ᠠᠯᠠᠱᠠ ᠬᠤᠰᠢᠭᠤᠨ ᠤ ᠪᠢᠴᠢᠭᠡᠴᠢ ᠳ᠋ᠠᠰᠢᠴᠡᠷᠡᠨ ᠤ ᠭᠡᠷ ᠮᠦᠽᠸᠢ ᠶᠢ ᠨᠤᠳᠤᠭ ᠲᠤᠨᠢ ᠪᠠᠶᠢᠭᠤᠯᠪᠠ
ᠨᠡᠶᠢᠲᠡᠯᠡᠭᠰᠡᠨ ᠴᠠᠭ᠄
2018/8/1
       ᠲᠡᠤᠬᠡᠳᠦ ᠬᠦᠮᠦᠨ ᠤ ᠠᠵᠢᠯ ᠠᠮᠢᠳᠤᠷᠠᠯ ᠤᠨ ᠤᠯᠠ ᠮᠦᠷ ᠢ ᠦᠯᠡᠳᠡᠭᠡᠵᠦ᠂ ᠪᠢᠴᠢᠭ ᠰᠤᠶᠤᠯ ᠤᠨ ᠦᠢᠯᠡᠰ ᠲᠤ ᠵᠢᠳᠭᠦᠭᠰᠡᠨ ᠨᠢᠭᠡ ᠨᠠᠰᠤᠨ ᠤ ᠬᠢᠨᠢ ᠭᠠᠪᠢᠶ᠎ᠠ ᠵᠢᠳᠭᠦᠯ ᠢ ᠲᠡᠮᠳᠡᠭᠯᠡᠬᠦ ᠵᠤᠷᠢᠯᠭ᠎ᠠ ᠪᠠᠷ ᠠᠯᠠᠱᠠ ᠪᠠᠷᠠᠭᠤᠨ ᠬᠤᠰᠢᠭᠤᠨ ᠤ ᠰᠤᠶᠤᠯ ᠲᠡᠤᠬᠡ ᠶᠢᠨ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠪᠤᠯᠤᠨ ᠠᠯᠳ᠋ᠬᠠᠤᠪᠤᠭ᠎ᠠ ᠪᠠᠯᠭᠠᠰᠤᠨ ᠤ ᠵᠠᠰᠠᠬ ᠤᠨ ᠤᠷᠳᠤᠨ ᠬᠠᠮᠳᠤᠷᠠᠨ ᠤᠤᠯ ᠤᠨ ᠠᠯᠠᠱᠠ ᠬᠤᠰᠢᠭᠤ ᠶᠠᠮᠤᠨ ᠤ ᠪᠢᠴᠢᠭᠡᠴᠢ ᠪᠠᠶᠢᠬᠰᠠᠨ ᠵᠡᠷᠮᠤᠳ ᠳ᠋ᠠᠰᠢᠴᠡᠷᠡᠨ ᠠᠨᠵᠢᠶ᠎ᠠ ᠶᠢᠨ ᠬᠤᠪᠢ ᠬᠦᠮᠦᠨ ᠤ ᠮᠦᠽᠸᠢ ᠶᠢ ᠠᠯᠳ᠋ᠬᠠᠤᠪᠤᠭ᠎ᠠ ᠪᠠᠯᠭᠠᠰᠤᠨ ᠤ ᠪᠠᠶᠠᠨᠳᠠᠯ᠎ᠠ ᠭᠠᠴᠠᠭᠠᠨ ᠤ ᠬᠦᠬᠡᠳᠤᠯᠤᠭᠠᠢ ᠭᠡᠮᠡᠬᠦ ᠭᠠᠵᠠᠷ ᠪᠠᠶᠢᠭᠤᠯᠵᠤ᠂ ᠲᠡᠭᠦᠨ ᠤ ᠪᠢᠴᠢᠵᠦ ᠦᠯᠡᠳᠡᠭᠡᠭᠰᠡᠨ ᠭᠠᠷ ᠪᠢᠴᠢᠮᠠᠯ ᠤᠨ ᠮᠠᠲ᠋ᠧᠷᠢᠶᠡᠯ ᠪᠤᠯᠤᠨ ᠠᠮᠢᠳᠤᠷᠠᠯ ᠲᠤᠮᠳᠠ ᠬᠡᠷᠡᠭᠯᠡᠵᠦ ᠪᠠᠶᠢᠬᠰᠠᠨ ᠬᠠᠭᠤᠴᠢ ᠡᠳ᠋ᠯᠡᠯ ᠬᠡᠷᠡᠭᠰᠡᠯ ᠢ ᠬᠤᠷᠢᠶᠠᠨ ᠴᠤᠬᠯᠠᠭᠤᠯᠵᠤ᠂ ᠬᠤᠶᠢᠴᠢ ᠦᠶ᠎ᠡ ᠶᠢᠨ ᠬᠢᠨ ᠳᠤ ᠲᠡᠯᠭᠡᠨ ᠦᠵᠡᠭᠦᠯᠵᠦ ᠪᠠᠶᠢᠨ᠎ᠠ᠃              ᠵᠡᠷᠮᠤᠳ ᠳ᠋ᠠᠰᠢᠴᠡᠷᠡᠨ ᠠᠨᠵᠢᠶ᠎ᠠ ᠪᠤᠯ ᠠᠯᠠᠱᠠ ᠬᠤᠱᠤᠳ ᠶᠠᠰᠤᠳᠠᠨ᠃ 1912 ᠤᠨ ᠤ 2 ᠰᠠᠷ᠎ᠠ ᠶᠢᠨ 12 ᠤ ᠡᠳᠦᠷ᠂ ᠤᠤᠯ ᠤᠨ ᠠᠯᠠᠱᠠ ᠬᠤᠱᠤᠳ ᠬᠤᠰᠢᠭᠤᠨ ᠤ ᠶᠠᠪᠠᠷᠠᠢ ᠶᠢᠨ ᠪᠠᠬ ᠤᠨ ᠠᠷᠭᠠᠯᠢᠩᠳᠠᠢ ᠶᠢᠨ ᠠᠭᠤᠯᠠ ᠶᠢᠨ ᠬᠦᠬᠡᠳᠤᠯᠤᠭᠠᠢ ᠭᠡᠳᠡᠭ ᠭᠠᠵᠠᠷ ᠪᠠᠷᠠᠭᠤᠨ ᠰᠤᠮᠤᠨ ᠤ ᠵᠠᠩᠭᠢ ᠪᠤᠶᠠᠨᠳᠠᠯᠠᠢ ᠶᠢᠨ ᠭᠡᠷ ᠲᠤ ᠲᠦᠷᠦᠵᠡᠢ᠃ ᠲᠡᠷᠡ ᠨᠠᠢᠮᠠᠨ ᠨᠠᠰᠤᠨ ᠠᠴᠠ ᠪᠠᠨ ᠡᠪᠦᠭᠡ ᠠᠪᠤ ᠪᠤᠯᠬᠤ ᠬᠤᠰᠢᠭᠤ ᠵᠠᠬᠢᠷᠤᠬᠴᠢ ᠵᠠᠩᠭᠢ ᠰᠤᠳᠨᠠᠮᠸᠠᠩᠰᠢᠭ ᠠᠴᠠ ᠮᠤᠩᠭᠤᠯ ᠦᠰᠦᠭ ᠪᠢᠴᠢᠭ ᠰᠤᠷᠴᠤ᠂ ᠬᠤᠷᠢᠨ ᠶᠢᠰᠦᠨ ᠨᠠᠰᠤ ᠲᠠᠢ ᠳᠠᠭᠠᠨ ᠠᠯᠠᠱᠠ ᠬᠤᠱᠤᠳ ᠬᠤᠰᠢᠭᠤᠨ ᠤ ᠲᠠᠮᠠᠭ᠎ᠠ ᠶᠢᠨ ᠭᠠᠵᠠᠷ ᠲᠤ ᠪᠢᠴᠢᠭᠡᠴᠢ ᠶᠢᠨ ᠲᠤᠰᠢᠶᠠᠯ ᠬᠠᠷᠢᠭᠤᠴᠠᠵᠤ᠂ ᠰᠡᠭᠦᠯᠡᠷ ᠨᠢ ᠲᠤᠰᠢᠶᠠᠯ ᠤᠨ ᠬᠢᠶ᠎ᠡ᠂ ᠠᠷᠠᠬᠰᠠᠨ ᠬᠦᠨᠳᠦ ᠪᠤᠱᠤᠭᠤ᠂ ᠠᠷᠠᠬᠰᠠᠨ ᠵᠠᠩᠬᠢ᠂ ᠠᠷᠠᠬᠰᠠᠨ ᠵᠠᠯᠠᠨ᠂ ᠠᠷᠠᠬᠰᠠᠨ ᠮᠠᠶᠢᠷᠠᠨ ᠵᠡᠷᠭᠡ ᠶᠢᠨ ᠡᠭᠦᠷᠭᠡ ᠲᠤᠰᠢᠶᠠᠯ ᠪᠠ ᠲᠠᠮᠠᠭ᠎ᠠ ᠶᠢᠨ ᠠᠯᠪᠠᠨ ᠳᠤ ᠠᠵᠢᠯᠯᠠᠵᠤ ᠪᠠᠶᠢᠵᠡᠢ᠃ ᠴᠢᠯᠦᠭᠡᠯᠡᠭᠳᠡᠭᠰᠡᠨ ᠤ ᠲᠠᠷᠠᠭ᠎ᠠ᠂ ᠶᠠᠪᠠᠷᠠᠢ ᠶᠢᠨ ᠪᠠᠭ ᠤᠨ ᠲᠠᠷᠤᠭ᠎ᠠ᠂ ᠲᠦᠷᠪᠡᠳᠦᠭᠡᠷ ᠰᠤᠮᠤᠨ ᠤ ᠲᠠᠷᠤᠭ᠎ᠠ᠂ ᠬᠤᠰᠢᠭᠤᠨ ᠤ ᠡᠯᠡᠰᠦ ᠮᠠᠩᠬ ᠎ᠠ ᠶᠢ ᠦᠭᠡᠷᠡᠴᠢᠯᠡᠬᠦ ᠺᠤᠮᠢᠰ ᠤᠨ ᠲᠡᠳ᠋ ᠡᠷᠬᠢᠯᠡᠭᠴᠢ᠂ ᠬᠤᠰᠢᠭᠤᠨ ᠤ ᠲᠡᠤᠬᠡ ᠪᠠ ᠲᠡᠤᠬᠡᠳᠦ ᠪᠤᠳᠠᠰ ᠢ ᠰᠤᠳᠤᠯᠬᠤ ᠠᠯᠪᠠᠨ ᠭᠡᠷ ᠤᠨ ᠲᠡᠳ᠋ ᠡᠷᠬᠢᠯᠡᠭᠴᠢ ᠶᠢᠨ ᠲᠤᠰᠢᠶᠠᠯ ᠡᠭᠦᠷᠭᠡᠯᠡᠵᠦ᠂ 1972 ᠤᠨ ᠳᠤ ᠠᠵᠢᠯ ᠤᠨ ᠠᠮᠠᠷᠠᠯᠳᠠ ᠪᠠᠨ ᠠᠪᠴᠤ᠂ 1980 ᠤᠨ ᠳᠤ ᠠᠯᠠᠱᠠ ᠵᠡᠭᠦᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠰᠡᠷᠭᠦᠭᠡᠭᠳᠡᠵᠦ᠂ ᠲᠦᠷᠪᠡᠳᠦᠭᠡᠷ᠂ ᠲᠠᠪᠤᠳᠤᠭᠠᠷ᠂ ᠵᠢᠷᠭᠤᠳᠤᠭᠠᠷ ᠬᠤᠭᠤᠴᠠᠭᠠᠨ ᠤ ᠲᠡᠳ᠋ ᠲᠡᠷᠢᠭᠦᠯᠡᠭᠴᠢ ᠪᠠᠷ ᠰᠤᠩᠭᠤᠬᠳᠠᠵᠤ ᠦᠩᠭᠡᠷᠡᠵᠡᠢ᠃ ᠲᠡᠭᠦᠨ ᠤ ᠬᠤᠰᠢᠭᠤ ᠲᠠᠮᠠᠭ᠎ᠠ ᠶᠢᠨ ᠭᠠᠵᠠᠷ ᠪᠤᠯᠤᠨ ᠰᠤᠮᠤ ᠪᠠᠭ ᠢᠶᠠᠷ ᠡᠭᠦᠷᠭᠡ ᠲᠤᠰᠢᠶᠠᠯ ᠬᠠᠷᠢᠭᠤᠴᠠᠵᠤ ᠪᠠᠶᠢᠬᠰᠠᠨ ᠦᠶ᠎ᠡ ᠶᠢᠨ ᠪᠢᠴᠢᠵᠦ ᠡᠮᠬᠢᠳᠭᠡᠭᠰᠡᠨ ᠵᠤᠬᠢᠶᠠᠯ ᠪᠦᠳᠦᠭᠡᠯ ᠨᠢ ᠰᠤᠶᠤᠯ ᠤᠨ ᠬᠤᠪᠢᠰᠬᠠᠯ ᠤᠨ ᠲᠤᠮᠳᠠ ᠤᠷᠬᠢᠬᠳᠠᠨ ᠭᠡᠭᠡᠭᠳᠡᠵᠦ᠂ ᠦᠳᠡᠯᠦᠭᠡ ᠨᠠᠰᠤᠨ ᠳᠠᠭᠠᠨ ᠬᠤᠰᠢᠭᠤᠨ ᠤ ᠬᠠᠮᠢᠶ᠎ᠠ ᠪᠦᠬᠦᠢ ᠰᠤᠨᠢᠨ ᠰᠡᠳᠭᠦᠯ ᠳᠤ ︽ᠠᠯᠠᠱᠠ ᠬᠤᠰᠢᠭᠤᠨ ᠤ ᠲᠤᠰᠠᠯᠠᠬᠴᠢ ᠲᠦᠰᠢᠮᠡᠳ ᠨᠠᠷ ᠤᠨ ᠵᠡᠷᠭᠡ ᠲᠤᠰᠢᠶᠠᠯ ᠤᠨ ᠢᠯᠭᠠᠯ︾᠂ ︽ᠠᠯᠠᠱᠠ ᠬᠤᠰᠢᠭᠤᠨ ᠤ ᠴᠡᠷᠢᠭ ᠴᠠᠬᠳᠠᠭ᠎ᠠ ᠶᠢᠨ ᠵᠤᠬᠢᠶᠠᠨ ᠪᠠᠶᠢᠭᠤᠯᠤᠯᠳᠠ︾᠂ ︽ᠠᠯᠠᠱᠠ ᠳᠠᠬᠢ ᠰᠢᠷ᠎ᠠ ᠶᠢᠨ ᠱᠠᠰᠢᠨ ᠤ ᠰᠢᠰᠲ᠋ᠧᠮ ᠤᠨ ᠵᠤᠬᠢᠶᠠᠨ ᠪᠠᠶᠢᠭᠤᠯᠤᠯᠳᠠ ᠶᠢᠨ ᠲᠡᠤᠬᠡᠨ ᠪᠠᠶᠢᠳᠠᠯ︾᠂ ︽ᠠᠯᠠᠱᠠ ᠸᠠᠩ ᠤᠨ ᠦᠷᠡᠰ ᠤᠨ ᠨᠠᠶᠢᠷ︾᠂ ︽ᠠᠯᠠᠱᠠ ᠬᠤᠷᠢᠮ︾᠂ ︽ᠠᠯᠠᠱᠠ ᠬᠤᠰᠢᠭᠤᠨ ᠤ ᠭᠤᠴᠢᠨ ᠵᠢᠷᠭᠤᠭᠠᠨ ᠪᠠᠬ ᠤᠳ ᠤᠨ ᠤᠪᠤᠭᠠᠨ ᠤ ᠨᠡᠷᠡᠰ ᠤᠨ ᠡᠮᠬᠢᠳᠭᠡᠯ︾᠂ ︽ᠠᠯᠠᠱᠠ ᠨᠤᠳᠤᠭ ᠤᠨ ᠲᠤᠬᠠᠢ︾᠂ ︽ᠠᠯᠠᠱᠠ ᠮᠤᠩᠭᠤᠯᠴᠤᠳ ᠤᠨ ᠵᠠᠩ ᠦᠢᠯᠡ ᠶᠢᠨ ᠲᠤᠬᠠᠢ︾᠂ ︽ᠠᠯᠠᠱᠠ ᠶᠢᠨ ᠭᠠᠵᠠᠷ ᠤᠨ ᠨᠡᠷᠡᠶᠢᠳᠦᠯ ᠬᠢᠭᠡᠳ ᠵᠠᠬ᠎ᠠ ᠵᠢᠱᠢᠶᠡᠰᠤᠨ ᠤ ᠲᠤᠬᠠᠢ︾ ᠵᠡᠷᠭᠡ ᠠᠷᠪᠠ ᠭᠠᠷᠤᠢ ᠲᠦᠮᠡᠨ ᠦᠰᠦᠭ ᠤᠨ ᠠᠷᠪᠠᠭᠠᠳ ᠵᠤᠬᠢᠶᠠᠯ ᠪᠦᠳᠦᠭᠡᠯ ᠢᠶᠠᠨ ᠲᠤᠭᠤᠷᠪᠢᠨ ᠨᠡᠶᠢᠳᠡᠯᠡᠭᠦᠯᠵᠦ᠂ ᠠᠯᠠᠱᠠ ᠶᠢᠨ ᠲᠡᠤᠬᠡ ᠰᠤᠶᠤᠯ ᠢ ᠡᠮᠬᠢᠳᠭᠡᠨ ᠨᠠᠶᠢᠷᠠᠭᠤᠯᠬᠤ ᠪᠠ ᠡᠷᠳᠡᠮ ᠰᠢᠨᠵᠢᠯᠡᠭᠡᠨ ᠤ ᠰᠤᠳᠤᠯᠭᠠᠨ ᠳᠤ ᠪᠠᠯᠠᠷᠠᠰᠢ ᠦᠭᠡᠢ ᠭᠠᠪᠢᠶ᠎ᠠ ᠵᠢᠳᠭᠦᠯ ᠬᠤᠪᠢ ᠨᠡᠮᠡᠷᠢ ᠦᠵᠡᠭᠦᠯᠵᠡᠢ᠃         ᠵᠡᠷᠮᠤᠳ ᠳ᠋ᠠᠰᠢᠴᠡᠷᠡᠨ ᠠᠨᠵᠢᠶ᠎ᠠ ᠶᠢᠨ ᠲᠦᠷᠦᠵᠦ ᠦᠰᠦᠭᠰᠡᠨ ᠨᠤᠳᠤᠭ ᠬᠦᠭᠡᠳᠤᠯᠤᠭᠠᠢ ᠳᠤ ᠲᠡᠭᠦᠨ ᠤ ᠵᠢᠭᠡ ᠤᠮᠪᠤᠯᠤ ᠡᠷᠳᠡᠨᠢᠴᠢᠯᠠᠭᠤ ᠨᠢᠭᠡ ᠭᠡᠷ ᠤᠨ ᠬᠢᠨ ᠡᠪᠦᠭᠡ ᠪᠤᠭᠤᠷᠤᠯ ᠤᠨ ᠢᠶᠠᠨ ᠦᠯᠡᠳᠡᠭᠡᠵᠦ ᠦᠭᠭᠦᠭᠰᠡᠨ ᠤᠰᠤ ᠨᠤᠳᠤᠭ ᠤᠨ ᠬᠡᠰᠢᠭ ᠲᠤ ᠤᠳᠤᠮ ᠢᠶᠠᠨ ᠵᠠᠯᠭᠠᠬᠰᠠᠨ ᠮᠠᠯᠴᠢᠨ ᠪᠤᠯᠵᠤ ᠲᠠᠪᠤᠨ ᠬᠤᠰᠢᠭᠤ ᠮᠠᠯ ᠮᠠᠯᠵᠢᠵᠦ᠂ ᠲᠡᠮᠡᠭᠡᠨ ᠰᠤᠶᠤᠯ᠂ ᠠᠳᠤᠭᠤᠨ ᠰᠤᠶᠤᠯ ᠢᠶᠠᠨ ᠤᠯᠠᠮᠵᠢᠯᠠᠨ ᠦᠪᠯᠡᠵᠦ᠂ ᠮᠠᠯᠵᠢᠬᠤ ᠰᠤᠶᠤᠯ ᠪᠤᠯᠤᠨ ᠳ᠋ᠠᠰᠢᠴᠡᠷᠡᠨ ᠡᠪᠦᠭᠡ ᠶᠢᠨ ᠬᠤᠪᠢ ᠬᠦᠮᠦᠨ ᠤ ᠲᠡᠤᠬᠡ ᠶᠢᠨ ᠮᠦᠽᠸᠢ ᠶᠢ ᠠᠰᠢᠬᠯᠠᠨ ᠮᠠᠩᠬᠠᠨ ᠨᠤᠳᠤᠭ ᠤᠨ ᠮᠠᠯᠴᠢᠨ ᠠᠶᠢᠯ ᠤᠨ ᠵᠢᠭᠤᠯᠴᠢᠯᠠᠯ ᠡᠷᠬᠢᠯᠡᠨ ᠠᠮᠢᠳᠤᠷᠠᠯ ᠢᠶᠠᠨ ᠴᠤᠬᠴᠠᠯᠠᠵᠤ ᠶᠠᠪᠤᠨ᠎ᠠ᠃ ᠵᠡᠷᠮᠤᠳ ᠳ᠋ᠠᠰᠢᠴᠡᠷᠡᠨ ᠠᠨᠵᠢᠶ᠎ᠠ ᠶᠢᠨ ᠬᠠᠭᠤᠴᠢᠨ ᠰᠠᠭᠤᠷᠢᠰᠢᠯ ᠨᠢ ᠲᠦᠷᠪᠡᠨ ᠲᠠᠰᠤᠯᠭ᠎ᠠ ᠭᠡᠷ ᠢᠶᠠᠷ ᠪᠦᠷᠢᠯᠳᠦᠵᠦ᠂ ᠭᠠᠯ ᠤᠨ ᠭᠡᠷ ︵ᠬᠤᠭᠤᠯᠠᠨ ᠭᠡᠷ︶᠂ ᠤᠨᠳᠠᠵᠤ ᠠᠮᠠᠷᠠᠬᠤ ᠭᠡᠷ᠂ ᠵᠤᠴᠢᠯᠠᠭ᠎ᠠ ᠶᠢᠨ ᠭᠡᠷ ᠢᠶᠠᠷ ᠪᠦᠷᠢᠯᠳᠦᠵᠦ᠂ 2016 ᠤᠨ ᠳᠤ ᠠᠯᠠᠱᠠ ᠪᠠᠷᠠᠭᠤᠨ ᠬᠤᠰᠢᠭᠤᠨ ᠤ ᠰᠤᠶᠤᠯ ᠲᠡᠤᠬᠡ ᠶᠢᠨ ᠬᠠᠮᠢᠶ᠎ᠠ ᠪᠦᠬᠦᠢ ᠪᠠᠶᠢᠭᠤᠯᠭ᠎ᠠ ᠨᠢᠭᠡᠴᠡ ᠪᠤᠯᠤᠨ ᠠᠯᠳ᠋ᠬᠠᠤᠪᠤᠭ᠎ᠠ ᠪᠠᠯᠭᠠᠰᠤᠨ ᠤ ᠵᠠᠰᠠᠬ ᠤᠨ ᠤᠷᠳᠤᠨ ᠠᠴᠠ ᠬᠠᠮᠳᠤᠷᠠᠨ 10 ᠭᠠᠷᠤᠢ ᠲᠦᠮᠡᠨ ᠲᠦᠭᠦᠷᠢᠭ ᠤᠨ ᠪᠡᠯᠡ ᠮᠦᠩᠭᠦ ᠭᠠᠷᠭᠠᠵᠤ᠂ ᠬᠠᠭᠤᠴᠢᠨ ᠰᠢᠪᠠᠷ ᠪᠠᠶᠢᠰᠢᠩ ᠢ ᠲᠤᠭᠤᠰᠬ᠎ᠠ ᠪᠠᠷ ᠪᠠᠬᠢᠵᠢᠭᠦᠯᠦᠨ ᠭᠠᠳᠠᠷᠯᠠᠵᠤ᠂ ᠡᠭᠦᠳᠡ ᠴᠤᠩᠬᠤ ᠶᠢ ᠰᠢᠨ᠎ᠡ ᠪᠠᠷ ᠰᠤᠯᠢᠵᠦ᠂ ᠬᠦᠷᠢᠶ᠎ᠡ ᠪᠠᠷᠢᠵᠤ᠂ ᠪᠠᠶᠢᠰᠢᠩ ᠤᠨ ᠤᠷᠤᠢ ᠫᠧᠩ ᠢ ᠰᠢᠨᠡᠳᠭᠡᠨ ᠵᠠᠰᠠᠵᠤ᠂ ᠲᠡᠤᠬᠡᠳᠦ ᠬᠦᠮᠦᠨ ᠤ ᠬᠤᠪᠢ ᠶᠢᠨ ᠮᠦᠽᠸᠢ ᠶᠢ ᠪᠠᠶᠢᠭᠤᠯᠵᠡᠢ᠃ ᠤᠳᠤᠬᠠᠨ ᠳᠤ ᠲᠤᠰ ᠮᠦᠽᠸᠢ ᠳᠤ ᠵᠡᠷᠮᠤᠳ ᠳ᠋ᠠᠰᠢᠴᠡᠷᠡᠨ ᠤ ᠠᠯᠠᠱᠠ ᠬᠤᠰᠢᠭᠤ ᠶᠠᠮᠤᠨ ᠤ ᠪᠢᠴᠢᠭᠡᠴᠢ ᠶᠢᠨ ᠲᠤᠰᠢᠶᠠᠯ ᠪᠤᠯᠤᠨ ᠪᠠᠭ ᠤᠨ ᠲᠠᠷᠤᠭ᠎ᠠ ᠲᠠᠭᠠᠭᠠᠮᠠᠯ ᠪᠠᠶᠢᠬᠤ ᠦᠶ᠎ᠡ ᠶᠢᠨ ᠪᠢᠴᠢᠵᠦ ᠦᠯᠡᠳᠡᠭᠡᠭᠰᠡᠨ     ︽ᠵᠸᠤ ᠤᠯᠤᠰ ᠤᠨ ᠪᠢᠴᠢᠭ︾᠂ ︽ᠢᠷᠭᠡᠨ ᠤᠯᠤᠰ ᠤᠨ ᠠᠯᠠᠱᠠ ᠪᠠᠷᠠᠭᠤᠨ ᠰᠤᠮᠤᠨ ᠤ ᠡᠯ᠎ᠡ ᠪᠠᠭ ᠤᠨ ᠡᠷᠦᠬᠡ ᠠᠮᠠ ᠶᠢᠨ ᠲᠠᠩᠰᠠ︾ ᠵᠡᠷᠭᠡ ᠬᠠᠳᠠᠭᠠᠯᠠᠬᠳᠠᠵᠤ᠂ ᠦᠯᠡᠳᠡᠭᠡᠭᠰᠡᠨ ᠭᠠᠷ ᠪᠢᠴᠢᠮᠠᠯ ᠤᠨ ᠮᠠᠲ᠋ᠧᠷᠢᠶᠡᠯ ᠪᠤᠯᠤᠨ ᠲᠡᠭᠦᠨ ᠤ ᠠᠮᠢᠳᠤᠷᠠᠯ ᠲᠤᠮᠳᠠ ᠬᠡᠷᠡᠭᠯᠡᠵᠦ ᠪᠠᠶᠢᠬᠰᠠᠨ ᠭᠠᠤᠯᠢᠨ ᠬᠠᠶᠢᠰᠤ ︵ᠲᠤᠭᠤᠭ᠎ᠠ︶ ᠰᠢᠨᠠᠭ᠎ᠠ᠂ ᠱᠠᠭᠤᠣ ᠰᠠᠭᠤᠯᠠᠭ᠎ᠠ᠂ ᠤᠰᠤᠨ ᠤ ᠪᠤᠷᠪᠢ᠂ ᠲᠤᠰᠤᠨ ᠳ᠋ᠧᠩ᠂ ᠲᠡᠪᠦᠷ᠎ᠡ᠂ ᠲᠤᠷᠠᠨ᠂ ᠱᠠᠭᠠᠵᠠᠩ ᠪᠤᠳᠤᠩ᠂ ᠠᠪᠳᠠᠷ᠎ᠠ ᠬᠤᠷᠭᠤ᠂ ᠰᠢᠷᠡᠭᠡ ᠰᠠᠨᠳᠠᠯᠢ ᠵᠡᠷᠭᠡ ᠶᠢ ᠤᠯᠳᠠᠬᠤ ᠶᠢᠨ ᠬᠢᠷᠢ ᠪᠠᠷ ᠬᠤᠷᠢᠶᠡᠨ ᠴᠤᠬᠯᠠᠭᠤᠯᠤᠬᠰᠠᠨ ᠤ ᠬᠠᠮᠳᠤ ᠲᠤᠰ ᠬᠦᠮᠦᠨ ᠤ ᠰᠡᠭᠦᠳᠡᠷ ᠵᠢᠷᠤᠬ᠂ ᠭᠡᠷ ᠪᠦᠯᠢ ᠶᠢᠨ ᠰᠡᠭᠦᠳᠡᠷ᠂ ᠦᠷ᠎ᠡ ᠬᠤᠶᠢᠴᠢᠰ ᠤᠨ ᠰᠡᠬᠦᠳᠡᠷ ᠪᠤᠯᠤᠨ ᠳ᠋ᠠᠰᠢᠴᠡᠷᠡᠨ ᠤ ᠬᠤᠷᠢᠶᠠᠨ ᠬᠠᠳᠠᠭᠠᠯᠠᠵᠤ ᠪᠠᠶᠢᠬᠰᠠᠨ ᠰᠤᠨᠢᠨ ᠰᠡᠳᠭᠦᠯ᠂ ᠨᠤᠮ ᠲᠡᠪᠳᠡᠷ᠂ ᠲᠡᠭᠦᠨ ᠤ ᠵᠤᠬᠢᠶᠠᠯ ᠪᠦᠳᠦᠭᠡᠯ ᠤᠨ ᠲᠡᠭᠦᠪᠦᠷᠢ ᠵᠡᠷᠭᠡ ᠶᠢ ᠲᠡᠯᠭᠡᠨ ᠦᠵᠡᠭᠦᠯᠵᠦ ᠪᠠᠶᠢᠨ᠎ᠠ᠃ ︽ᠡᠪᠦᠭᠡ ᠶᠢᠨ ᠰᠠᠭᠤᠵᠦ ᠪᠠᠶᠢᠬᠰᠡᠨ ᠡᠨᠡ ᠲᠦᠷᠪᠡᠨ ᠲᠠᠰᠤᠯᠭ᠎ᠠ ᠭᠡᠷ ᠪᠤᠯ ᠴᠢᠩ ᠤᠯᠤᠰ ᠤᠨ ᠰᠡᠭᠦᠯᠴᠢ ᠶᠢᠨ ᠦᠶ᠎ᠡ ᠪᠠᠷ ᠪᠠᠷᠢᠵᠤ᠂ ᠤᠳᠤ ᠪᠤᠯᠬᠤ ᠳᠤ ᠵᠠᠭᠤ ᠭᠠᠷᠤᠢ ᠵᠢᠯ ᠤᠨ ᠲᠡᠤᠬᠡ ᠲᠠᠢ ᠪᠤᠯᠵᠡᠢ᠃ ᠪᠢ ᠡᠪᠦᠭᠡ ᠶᠢᠨ ᠭᠠᠯ ᠭᠤᠯᠤᠮᠳᠠ᠂ ᠨᠤᠳᠤᠭ ᠤᠰᠤ ᠶᠢ ᠰᠠᠬᠢᠵᠤ ᠰᠠᠭᠤᠬᠰᠠᠨ ᠠᠴᠠ  ᠬᠤᠶᠢᠰᠢ ᠡᠨᠡ ᠬᠡᠳᠦᠨ ᠲᠠᠰᠤᠯᠭ᠎ᠠ ᠭᠡᠷ ᠢ ᠦᠯᠡᠳᠡᠭᠡᠵᠦ ᠠᠪᠬᠤ ᠪᠠᠷ ᠵᠢᠯ ᠪᠤᠯᠭᠠᠨ ᠰᠢᠪᠠᠷ ᠰᠢᠷᠤᠢ ᠪᠠᠷ ᠬᠡᠷᠡᠮ ᠢ ᠨᠢ ᠪᠠᠬᠢᠯᠡᠨ᠂ ᠪᠠᠶᠢᠰᠢᠩ ᠤᠨ ᠨᠢᠷᠤᠭᠤ ᠶᠢ ᠵᠠᠰᠠᠳᠠᠬ ᠪᠠᠶᠢᠯ᠎ᠠ᠂ ᠰᠡᠭᠦᠯᠡᠷ ᠨᠢ ᠰᠤᠶᠤᠯ ᠲᠡᠤᠬᠡ ᠶᠢᠨ ᠬᠠᠮᠠᠭᠠᠯᠠᠯᠳᠠ ᠶᠢᠨ ᠪᠤᠳᠠᠰ ᠤᠨ ᠨᠢᠭᠡ ᠲᠦᠷᠦᠯ ᠳᠤ ᠤᠷᠤᠭᠤᠯᠵᠤ ᠨᠠᠮ ᠵᠠᠰᠠᠬ ᠠᠴᠠ ᠵᠤᠭᠤᠰ ᠮᠦᠩᠭᠦ ᠭᠠᠷᠭᠠᠵᠤ᠂ ᠮᠦᠽᠸᠢ ᠪᠤᠯᠭᠠᠬᠰᠠᠨ ᠨᠢ ᠬᠤᠶᠢᠴᠢ ᠦᠶ᠎ᠡ ᠶᠢᠨ ᠪᠢᠳᠡᠨ ᠳᠤ ᠮᠠᠰᠢ ᠲᠤᠮᠤ ᠬᠦᠷᠦᠩᠭᠡ ᠪᠤᠯᠵᠡᠢ︾ ᠭᠡᠵᠦ ᠳ᠋ᠠᠰᠢᠴᠡᠷᠡᠨ ᠤ ᠵᠢᠭᠡ ᠤᠮᠪᠤᠯᠤ ᠡᠷᠳᠡᠨᠢᠴᠢᠯᠠᠭᠤ ᠶᠠᠷᠢᠯ᠎ᠠ᠃               ᠲᠡᠤᠬᠡᠳᠦ ᠬᠦᠮᠦᠰ ᠨᠢ ᠨᠢᠭᠡ ᠭᠠᠵᠠᠷ ᠤᠷᠤᠨ ᠤ ᠠᠵᠤ ᠠᠬᠤᠢ᠂ ᠰᠤᠶᠤᠯ ᠵᠡᠷᠭᠡ ᠤᠯᠠᠨ ᠲᠠᠯ᠎ᠠ ᠳᠤ ᠭᠠᠪᠢᠶ᠎ᠠ ᠵᠢᠳᠭᠦᠯ ᠭᠠᠷᠭᠠᠵᠤ ᠬᠤᠪᠢ ᠨᠡᠮᠡᠷᠢ ᠦᠵᠡᠭᠦᠯᠦᠭᠰᠡᠨ ᠢᠶᠠᠷ ᠢᠶᠠᠨ ᠨᠤᠳᠤᠭ ᠤᠰᠤᠨ ᠤ ᠨᠡᠷ᠎ᠡ ᠲᠦᠷᠦ ᠶᠢ ᠡᠷᠭᠦᠭᠰᠡᠨ ᠪᠠᠶᠢᠳᠠᠭ᠃ ᠵᠡᠷᠮᠤᠳ ᠳ᠋ᠠᠰᠢᠴᠡᠷᠡᠨ ᠠᠨᠵᠢᠶ᠎ᠠ ᠶᠢᠨ ᠬᠤᠪᠢ ᠬᠦᠮᠦᠨ ᠤ ᠮᠦᠽᠸᠢ ᠨᠢ ᠬᠡᠳᠦ᠋ᠢᠪᠡᠷ ᠬᠦᠷᠢᠶ᠎ᠡ ᠬᠡᠪᠴᠢᠶ᠎ᠡ ᠪᠠᠭ᠎ᠠ᠂ ᠲᠡᠯᠭᠡᠨ ᠦᠵᠡᠭᠦᠯᠵᠦ ᠪᠠᠶᠢᠭ᠎ᠠ ᠪᠤᠳᠠᠰ ᠨᠢ ᠴᠦᠬᠡᠨ ᠪᠤᠯᠪᠠᠴᠤ ᠲᠡᠤᠬᠡ ᠶᠢᠨ ᠨᠡᠷᠡᠳᠦ ᠬᠦᠮᠦᠨ ᠤ ᠲᠦᠷᠦᠭᠰᠡᠨ ᠨᠤᠳᠤᠭ᠂ ᠬᠠᠭᠤᠴᠢᠨ ᠰᠠᠭᠤᠷᠢᠰᠢᠯ ᠳᠤᠨᠢ ᠪᠠᠶᠢᠭᠤᠯᠤᠬᠰᠠᠨ ᠠᠩᠬᠠᠨ ᠤ ᠮᠦᠽᠸᠢ ᠪᠤᠯᠵᠡᠢ᠃ ᠳ᠋ᠠᠰᠢᠴᠡᠷᠡᠨ ᠤ ᠵᠢᠭᠡ ᠤᠮᠪᠤᠯᠤ ᠡᠷᠳᠡᠨᠢᠴᠢᠯᠠᠭᠤ ᠶᠢᠨ ᠶᠠᠷᠢᠬᠤ ᠪᠠᠷ᠂ 2017 ᠤᠨ ᠳᠤ᠂ ᠠᠯᠠᠱᠠ ᠵᠡᠭᠦᠨ ᠬᠤᠰᠢᠭᠤᠨ ᠤ ᠨᠠᠮ ᠵᠠᠰᠠᠬ ᠤᠨ ᠤᠳᠤᠷᠢᠳᠤᠯᠭ᠎ᠠ ᠶᠢᠨ ᠬᠦᠴᠦᠳᠡᠢ ᠲᠡᠮᠵᠢᠯᠭᠡ ᠲᠤᠤᠷ᠎ᠠ ᠠᠯᠠᠱᠠ ᠵᠡᠭᠦᠨ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠰᠤᠶᠤᠯ ᠲᠡᠤᠬᠡ ᠶᠢᠨ ᠵᠦᠪᠯᠡᠯ ᠪᠤᠯᠤᠨ ᠳ᠋ᠠᠰᠢᠴᠡᠷᠡᠨ ᠤ ᠦᠷ᠎ᠡ ᠬᠤᠶᠢᠴᠢᠰ ᠨᠢ ᠬᠠᠮᠳᠤᠷᠠᠨ ︽ᠵᠡᠷᠮᠤᠳ ᠳ᠋ᠠᠰᠢᠴᠡᠷᠡᠨ ᠤ ᠵᠤᠬᠢᠶᠠᠯ ᠪᠦᠳᠦᠭᠡᠯ ᠤᠨ ᠰᠤᠩᠭᠤᠮᠠᠯ︾ ᠭᠡᠬᠦ ᠨᠤᠮ ᠢ ᠬᠡᠪᠯᠡᠭᠦᠯᠦᠨ ᠭᠠᠷᠭᠠᠵᠡᠢ᠃ ᠬᠤᠶᠢᠰᠢᠳᠠ ᠳ᠋ᠠᠰᠢᠴᠡᠷᠡᠨ ᠡᠪᠦᠭᠡ ᠶᠢᠨ ᠮᠦᠽᠸᠢ ᠶᠢᠨ ᠰᠠᠭᠤᠷᠢᠨ ᠲᠡᠭᠡᠷ᠎ᠡ ᠵᠡᠷᠮᠤᠳ ᠤᠪᠤᠬ ᠤᠨ ᠡᠪᠦᠭᠡ ᠲᠡᠭᠡᠳᠦᠰ᠂ ᠪᠤᠭᠤᠷᠤᠯᠴᠤᠳ᠂ ᠠᠬᠠᠨ ᠲᠡᠭᠦᠦᠰ᠂ ᠦᠷ᠎ᠡ ᠬᠤᠶᠢᠴᠢᠰ ᠤᠨ ᠢᠷᠡᠯ ᠭᠠᠷᠤᠯ᠂ ᠦᠶ᠎ᠡ ᠵᠠᠯᠭᠠᠮᠵᠢᠯᠠᠯ᠂ ᠨᠡᠭᠦᠳᠡᠯ ᠰᠠᠭᠤᠷᠢᠰᠢᠯ᠂ ᠦᠢᠯᠡᠳᠪᠦᠷᠢᠯᠡᠯ ᠠᠮᠢᠳᠤᠷᠠᠯ᠂ ᠲᠡᠤᠬᠡᠨ ᠤᠯᠠ ᠮᠦᠷ᠂ ᠵᠠᠩ ᠰᠤᠶᠤᠯ ᠤᠨ ᠬᠠᠮᠢᠶ᠎ᠠ ᠲᠠᠢ ᠪᠢᠴᠢᠭ ᠮᠠᠲ᠋ᠧᠷᠢᠶᠡᠯ᠂ ᠭᠡᠷᠡᠴᠢ ᠪᠠᠷᠢᠮᠳᠠ᠂ ᠡᠳ᠋ᠯᠡᠯ ᠬᠡᠷᠡᠭᠰᠡᠯ ᠢ ᠬᠤᠷᠢᠶᠠᠨ ᠴᠤᠬᠯᠠᠭᠤᠯᠵᠤ᠂ ᠵᠡᠷᠮᠤᠳ ᠤᠪᠤᠬ ᠤᠨ ᠰᠤᠶᠤᠯ ᠲᠡᠤᠬᠡ ᠶᠢ ᠦᠢᠯᠠᠭᠠᠭᠤᠯᠵᠦ ᠲᠠᠨᠢᠭᠤᠯᠬᠤ ᠲᠡᠯᠭᠡᠨ ᠦᠵᠡᠭᠦᠯᠬᠦ ᠶᠢᠨ ᠴᠢᠬᠤᠯᠠ ᠭᠠᠵᠠᠷ ᠪᠤᠯᠭᠠᠬᠤ ᠰᠠᠨᠠᠭ᠎ᠠ ᠲᠠᠢ ᠭᠡᠵᠦ ᠪᠠᠶᠢᠪᠠ᠃                           (ᠵᠣᠬᠢᠶᠠᠭᠴᠢ᠄ ᠲᠠᠪᠬᠤᠷᠪᠠᠶᠠᠷ  ᠰᠡᠴᠡᠨᠪᠠᠳᠤ  ᠨᠠᠷᠠᠨ᠎ᠠ   ᠪᠠᠭᠠᠨ᠎ᠠ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号