ᠪᠦᠬᠡ ᠱᠠᠯᠪᠢᠩ ︵ᠶᠢᠰᠦ︶
ᠨᠡᠶᠢᠲᠡᠯᠡᠭᠰᠡᠨ ᠴᠠᠭ᠄
2021/7/7
                  ᠠᠯᠤᠰ ᠤᠨ ᠵᠠᠮ ᠢ ᠲᠤᠭᠤᠯᠤᠨ ᠨᠤᠲᠤᠭ ᠲᠠᠭᠠᠨ ᠬᠠᠷᠢᠵᠦ ᠢᠷᠡᠪᠠ      ᠬᠠᠯᠬ᠎ᠠ ᠶᠢᠨ ᠭᠠᠵᠠᠷ ᠠᠴᠠ ᠨᠤᠲᠤᠭ ᠲᠠᠭᠠᠨ ᠬᠠᠷᠢᠬᠤ ᠪᠠᠷ ᠭᠠᠷᠴᠦ ᠢᠷᠡᠭᠰᠡᠨ ᠱᠠᠯᠪᠢᠩ ᠬᠤᠯᠨ ᠶᠢᠨ ᠵᠠᠮ ᠢ ᠬᠠᠯᠠᠰᠢᠷᠠᠯ ᠦᠭᠡᠢ ᠲᠤᠭᠤᠯᠤᠨ ᠶᠠᠪᠤᠬᠤ ᠳᠠᠭᠠᠨ ᠰᠡᠬᠦᠳᠡᠷ ᠢᠶᠠᠷ ᠢᠶᠠᠨ ᠨᠦᠬᠦᠳ ᠬᠢᠵᠦ᠂ ᠰᠢᠯᠤᠰᠤ ᠪᠠᠷ ᠢᠶᠠᠨ ᠤᠮᠳᠠ ᠬᠢᠵᠦ᠂ ᠦᠨᠦ ᠭᠠᠯ ᠤᠨ ᠠᠬ᠎ᠠ ᠶᠢᠨ ᠭᠡᠯᠡᠵᠦ ᠦᠭᠬᠦᠭᠰᠡᠨ ᠵᠠᠮ ᠢ ᠴᠢᠭᠯᠡᠨ ᠶᠠᠪᠤᠭᠠᠳ ᠯᠨ ᠪᠠᠶᠢᠵᠠᠢ᠃ ᠭᠠᠯᠪᠠ ᠶᠢᠨ ᠭᠤᠪᠢ ᠭᠡᠳᠡᠭ ᠡᠵᠠᠨ ᠲᠠᠯ᠎ᠠ ᠦᠭᠡᠢ ᠦᠷᠭᠡᠨ ᠠᠭᠤᠳᠠᠮ ᠴᠡᠯᠡᠭᠡᠷ ᠲᠠᠯ᠎ᠠ ᠪᠠᠶᠢᠨ᠎ᠠ᠂ ᠶᠠᠪᠤᠭᠠᠳ ᠶᠠᠪᠤᠭᠠᠳ ᠪᠠᠷᠠᠰᠢ ᠦᠭᠡᠢ ᠭᠤᠪᠢ ᠪᠠᠶᠢᠨ᠎ᠠ᠂ ᠤᠨᠤᠭᠰᠠᠨ ᠤᠨᠤᠭ᠎ᠠ ᠴᠤ ᠬᠠᠨᠲᠤᠭᠰᠠᠨ ᠵᠦᠭ ᠲᠡᠭᠡᠨ ᠲᠤᠯᠤᠭᠠᠢ ᠰᠠᠵᠢᠯᠠᠨ ᠠᠯᠬᠤᠭᠤᠯᠵᠦ ᠶᠠᠪᠤᠬᠤ ᠳᠠᠭᠠᠨ ᠡᠵᠠᠨ ᠤ ᠪᠠᠨ ᠰᠠᠨᠠᠭ᠎ᠠ ᠪᠠᠷ ᠲᠦᠷᠪᠠᠨ ᠲᠤᠭᠤᠷᠠᠢ ᠪᠠᠨ ᠲᠤᠭᠤᠰᠤ ᠮᠠᠨᠠᠷᠠᠳᠠᠯ᠎ᠠ ᠲᠠᠪᠬᠢᠵᠦ ᠪᠢᠯᠨ᠃ ᠤᠷᠤᠭᠰᠢᠯᠠᠨ ᠶᠠᠪᠤᠭᠰᠠᠭᠠᠷ ᠪᠠᠶᠢᠳᠠᠯ᠎ᠠ ᠠᠯᠤᠰ ᠠᠴᠠ ᠴᠡᠩᠭᠡᠷᠯᠠᠨ ᠬᠠᠷᠠᠭᠳᠠᠬᠤ ᠨᠢᠭᠡᠨ ᠬᠦᠭᠡ ᠠᠭᠤᠯᠨ ᠶᠢᠨ ᠬᠤᠷᠮᠤᠢ ᠳᠤ ᠬᠦᠷᠴᠦ᠂ ᠦᠨᠲᠤᠷ ᠲᠡᠭᠡᠷ᠎ᠠ ᠭᠠᠷᠴᠦ ᠮᠤᠷᠢ ᠤᠨᠤᠭ᠎ᠠ ᠪᠠᠨ ᠠᠮᠠᠷᠠᠭᠠᠬᠤ ᠶᠤᠮᠰᠠᠨ ᠭᠡᠵᠦ ᠪᠤᠲᠤᠭᠠᠳ ᠬᠦᠪᠴᠢᠯᠠᠨ ᠬᠠᠷᠠᠭᠳᠠᠬᠤ ᠦᠨᠲᠤᠷ ᠬᠦᠭᠡ ᠠᠭᠤᠯᠨ ᠶᠢᠨ ᠤᠷᠤᠢ ᠲᠡᠭᠡᠷ᠎ᠠ ᠭᠠᠷᠴᠦ ᠠᠯᠤᠰ ᠢ ᠪᠠᠷᠠᠭᠠᠯᠠᠪᠠ᠃ ᠤᠷᠤᠭᠰᠢ ᠪᠠᠨ ᠬᠠᠷᠠᠬᠤ ᠳᠤ ᠠᠯᠠᠱᠨ ᠬᠠᠶᠢᠷᠬᠠᠨ ᠴᠤ ᠴᠡᠩᠭᠡᠷᠯᠠᠨ ᠦᠵᠡᠭᠳᠡᠬᠦ ᠡᠬᠦᠯᠠᠨ ᠲᠤᠮᠳᠠᠭᠤᠷ ᠴᠤᠬᠤᠶᠢᠵᠦ ᠬᠠᠷᠠᠭᠳᠠᠬᠤ ᠰᠢᠭ ᠪᠤᠲᠤᠭᠳᠠᠨ᠎ᠠ᠂ ᠭᠡᠪᠠᠴᠦ ᠠᠯᠠᠱᠨ ᠨᠤᠲᠤᠭ ᠮᠢᠨᠢ ᠪᠠᠰᠠᠯ᠎ᠠ ᠬᠤᠯᠨ ᠪᠠᠶᠢᠬᠤ ᠪᠢᠯᠨ᠃ ᠬᠤᠶᠢᠰᠢ ᠪᠠᠨ ᠬᠠᠷᠠᠬᠤ ᠳᠤ ᠬᠠᠯᠬ᠎ᠠ ᠶᠢᠨ ᠭᠠᠵᠠᠷ ᠴᠦ ᠨᠢᠭᠡᠨᠳᠡ ᠮᠠᠨᠠᠷᠠᠭᠰᠠᠨ ᠴᠠᠭᠠᠨ ᠡᠬᠦᠯᠠᠨ ᠤ ᠲᠤᠮᠳᠠᠭᠤᠷ ᠪᠠᠷ᠎ᠠ ᠦᠭᠡᠢ ᠪᠤᠯᠵᠦ ᠬᠤᠴᠤᠷᠪᠠ᠃      ᠲᠡᠭᠡᠭᠡᠳ ᠮᠤᠷᠢ ᠪᠠᠨ ᠮᠤᠷᠳᠠᠭᠠᠳ ᠤᠷᠤᠭᠰᠢᠯᠠᠪᠠ᠂ ᠠᠯᠬᠤᠯᠤᠨ ᠠᠯᠬᠤᠯᠤᠨ ᠶᠠᠪᠤᠭᠰᠠᠭᠠᠷ ᠪᠠᠶᠢᠭᠠᠳ ᠠᠭᠤᠳᠠᠮ ᠴᠠᠭᠠᠨ ᠬᠦᠳᠡᠭᠡ ᠲᠠᠯ᠎ᠠ ᠶᠢ ᠦᠩᠭᠡᠷᠡᠬᠦ ᠦᠶ᠎ᠠ ᠳᠤ ᠨᠢᠭᠡᠨ ᠮᠠᠩᠬᠠᠨ ᠤ ᠦᠪᠤᠷ ᠲᠤ ᠠᠲᠤᠭᠤ ᠮᠠᠯ ᠦᠵᠡᠭᠳᠡᠬᠦ ᠪᠦᠭᠡᠳ ᠮᠤᠩᠭᠤᠯ ᠭᠡᠷ ᠲᠠᠢ ᠨᠢᠭᠡᠨ ᠠᠶᠢᠯ ᠬᠠᠷᠠᠭᠳᠠᠯ᠎ᠠ᠃ ᠲᠡᠷᠨ ᠠᠶᠢᠯ ᠳᠤ ᠤᠷᠤᠬᠤᠯ᠎ᠠ ᠡᠪᠤᠭᠡᠨ ᠡᠮᠡᠭᠡᠨ ᠦᠬᠢᠨ ᠭᠢᠭᠡᠳ ᠭᠡᠲᠤᠨ ᠭᠡᠤᠭᠡᠳ ᠲᠠᠢ ᠠᠶᠢᠯ ᠪᠠᠶᠢᠵᠠᠢ᠃ ᠬᠠᠷᠢᠯᠴᠠᠨ ᠮᠠᠨᠲᠤᠴᠢᠯᠠᠵᠦ ᠪᠠᠷᠠᠭᠠᠳ ᠰᠠᠭᠤᠬᠤ  ᠳᠤ ᠡᠮᠡᠭᠡᠨ ᠰᠦ ᠲᠠᠢ ᠴᠠᠢ᠂ ᠦᠷᠤᠮ᠎ᠠ ᠬᠤᠷᠤᠳ ᠪᠤᠭᠤᠷᠰᠤᠭ ᠵᠡᠷᠭᠡ ᠢᠳᠡᠭᠡᠨ ᠤᠮᠳᠠᠭᠠᠨ ᠲᠠᠯᠪᠢᠵᠦ᠂ ᠠᠯᠢ ᠡ᠂ ᠵᠤᠭᠤᠭᠯᠠᠭᠠᠷᠠᠢ︕ ᠭᠡᠵᠦ ᠪᠠᠶᠢᠬᠤ ᠶᠢᠨ ᠲᠠᠰᠢᠷᠠᠮ ᠡᠪᠤᠭᠡᠨ ᠭᠤᠸᠠᠢ᠄ ︽ᠲᠠᠨ ᠤ ᠭᠡᠷ ᠦᠷᠣᠭᠡ ᠬᠠᠮᠢᠭ᠎ᠠ ᠪᠠᠶᠢᠳᠠᠭ ᠪᠤᠢ︖ ᠬᠠᠮᠢᠭ᠎ᠠ ᠠᠴᠠ ᠢᠷᠡᠪᠠ︖︾ ᠭᠡᠵᠦ ᠠᠰᠠᠭᠤᠪᠠ᠃       ᠱᠠᠯᠪᠢᠩ᠄ ᠮᠢᠨᠦ ᠭᠡᠷ ᠨᠤᠲᠤᠭ ᠠᠯᠠᠱᠨ ᠳᠤ ᠪᠠᠶᠢᠨ᠎ᠠ᠂ ᠪᠢ ᠳ᠋ᠠ ᠬᠦᠷᠢᠶ᠎ᠠ ᠠᠴᠠ ᠢᠷᠡᠪᠠ᠂ ᠲᠠᠨ ᠤ ᠡᠨ᠋ᠨ ᠶᠠᠮᠠᠷ ᠭᠠᠵᠠᠷ ᠪᠤᠢ︖       ᠡᠪᠤᠭᠡᠨ᠄ ᠮᠠᠨ ᠤ ᠡᠨ᠋ᠨ ᠭᠠᠵᠠᠷ ᠪᠤᠯ ᠦᠵᠦᠮᠤᠴᠢᠨ ᠤ ᠤᠯᠢᠶᠠᠰᠤᠲᠡᠢ ᠭᠡᠳᠡᠭ ᠭᠠᠵᠠᠷ ᠶᠤᠮ᠃ ᠲᠠ ᠴᠢᠨᠢ ᠶᠡᠭᠡ ᠬᠤᠯᠨ   ᠶᠢᠨ ᠭᠠᠵᠠᠷ   ᠠᠴᠠ ᠢᠷᠡᠭᠰᠡᠨ ᠪᠠᠶᠢᠭ᠎ᠠ ᠰᠢᠤ᠂ ᠶᠠᠮᠠᠷ ᠤᠴᠢᠷ   ᠢᠶᠠᠷ  ᠳ᠋ᠠ ᠬᠦᠷᠢᠶ᠎ᠠ ᠳᠤ ᠤᠴᠢᠭᠰᠠᠨ ᠪᠤᠢ︖       ᠱᠠᠯᠪᠢᠩ᠄ ᠳ᠋ᠠ ᠬᠦᠷᠢᠶ᠎ᠠ ᠭᠡᠭᠴᠢ ᠪᠠᠰᠠ ᠬᠤᠯᠨ ᠶᠢᠨ ᠭᠠᠵᠠᠷ ᠭᠡᠵᠦ ᠭᠡᠯᠡᠵᠦ ᠪᠤᠯᠤᠨ᠎ᠠ᠂ ᠳ᠋ᠠ ᠬᠦᠷᠢᠶ᠎ᠠ  ᠠᠴᠠ ᠭᠠᠷᠤᠭᠠᠳ ᠭᠠᠯᠪᠠ ᠶᠢᠨ ᠭᠤᠪᠢ ᠶᠢ ᠲᠤᠭᠤᠯᠤᠭᠠᠳ ᠦᠨᠦᠲᠤᠷ ᠰᠠᠶ᠋ᠢ ᠲᠠᠨ ᠤ ᠦᠵᠦᠮᠦᠴᠢᠨ ᠨᠤᠲᠤᠭ ᠲᠤ ᠬᠦᠷᠴᠦ ᠢᠷᠡᠯ᠎ᠠ᠂ ᠪᠢ ᠬᠠᠯᠬ᠎ᠠ ᠶᠢᠨ ᠪᠦᠭᠡ ᠶᠢᠨ ᠨᠠᠶᠢᠷ ᠲᠤ ᠤᠴᠢᠭᠠᠳ ᠢᠷᠡᠪᠠ ᠭᠡᠵᠡᠢ᠃      ᠡᠪᠤᠭᠡᠨ᠄ ᠪᠦᠭᠡ ᠶᠢᠨ ᠨᠠᠶᠢᠷ ᠲᠤ ᠤᠴᠢᠭᠠᠳ ᠪᠠᠷᠢᠯᠲᠤᠪᠠᠤ︖ ᠮᠠᠩᠯᠠᠢ ᠪᠦᠭᠡ ᠶᠢ ᠨᠢ ᠠᠪᠴᠦ ᠴᠢᠳᠠᠪᠠᠤ︖      ᠱᠠᠯᠪᠢᠩ᠄ ᠪᠦᠭᠡ ᠶᠢᠨ ᠨᠠᠶᠢᠷ ᠴᠤ ᠰᠠᠶᠢᠬᠠᠨ ᠪᠤᠯᠪᠠ᠂ ᠲᠠᠳᠠᠨ ᠤ ᠪᠦᠭᠡ ᠶᠢᠨ ᠨᠠᠶᠢᠷ ᠭᠡᠵᠦ ᠭᠤᠷᠪᠠᠨ ᠵᠢᠯ  ᠳᠤ ᠨᠢᠭᠡ ᠤᠳᠠᠭ᠎ᠠ ᠪᠤᠯᠳᠠᠭ ᠨᠠᠶᠢᠷ ᠶᠤᠮ ᠪᠠᠶᠢᠵᠠᠢ᠃ ᠪᠦᠭᠡᠴᠢᠨ ᠲᠠᠮᠢᠷᠴᠢᠨ ᠦᠵᠡᠭᠴᠢᠳ ᠶᠡᠭᠡᠯ᠎ᠠ ᠠᠷᠪᠢᠨ ᠬᠦᠮᠦᠰ ᠴᠤᠭᠯᠠᠷᠠᠵᠦ ᠮᠤᠩᠭᠤᠯ ᠭᠡᠷ ᠮᠠᠶᠢᠬᠠᠨ ᠢᠶᠠᠷ ᠲᠦᠬᠦᠷᠪᠠ᠃      ᠡᠪᠤᠭᠡᠨ ᠠᠴᠠ ᠡᠮᠡᠭᠡᠨ ᠳᠡᠭᠡᠨ᠄      ᠬᠤᠯᠨ ᠠᠴᠠ ᠢᠷᠡᠭᠰᠡᠨ ᠬᠦᠮᠦᠨ ᠳᠤ ᠬᠤᠭᠤᠯᠨ ᠤᠮᠳᠠ ᠬᠢᠶ᠎ᠠ ᠭᠡᠳ ᠭᠡᠰᠡᠭ ᠲᠠᠭᠤ ᠦᠭᠡᠢ ᠰᠠᠭᠤᠵᠦ ᠪᠠᠶᠢᠭᠰᠠᠨ ᠢᠶᠠᠨ᠄       ᠬᠠᠯᠬ᠎ᠠ ᠶᠢᠨ ᠪᠦᠭᠡᠴᠢᠨ ᠲᠤᠲᠤᠷ᠎ᠠ ᠭᠡᠤᠭᠡᠨ ᠪᠦᠭᠡ ᠭᠡᠭᠴᠢ ᠨᠢᠭᠡ ᠰᠦᠷᠡᠭᠡᠢ ᠪᠦᠭᠡᠴᠢᠨ ᠪᠤᠢ᠂ ᠲᠡᠬᠦᠨ ᠢ ᠲᠡᠶᠢᠯᠬᠦ ᠬᠦᠮᠦᠨ ᠪᠠᠶᠢᠳᠠᠭ ᠦᠭᠡᠢ ᠭᠡᠳᠡᠭ᠂ ᠲᠡᠬᠦᠨ ᠲᠠᠢ ᠪᠠᠷᠢᠯᠲᠤᠭᠰᠠᠨ ᠬᠦᠮᠦᠨ ᠠᠮᠢᠲᠤ ᠭᠠᠷᠴᠦ ᠦᠵᠡᠭᠡ ᠦᠭᠡᠢ ᠭᠡᠵᠦ ᠰᠤᠨᠤᠰᠤᠭᠰᠠᠨ ᠶᠤᠮ᠃ ᠲᠠ ᠲᠡᠷᠨ ᠭᠡᠤᠭᠡᠨ ᠪᠦᠭᠡ ᠲᠠᠢ ᠪᠠᠷᠢᠯᠲᠤᠪᠠᠤ︖ ᠭᠡᠬᠦ ᠳᠤ      ᠱᠠᠯᠪᠢᠩ᠄ ᠬᠠᠯᠬ᠎ᠠ ᠶᠢᠨ ᠪᠦᠭᠡ ᠪᠠᠷᠢᠯᠲᠤᠬᠤ ᠳᠤ ᠪᠦᠭᠡ ᠶᠢᠨ ᠵᠢᠷᠤᠮ ᠶᠤᠰᠤ ᠭᠡᠭᠴᠢ ᠦᠭᠡᠢ ᠪᠠᠷᠢᠯᠲᠤᠳᠠᠭ ᠠᠵᠢ᠂ ᠪᠢ ᠪᠠᠷᠢᠯᠲᠤᠭᠰᠠᠭᠠᠷ ᠭᠤᠷᠪᠠᠨ ᠭᠤᠷᠪᠠ ᠶᠢᠨ ᠶᠢᠰᠤᠨ ᠬᠦᠮᠦᠨ ᠲᠠᠢ ᠪᠠᠷᠢᠯᠲᠤᠭᠠᠳ ᠨᠠᠮᠠᠢᠢ ᠲᠡᠶᠢᠯᠬᠦ ᠬᠦᠮᠦᠨ ᠪᠠᠶᠢᠬᠤ ᠦᠭᠡᠢ ᠪᠤᠯᠪᠠ᠃ ᠭᠡᠳᠡᠯ᠎ᠠ ᠨᠠᠮᠠᠢᠢ ᠪᠠᠰᠠ ᠨᠢᠭᠡ ᠪᠦᠲᠤᠭᠡᠨ ᠪᠠᠶ᠎ᠠ ᠲᠠᠢ᠂ ᠰᠡᠭᠰᠡᠭᠡᠷ ᠦᠰᠦ ᠲᠠᠢ ᠬᠦᠮᠦᠨ  ᠲᠠᠢ ᠪᠠᠷᠢᠯᠲᠤᠭᠤᠯᠬᠤ ᠪᠤᠯᠵᠦ ᠬᠠᠷᠢᠨ ᠨᠠᠮᠠᠢᠢ ᠳ᠋ᠠ ᠬᠦᠷᠢᠶ᠎ᠠ ᠦᠭᠡᠳᠡ ᠶᠠᠪᠤᠬᠤ ᠵᠠᠮ ᠳᠤ ᠬᠤᠳᠲᠤᠭ ᠲᠡᠭᠡᠷ᠎ᠠ ᠲᠡᠮᠡᠭᠡ ᠤᠰᠤᠯᠠᠵᠦ ᠪᠠᠶᠢᠭᠰᠠᠨ ᠲᠡᠷᠨ ᠭᠡᠤᠭᠡᠨ ᠮᠦᠨ ᠪᠠᠶᠢᠵᠦ ᠪᠢᠯᠨ᠃    ᠲᠡᠭᠡᠭᠡᠳ ᠪᠢ ᠲᠡᠬᠦᠨ ᠲᠠᠢ ᠪᠠᠷᠢᠯᠲᠤᠵᠦ ᠡᠬᠢᠯᠠᠯ᠎ᠠ᠃ ᠲᠡᠷᠨ ᠭᠡᠤᠭᠡᠨ ᠴᠤ ᠪᠠᠰᠠ ᠨᠠᠯᠢᠶᠠᠳ ᠴᠢᠳᠠᠯ ᠲᠠᠢ ᠬᠦᠮᠦᠨ ᠪᠠᠶᠢᠵᠦ᠂ ᠨᠠᠯᠢᠶᠠᠳ ᠤᠳᠠᠭᠠᠨ ᠪᠠᠷᠢᠯᠲᠤᠭᠠᠳ ᠬᠦᠬᠦ ᠪᠠᠨ ᠤᠷᠢᠶᠠᠭᠰᠠᠨ ᠲᠤᠷᠭᠠᠨ ᠪᠤᠭᠤᠳᠠᠯ ᠢ   ᠨᠢ ᠤᠭᠵᠠᠷᠠᠨ ᠲᠠᠰᠤᠯᠤᠭᠠᠳ ᠬᠦᠬᠦ ᠠᠴᠠ ᠨᠢ ᠪᠠᠷᠢᠩᠭᠤᠳᠠ ᠪᠠᠨ ᠨᠢᠭᠡᠯᠨ ᠰᠠᠪᠠᠭᠰᠠᠨ ᠳᠤ ᠲᠤᠩᠭᠤᠷᠠᠨ ᠤᠨᠠᠴᠢᠬᠠᠪᠠ᠃ ᠢᠩᠬᠢᠭᠡᠳ ᠪᠢ ᠮᠦᠷᠤᠢ ᠪᠠᠨ ᠠᠪᠤᠭᠠᠳ ᠶᠠᠪᠤᠯ᠎ᠠ᠃      ᠡᠪᠤᠭᠡᠨ ᠡᠬᠦᠨ ᠢ ᠰᠤᠨᠤᠰᠤᠭᠠᠳ᠂ ᠱᠠᠯᠪᠢᠩ ᠢ ᠵᠤᠷᠢᠭᠵᠢᠭᠤᠯᠤᠨ ︽ᠴᠢ ᠴᠢᠨᠢ ᠵᠠᠯᠠᠭᠤ ᠬᠦᠮᠦᠨ ᠪᠠᠶᠢᠨ᠎ᠠ᠂ ᠬᠦᠮᠦᠨ ᠤ ᠲᠤᠲᠤᠷ᠎ᠠ ᠬᠦᠮᠦᠨ ᠪᠠᠶᠢᠳᠠᠭ᠂ ᠦᠭᠡᠷ ᠤᠨ ᠲᠤᠲᠤᠷ᠎ᠠ ᠲᠤᠭᠤᠯ ᠪᠠᠶᠢᠳᠠᠭ ᠢ ᠮᠡᠳᠡᠵᠦ ᠠᠪ᠂ ᠲᠠᠷᠡ ᠭᠡᠤᠭᠡᠨ ᠪᠦᠭᠡ ᠶᠢ ᠲᠡᠶᠢᠯᠵᠦ ᠭᠠᠷᠤᠨ᠎ᠠ ᠭᠡᠳᠡᠭ ᠴᠢᠨᠢ ᠪᠡᠷᠭᠡ ᠰᠢᠤ︕ ᠬᠤᠶᠢᠰᠢᠳᠡ ᠪᠠᠨ ᠠᠩᠬᠠᠷᠴᠦ ᠶᠠᠪᠤ ᠳ᠋ᠠ᠂ ᠠᠮᠢᠲᠤ  ᠶᠠᠪᠤᠪᠠᠯ ᠠᠯᠳᠠᠨ ᠠᠶᠠᠭ᠎ᠠ ᠪᠠᠷ ᠤᠰᠤ ᠤᠤᠭᠤᠨ᠎ᠠ ᠭᠡᠳᠡᠭ ᠶᠤᠮ︾ ᠭᠡᠵᠦ ᠱᠠᠯᠪᠢᠩ ᠳᠤ ᠰᠠᠶᠢᠨ ᠰᠠᠨᠠᠭᠤᠯᠵᠠᠢ᠃      ᠲᠡᠭᠡᠭᠡᠳ ᠱᠠᠯᠪᠢᠩ ᠡᠪᠤᠭᠡᠨ ᠤ ᠭᠡᠯᠡᠭᠰᠡᠨ ᠦᠭᠡ ᠶᠢ ᠶᠡᠭᠡᠯ᠎ᠠ ᠲᠠᠭᠠᠰᠢᠶᠠᠵᠦ᠂ ᠬᠤᠶᠢᠰᠢᠳᠠ ᠠᠩᠬᠠᠷᠤᠯ ᠪᠤᠯᠭᠠᠶ᠎ᠠ ᠭᠡᠵᠦ ᠲᠤᠲᠤᠭᠠᠲᠤ ᠰᠡᠳᠬᠢᠯ ᠳᠡᠭᠡᠨ ᠪᠤᠲᠤᠭᠠᠳ᠄      ︽ᠲᠠᠨ ᠤ ᠰᠠᠶᠢᠨ ᠰᠠᠨᠠᠭ᠎ᠠ ᠶᠢ ᠴᠢᠨᠢ ᠮᠠᠷᠳᠠᠬᠤ ᠦᠭᠡᠢ︾ ᠭᠡᠵᠦ ᠭᠡᠯᠡᠵᠠᠢ᠃      ᠡᠪᠤᠭᠡᠨ ᠢᠶᠠᠷ ᠵᠠᠮ ᠵᠢᠭᠠᠯᠭᠠᠵᠦ᠂ ᠠᠯᠠᠱᠨ ᠳᠤ ᠶᠠᠪᠤᠬᠤ ᠵᠠᠮ ᠬᠠᠮᠢᠭᠠᠭᠤᠷ ᠪᠠᠶᠢᠨ᠎ᠠ ᠤᠤ︖ ᠭᠡᠰᠡᠨ ᠳᠤ᠄      ᠬᠠᠯᠬ᠎ᠠ —— ᠠᠯᠠᠱᠨ ᠬᠤᠰᠢᠭᠤ —— ᠲᠤᠮᠳᠠ ᠬᠦᠩ ᠤᠨ ᠬᠤᠰᠢᠭᠤ ᠭᠤᠷᠪᠠᠨ ᠨᠤᠲᠤᠭ ᠤᠨ ᠵᠠᠬ᠎ᠠ ᠨᠠᠶᠢᠯᠠᠵᠦ ᠪᠠᠶᠢᠬᠤ ᠠᠯᠠᠱᠨ ᠬᠠᠷ᠎ᠠ ᠭᠡᠳᠡᠭ ᠠᠭᠤᠯᠨ ᠪᠠᠶᠢᠬᠤ ᠶᠤᠮ᠂ ᠡᠨ᠋ᠨ ᠵᠠᠮ ᠢᠶᠠᠷ ᠪᠠᠷᠠᠭᠤᠨ ᠡᠮᠤᠨ᠎ᠠ ᠵᠦᠭ ᠲᠤ ᠶᠠᠪᠤᠭᠰᠠᠭᠠᠷ ᠪᠠᠶᠢᠭᠠᠳ ᠠᠯᠠᠱᠨ ᠠᠭᠤᠯᠠᠨ ᠳᠤ ᠬᠦᠷᠬᠦ ᠶᠤᠮ᠂ ᠴᠠᠭᠠᠰᠢ ᠪᠠᠨ ᠶᠠᠪᠤᠪᠠᠯ ᠠᠯᠠᠱᠨ ᠲᠠᠶᠢᠮᠤ ᠬᠤᠯᠨ ᠦᠭᠡᠢ ᠶᠤᠮ ᠭᠡᠵᠦ ᠵᠠᠮ ᠵᠢᠭᠠᠨ ᠦᠭᠴᠠᠢ᠃     ᠡᠪᠤᠭᠡᠨ ᠤ ᠭᠡᠯᠡᠭᠰᠡᠨ ᠶᠤᠰᠤᠭᠠᠷ ᠶᠠᠪᠤᠭᠰᠠᠭᠠᠷ ᠪᠠᠶᠢᠭᠠᠳ ᠠᠯᠠᠱᠨ ᠬᠠᠷ᠎ᠠ ᠭᠡᠳᠡᠭ ᠭᠠᠵᠠᠷ ᠢᠷᠡᠭᠡᠳ ᠤᠳᠠᠯ ᠦᠭᠡᠢ ᠨᠢᠭᠡ ᠠᠶᠢᠯ ᠳᠤ ᠬᠦᠷᠦᠭᠰᠡᠨ ᠳᠤ ᠠᠯᠠᠱᠨ ᠶᠢᠨ ᠲᠦᠬᠦᠮ ᠤᠨ ᠪᠠᠭ ᠤᠨ ᠠᠶᠢᠯ ᠪᠠᠶᠢᠵᠠᠢ᠃     ᠤᠲᠤ ᠴᠤ ᠠᠯᠠᠱᠨ ᠨᠤᠲᠤᠭ ᠲᠠᠭᠠᠨ ᠬᠦᠷᠴᠦ ᠢᠷᠡᠯ᠎ᠠ ᠭᠡᠳ ᠰᠡᠳᠬᠢᠯ ᠠᠭᠤᠵᠢᠷᠠᠨ ᠰᠠᠨᠠᠭ᠎ᠠ ᠠᠮᠤᠷᠠᠬᠤ ᠰᠢᠤ ᠪᠤᠯᠵᠦ᠂ ᠭᠡᠷ ᠨᠤᠲᠤᠭ ᠲᠠᠭᠠᠨ ᠬᠠᠷᠢᠬᠤ ᠴᠠᠭ ᠪᠤᠯᠤᠯ᠎ᠠ ᠭᠡᠳ ᠪᠠᠶᠠᠷᠯᠠᠨ ᠱᠠᠯᠪᠢᠩ ᠲᠤᠲᠤᠭᠠᠲᠤ ᠰᠡᠳᠬᠢᠯ ᠳᠡᠭᠡᠨ ᠢᠩᠬᠢᠵᠦ ᠪᠤᠲᠤᠨ ᠶᠠᠪᠤᠵᠠᠢ᠄      ᠠᠷᠢᠭᠤᠨ ᠬᠠᠶᠢᠷ᠎ᠠ ᠪᠠᠨ ᠡᠪᠤᠷᠯᠡᠭᠰᠡᠨ ᠡᠵᠢ ᠮᠢᠨᠢ      ᠠᠵᠢᠯ ᠦᠢᠯᠡᠰ ᠲᠡᠭᠡᠨ ᠶᠠᠭᠠᠷᠠᠯᠲᠤᠨ ᠪᠠᠶᠢᠭ᠎ᠠ ᠪᠢᠵᠠ᠂      ᠠᠵᠨ ᠲᠠᠢ ᠲᠦᠷᠦᠭᠰᠡᠨ ᠬᠦᠦ ᠴᠢᠨᠢ ᠰᠡᠳᠬᠢᠯ ᠳᠡᠭᠡᠨ ᠮᠦᠷᠤᠭᠡᠲᠤᠨ᠎ᠠ      ᠠᠷᠤ ᠶᠢᠨ ᠭᠠᠵᠠᠷ ᠲᠤ ᠠᠶᠠᠯᠠᠭᠠᠳ ᠬᠠᠷᠢᠬᠤ ᠪᠤᠯᠤᠯ᠎ᠠ      ᠬᠠᠯᠢᠭᠤᠨ ᠭᠠᠯᠠᠭᠤ ᠵᠠᠯᠡᠯᠡᠭᠡᠳ ᠨᠢᠰᠬᠦ ᠨᠢ ᠰᠠᠶᠢᠬᠠᠨ      ᠬᠠᠯᠬ᠎ᠠ ᠶᠢᠨ ᠨᠤᠲᠤᠭ ᠬᠡᠳᠦᠢ ᠰᠠᠶᠢᠬᠠᠨ ᠪᠠᠶᠢᠭᠰᠠᠨ ᠴᠦ      ᠬᠠᠷ᠎ᠠ ᠪᠠᠭ᠎ᠠ ᠠᠴᠠ ᠪᠠᠨ ᠦᠰᠴᠤ ᠲᠦᠷᠦᠭᠰᠡᠨ ᠨᠤᠲᠤᠭ ᠮᠢᠨᠢ ᠰᠠᠶᠢᠬᠠᠨ      ᠬᠠᠶᠢᠷᠠᠯᠠᠵᠦ ᠦᠰᠭᠡᠭᠰᠡᠨ ᠡᠵᠢ ᠮᠢᠨᠢ ᠰᠠᠶᠢᠬᠠᠨ ᠳ᠋ᠠ᠃      ᠪᠤᠭᠤᠷᠤᠯ ᠡᠵᠢ ᠮᠢᠨᠢ ᠬᠦᠦ ᠪᠠᠨ ᠬᠦᠯᠢᠶᠠᠵᠦ ᠰᠠᠭᠤᠨ᠎ᠠ ᠤᠤ︖      ᠪᠤᠶᠠᠨ ᠲᠠᠢ ᠲᠦᠷᠦᠭᠰᠡᠨ ᠬᠦᠦ ᠴᠢᠨᠢ ᠬᠠᠷᠢᠬᠤ ᠤᠶᠢᠷᠠᠲᠤᠯ᠎ᠠ ᠰᠢᠤ      ᠠᠴᠢᠲᠡᠢ ᠡᠵᠢ ᠨᠢ ᠨᠠᠮᠠᠢᠢ ᠪᠠᠨ ᠬᠠᠷᠠᠵᠦ ᠪᠠᠶᠢᠨ᠎ᠠ ᠤᠤ︖      ᠠᠵᠠ ᠲᠠᠢ ᠲᠦᠷᠦᠭᠰᠡᠨ ᠬᠦᠦ ᠴᠢᠨᠢ      ᠠᠰᠢᠳᠠ ᠶᠢᠨ ᠪᠠᠶᠠᠷ ᠢᠶᠠᠷ ᠠᠭᠤᠯᠵᠠᠨ᠎ᠠ ᠳ᠋ᠠ      ᠲᠡᠭᠷᠢ ᠪᠤᠷᠬᠠᠨ ᠤ ᠢᠪᠡᠭᠡᠯ ᠢᠶᠠᠷ ᠲᠦᠪᠰᠢᠨ ᠰᠠᠶᠢᠬᠠᠨ ᠶᠠᠪᠤᠵᠦ ᠪᠠᠶᠢᠨ᠎ᠠ      ᠲᠡᠯᠡᠭᠡᠢ ᠮᠠᠲᠤ ᠡᠵᠢ ᠶᠢᠨ ᠠᠴᠢ ᠪᠠᠷ ᠲᠠᠮᠪᠠᠷᠢᠯ ᠲᠠᠢ ᠰᠠᠶᠢᠬᠠᠨ ᠪᠠᠶᠢᠨ᠎ᠠ      ᠲᠡᠭᠡᠲᠤ ᠪᠤᠭᠤᠷᠤᠯ ᠤᠨ ᠢᠷᠤᠭᠡᠯ ᠢᠶᠠᠷ ᠮᠠᠨᠲᠤ ᠶᠠᠪᠤᠨ᠎ᠠ ᠪᠢ      ᠲᠦᠷᠦᠭᠡ ᠴᠢᠩᠭᠠᠯᠠᠨ ᠲᠠᠪᠬᠢᠭᠤᠯᠵᠦ ᠬᠠᠷᠢᠬᠤ ᠴᠠᠭ ᠪᠤᠯᠤᠯ᠎ᠠ ᠳ᠋ᠠ      ᠡᠨᠡᠷᠢᠯᠲᠤ ᠡᠵᠢ ᠶᠢᠨ ᠪᠤᠶᠠᠨ ᠢᠶᠠᠷ ᠮᠠᠨᠲᠤ ᠰᠠᠶᠢᠬᠠᠨ ᠶᠠᠪᠤᠵᠦ ᠪᠠᠶᠢᠨ᠎ᠠ      ᠡᠨᠡᠬᠦ ᠶᠢᠷᠳᠢᠨᠴᠦ ᠳᠤ ᠠᠮᠤᠭᠤᠯᠠᠩ ᠰᠠᠶᠢᠬᠠᠨ ᠶᠠᠪᠤᠨ᠎ᠠ ᠭᠡᠳᠡᠭ ᠴᠢᠨᠢ ᠡᠵᠢ ᠲᠠᠨ ᠤ ᠪᠤᠶᠠᠨ ᠰᠢᠤ      ᠬᠠᠶᠢᠷᠠᠲᠡᠢ ᠡᠵᠢ ᠮᠢᠨᠢ ᠮᠠᠩᠬᠠᠨ ᠤ ᠤᠷᠤᠢ ᠲᠡᠭᠡᠷ᠎ᠠ ᠰᠠᠷᠠᠪᠴᠢᠯᠠᠨ ᠪᠠᠶᠢᠭ᠎ᠠ ᠪᠢᠵᠠ︕      ᠬᠠᠷᠠᠭᠠᠨ ᠳᠤ ᠮᠢᠨᠢ ᠦᠵᠡᠭᠳᠡᠬᠦ ᠪᠤᠭᠤᠷᠤᠯ ᠡᠵᠢ ᠮᠢᠨᠢ ᠬᠠᠯᠠᠰᠢᠷᠠᠯ ᠦᠭᠡᠢ ᠬᠦᠯᠢᠶᠠᠪᠠᠤ ᠳ᠋ᠠ᠃      ︵ᠦᠷᠭᠦᠯᠵᠢᠯᠡᠯ᠄ ᠬᠤᠯᠠ ᠶᠢ ᠪᠠᠷᠠᠭᠠᠳᠠᠵᠦ ᠶᠠᠪᠤᠭᠰᠠᠭᠠᠷ ᠬᠠᠶᠢᠷᠠᠲᠠᠢ ᠡᠵᠢ ᠲᠠᠢ ᠪᠠᠨ ᠤᠴᠠᠷᠠᠯ᠎ᠠ︶
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号