᠢᠳᠠᠭ᠃ ᠰᠤᠯᠤᠩᠭᠠᠨ ᠠᠷᠭᠠᠮᠵᠢ ᠬᠡᠵᠦ ᠪᠠᠰᠠ ᠪᠤᠢ᠃ ᠰᠤᠯᠤᠩᠭᠠᠨ ᠠᠷᠭᠠᠮᠵᠢ ᠶᠢ ᠴᠤᠬᠤᠷ᠂ ᠮᠤᠭᠠᠢ ᠡᠷᠢᠶ᠎ᠡ ᠲᠠᠢ ᠬᠢᠳᠡᠭ᠂ ᠡᠩ ᠤᠨ ᠴᠠᠭ ᠲᠤ ᠴᠦᠭᠡᠨ ᠬᠠᠷᠠᠭᠳᠠᠳᠠᠭ ᠣᠴᠢᠷ ᠠᠴᠠ ᠬᠦᠮᠦᠰ ᠡᠨᠡ ᠶᠢ ᠶᠡᠭᠡ ᠤᠪᠢᠷᠬᠠᠵᠤ ᠦᠵᠡᠨ᠂ ᠲᠦᠢᠯ ᠢᠶᠠᠷ ᠪᠠᠭ᠋ᠠᠷᠬᠠᠳᠠᠭ᠃ ᠲᠠᠰᠢᠭᠤᠷ ᠢ ᠠᠯᠠᠱᠠ ᠳᠤ ᠪᠠᠰᠠ ᠮᠢᠯᠠᠭ᠎ᠠ ᠬᠡᠵᠦ ᠭᠡᠯᠡᠳᠡᠭ᠃ ᠡᠬᠦᠨ ᠳᠤ ᠽᠠᠨᠳᠠᠨ ᠡᠰᠢ᠂ ᠰᠤᠮᠦᠨ ᠡᠰᠢ᠂ ᠰᠤᠬᠠᠢ ᠡᠰᠢ ᠬᠡᠵᠦ ᠣᠯᠠᠨ ᠶᠡᠩᠵᠦ ᠬᠤᠪᠢᠶᠠᠳᠠᠭ᠃ ᠲᠠᠰᠢᠭᠤᠷ ᠢ ᠭᠤᠷᠪᠠᠨ ᠪᠠᠷᠢᠮ ᠣᠷᠳᠦ ᠬᠢᠵᠦ᠂ ᠠᠳᠤᠭᠤ ᠮᠠᠯ ᠢᠶᠠᠨ ᠬᠠᠷᠢᠭᠤᠯᠵᠦ ᠶᠠᠪᠤᠬᠤ ᠶᠢᠨ ᠲᠠᠭᠠᠤ ᠦᠪᠡᠷ ᠤᠨ ᠪᠡᠶ᠎ᠡ ᠪᠠᠨ ᠬᠠᠮᠠᠭᠠᠯᠠᠬᠤ ᠣᠢᠢᠯᠡᠳᠦᠯ ᠲᠠᠢ᠃ ᠵᠠᠷᠢᠮ ᠲᠦᠷᠦᠯ ᠨᠢ ᠠᠮᠢᠳᠤᠷᠠᠯ ᠲᠤᠮᠳᠠᠬᠢ ᠨᠢᠭᠡ ᠵᠦᠢᠯ ᠤᠨ ᠲᠠᠷᠤᠭᠤᠯᠭ᠎ᠠ ᠪᠤᠯᠬᠤ ᠣᠴᠢᠷᠲᠠᠢ᠃ ᠵᠢᠱᠢᠶᠡᠯᠡᠪᠡᠯ᠂ ᠰᠤᠬᠠᠢ ᠡᠰᠢ ᠨᠢ ᠨᠢᠭᠡ ᠵᠦᠢᠯ ᠳᠡᠭᠡᠨ ᠭᠤᠶᠤ ᠬᠡᠬᠡᠨᠴᠢᠷ ᠦᠵᠡᠭᠳᠡᠵᠦ᠂ ᠨᠦᠬᠦᠭᠡ ᠵᠦᠢᠯ ᠳᠡᠭᠡᠨ ᠮᠠᠭᠤ ᠶᠠᠭᠤᠮ᠎ᠠ ᠶᠢ ᠲᠠᠷᠤᠳᠠᠭ ᠬᠡᠵᠦ ᠬᠡᠯᠡᠵᠦ ᠪᠤᠢ᠃
                        ᠭᠠᠨᠵᠤᠭ᠎ᠠ ᠬᠤᠰᠤᠭᠤᠷ ᠬᠤᠨᠭ᠍ᠬᠤ           ᠡᠮᠡᠭᠡᠯ ᠤᠨ ᠬᠠᠪᠳᠠᠰᠦᠨ ᠤ ᠡᠮᠦᠨ᠎ᠡ ᠬᠤᠶᠢᠨ᠎ᠠ᠂ ᠵᠦᠪ ᠪᠤᠷᠤᠭᠤ ᠲᠠᠯ᠎ᠠ ᠳᠤ ᠲᠤᠰᠬᠠᠢ ᠵᠤᠬᠢᠶᠠᠭᠰᠠᠨ ᠡᠨᠡ ᠬᠦ ᠰᠤᠷ ᠣᠶᠠᠭ᠎ᠠ ᠶᠢ ᠭᠠᠨᠵᠤᠭ᠎ᠠ ᠬᠡᠳᠡᠭ᠃ ᠭᠠᠨᠵᠤᠭ᠎ᠠ ᠳᠤ ᠮᠢᠨᠳᠠᠰᠦᠨ ᠭᠠᠨᠵᠤᠭ᠎ᠠ ᠬᠡᠵᠦ ᠪᠤᠢ᠃ ᠮᠢᠨᠳᠠᠰᠦᠨ ᠭᠠᠨᠵᠤᠭ᠎ᠠ ᠳᠤ ᠬᠠᠷ᠎ᠠ ᠮᠢᠨᠳᠠᠰᠦᠨ ᠭᠠᠨᠵᠤᠭ᠎ᠠ᠂ ᠬᠦᠷᠡᠩ ᠮᠢᠨᠳᠠᠰᠦᠨ ᠭᠠᠨᠵᠤᠭ᠎ᠠ᠂ ᠰᠤᠷ ᠭᠠᠨᠵᠤᠭ᠎ᠠ ᠬᠡᠵᠦ ᠪᠠᠶᠢᠳᠠᠭ᠃ ᠠᠳᠤᠭᠤᠨ ᠳᠤ ᠶᠠᠪᠤᠬᠤ ᠰᠠᠶᠢᠨ ᠡᠷᠡᠴᠤᠳ ᠬᠤᠭᠤᠷᠤᠠᠳᠤ ᠪᠠᠨ ︽ᠮᠢᠨᠦ ᠮᠤᠷᠢ ᠵᠢᠷᠦᠭᠠᠯᠠᠬᠤ ᠦᠶ᠎ᠡ ᠳᠤ᠂ ᠭᠠᠨᠵᠤᠭ᠎ᠠ ᠨᠢ ᠰᠤᠮᠦ ᠰᠢᠬ ᠪᠤᠯᠳᠠᠭ︾ ᠬᠡᠵᠦ ᠬᠡᠯᠡᠵᠦ ᠬᠦᠭᠡᠷᠦᠯᠳᠦᠳᠡᠭ ᠨᠢ ᠭᠠᠨᠵᠤᠭ᠎ᠠ ᠪᠠᠨ ᠮᠠᠭᠳᠠᠵᠦ ᠪᠠᠭ᠋ᠠᠷᠬᠠᠭᠰᠠᠨ ᠳᠤ ᠪᠠᠶᠢᠨ᠎ᠠ᠃ ᠮᠤᠷᠢᠨ ᠤ ᠬᠦᠯᠦᠰᠦ ᠶᠢ ᠴᠡᠪᠡᠷᠯᠡᠬᠦ ᠮᠤᠳᠤᠨ ᠬᠤᠰᠤᠭᠤᠷ ᠢ ᠮᠤᠷᠢᠨ ᠬᠤᠰᠤᠭᠤᠷ ᠬᠡᠳᠡᠭ᠃ ᠮᠤᠷᠢᠨ ᠬᠤᠰᠤᠭᠤᠷ ᠢ ᠮᠤᠷᠢᠨ ᠤ ᠬᠦᠯᠦᠰᠦ᠂ ᠬᠠᠭ ᠰᠢᠷᠤᠢ᠂ ᠡᠯᠳᠡᠪ ᠪᠡᠶ᠎ᠡ ᠳᠤ ᠨᠠᠭᠠᠯᠳᠤᠭᠰᠠᠨ ᠬᠤᠷᠤᠬᠠᠢ ᠶᠢ ᠴᠡᠪᠡᠷᠯᠡᠬᠦ ᠳᠤ ᠬᠡᠷᠡᠭᠯᠡᠨ᠎ᠡ᠃ ᠲᠡᠬᠦᠨ ᠢ ᠬᠤᠯᠤᠰᠤ᠂ ᠰᠤᠮᠤᠨ ᠮᠤᠳᠤ ᠵᠡᠷᠭᠡ ᠪᠠᠷ ᠬᠢᠵᠦ ᠪᠤᠢ᠃ ᠮᠤᠷᠢᠨ ᠤ ᠬᠦᠯᠦᠰᠦ ᠶᠢ ᠨᠢ ᠬᠤᠰᠤᠴᠢᠬᠠᠪᠠᠯ ᠮᠤᠷᠢ ᠶᠠᠪᠤᠬᠤ ᠳᠤ ᠪᠡᠶ᠎ᠡ ᠨᠢ ᠲᠠᠯᠪᠢᠭᠳᠠᠵᠦ᠂ ᠬᠦᠡᠭᠭᠡᠭᠡᠨ ᠪᠤᠯᠳᠠᠭ᠃ ᠠᠯᠠᠱᠠᠴᠤᠳ ᠮᠤᠷᠢᠨ ᠤ ᠬᠤᠨᠭ᠍ᠬᠤ ᠶᠢ ᠴᠢᠨ᠋ᠸ᠎ᠠ ᠶᠢᠨ ᠬᠤᠨᠭ᠍ᠬᠤ ᠬᠡᠵᠦ ᠨᠡᠷᠡᠶᠢᠳᠳᠡᠭ᠃ ᠮᠤᠷᠢ ᠶᠡᠷᠦᠨᠢ ᠬᠤᠨᠭ᠍ᠬᠤᠨ ᠳᠠᠭᠠᠨ ᠵᠤᠷᠢᠭᠵᠢᠵᠦ᠂ ᠪᠠᠶᠠᠷᠯᠠᠵᠦ ᠶᠠᠪᠤᠳᠠᠭ᠃ ᠬᠤᠨᠭ᠍ᠬᠤᠨ ᠲᠠᠭᠤᠨ ᠳᠤ ᠨᠢᠭᠡ ᠯᠡ ᠶᠠᠩᠵᠦ ᠪᠠᠷ ᠵᠢᠷᠤᠭᠠᠯᠠᠴᠢᠬᠠᠳᠠᠭ᠃ ᠮᠤᠷᠢ ᠮᠦᠨᠴᠦ ᠶᠡᠭᠡ ᠰᠡᠷᠭᠡᠭ ᠠᠮᠢᠳᠠᠨ᠂ ᠠᠷᠪᠢᠨ ᠲᠠᠭᠤᠨ ᠳᠤ ᠰᠤᠴᠢᠵᠦ ᠦᠷᠬᠦᠬᠦ ᠵᠠᠩ ᠲᠠᠢ᠃ ᠬᠤᠨᠭ᠍ᠬᠤ ᠵᠡᠬᠦᠴᠢᠭᠡᠪᠡᠯ ᠡᠳᠡᠭᠡᠷ ᠢ ᠪᠠᠰᠠ ᠰᠡᠷᠭᠡᠶᠢᠯᠡᠬᠦ ᠣᠢᠢᠯᠡᠳᠦᠯ ᠲᠠᠢ ᠶᠤᠮ᠃
                               ᠲᠤᠬᠤᠮ ᠲᠦᠷᠦᠭᠡ           ᠬᠠᠨ᠎ᠠ ᠶᠢᠨ ᠡᠷᠢᠶ᠎ᠡ ᠲᠠᠢ ᠲᠤᠬᠤᠮ᠂ ᠰᠠᠩᠬᠠᠶ᠋ᠢᠤ ᠲᠤᠬᠤᠮ᠂ ᠪᠤᠯᠢᠭᠠᠷᠢ ᠲᠤᠬᠤᠮ᠂ ᠬᠡᠪᠢᠰ ᠲᠤᠬᠤᠮ ᠬᠡᠬᠦ ᠵᠡᠷᠭᠡ ᠶᠢᠨ ᠪᠠᠶᠢᠳᠠᠭ᠃ ᠰᠠᠩᠬᠠᠶ᠋ᠢᠤ ᠲᠤᠬᠤᠮ ᠢ ᠵᠤᠨ ᠳᠤ ᠲᠤᠬᠤᠳᠠᠭ᠃ ᠭᠤᠤᠯᠳᠠᠭᠤ ᠮᠤᠷᠢ ᠬᠠᠯᠠᠭᠤᠳᠠᠬᠤ ᠦᠬᠡᠢ᠂ ᠬᠦᠯᠦᠰᠦ ᠶᠢ ᠨᠢ ᠭᠠᠳᠠᠭᠰᠢᠯᠠᠭᠤᠯᠬᠤ ᠣᠢᠢᠯᠡᠳᠦᠯ ᠲᠠᠢ᠃ ᠪᠤᠯᠢᠭᠠᠷᠢ ᠲᠤᠬᠤᠮ ᠢ ᠪᠤᠯ ᠡᠪᠤᠯ ᠵᠤᠨ ᠦᠬᠡᠢ ᠲᠤᠬᠤᠵᠦ ᠪᠤᠯᠤᠨ᠎ᠠ᠃ ᠬᠡᠪᠢᠰ ᠲᠤᠬᠤᠮ ᠢ ᠡᠪᠤᠯ ᠳᠤᠨᠢ ᠲᠤᠬᠤᠨ᠎ᠠ᠂ ᠮᠤᠷᠢᠨ ᠤ ᠬᠦᠯᠳᠡᠵᠦ ᠲᠠᠭᠠᠷᠠᠬᠤ ᠶᠢ ᠰᠡᠷᠬᠡᠶᠢᠯᠡᠨ᠎ᠡ᠃ ᠰᠠᠩᠬᠠᠶ᠋ᠢᠤ ᠲᠤᠬᠤᠮ ᠨᠢ ᠬᠡ ᠨᠠᠮᠪᠠ ᠶᠢᠨ ᠣᠢᠢᠯᠡᠳᠦᠯ ᠲᠠᠢ᠂ ︽ᠰᠠᠷᠠᠯ ᠮᠤᠷᠢ ᠪᠠᠨ ᠣᠨᠤᠭᠠᠳ ᠰᠠᠩᠬᠠᠶ᠋ᠢᠤ ᠲᠤᠬᠤᠮ ᠢᠶᠠᠨ ᠲᠤᠬᠤᠵᠦ᠂ ᠪᠤᠭᠤᠷᠤᠯ ᠮᠤᠷᠢ ᠪᠠᠨ ᠣᠨᠤᠭᠠᠳ ᠪᠤᠯᠢᠭᠠᠷᠢ ᠲᠤᠬᠤᠮ ᠢᠶᠠᠨ ᠲᠤᠬᠤᠵᠦ ᠶᠠᠪᠤᠨ᠎ᠠ︾ ᠬᠡᠵᠦ ᠰᠠᠶᠢᠬᠠᠨ ᠵᠦᠢᠷᠯᠡᠭᠰᠡᠨ ᠪᠠᠶᠢᠳᠠᠭ᠃ ᠲᠦᠷᠦᠭᠡ ᠶᠢ ᠡᠩ ᠤᠨ ᠬᠡᠷᠡᠭᠴᠡᠭᠡᠨ ᠤ ᠲᠦᠷᠦᠭᠡ ᠪᠡ ᠨᠠᠶᠢᠷ ᠨᠠᠭᠠᠳᠤᠮ ᠳᠤ ᠬᠡᠷᠡᠭᠯᠡᠬᠦ ᠭᠤᠶᠤ ᠴᠢᠮᠡᠭᠯᠡᠯ ᠤᠨ ᠲᠦᠷᠦᠭᠡ ᠬᠡᠵᠦ ᠬᠤᠶᠠᠷ ᠵᠦᠢᠯ ᠬᠤᠪᠢᠶᠠᠨ᠎ᠠ᠃ ᠲᠦᠷᠦᠭᠡ ᠶᠢ ᠲᠦᠭᠦᠷᠢᠭ ᠲᠠᠪᠠᠭ ᠲᠠᠢ ᠲᠦᠷᠦᠭᠡ᠂ ᠡᠷᠬᠢᠬᠦᠯᠭᠡ ᠲᠠᠢ ᠲᠦᠷᠦᠭᠡ ᠬᠡᠵᠦ ᠪᠠᠰᠠ ᠣᠯᠠᠨ ᠵᠦᠢᠯ ᠢᠶᠠᠷ ᠬᠡᠯᠡᠵᠦ ᠪᠠᠶᠢᠨ᠎ᠠ᠃ ᠲᠦᠷᠦᠭᠡ ᠶᠢᠨ ᠬᠤᠸᠠᠷ ᠶᠠᠩᠵᠦ ᠪᠤᠯᠤᠨ ᠡᠮᠡᠭᠡᠯ ᠤᠨ ᠬᠤᠸᠠᠷ ᠶᠠᠩᠵᠦ ᠨᠢ ᠠᠳᠠᠯᠢᠬᠠᠨ ᠵᠤᠬᠢᠴᠠᠯᠳᠤᠭᠰᠠᠨ ᠪᠠᠶᠢᠳᠠᠭ᠃                                                    (ᠵᠣᠬᠢᠶᠠᠭᠴᠢ᠄ ᠣᠳ᠋ᠪᠠᠯ᠎ᠠ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号