ᠨᠠᠰᠤ ᠬᠥᠢᠰᠤ ᠪᠠᠷ ᠨᠢ ᠨᠡᠷᠡᠯᠡᠬᠦ
ᠨᠡᠶᠢᠲᠡᠯᠡᠭᠰᠡᠨ ᠴᠠᠭ᠄
2024/1/3
   ᠭᠤᠷᠪᠠᠳᠤᠭᠠᠷ ᠬᠡᠰᠡᠭ ᠨᠠᠰᠤ ᠬᠥᠢᠰᠤ ᠪᠠᠷ ᠨᠢ ᠨᠡᠷᠡᠯᠡᠬᠦ    ᠲᠠᠮᠡᠭᠡ ᠶᠢᠨ ᠬᠦᠢᠰᠦᠨ ᠤ ᠢᠯᠭᠠᠯ ᠢ ᠨᠠᠰᠤ ᠰᠢᠳᠤᠨ ᠳᠤᠨᠢ ᠬᠠᠷᠠᠭᠠᠯᠵᠠᠭᠤᠯᠤᠨ ᠡᠷ᠎ᠠ ᠪᠤᠳᠤᠭᠤ᠂ ᠡᠮ᠎ᠠ ᠪᠤᠳᠤᠭᠤ ︵ᠦᠬᠢᠨ ᠪᠤᠳᠤᠭᠤ︶᠂ ᠡᠷ᠎ᠠ ᠲᠤᠷᠤᠮ᠂ ᠡᠮ᠎ᠠ ᠲᠤᠷᠤᠮ ︵ᠦᠬᠢᠨ ᠲᠤᠷᠤᠮ︶᠂ ᠭᠤᠨ᠎ᠠ᠂ ᠭᠤᠨᠵᠢ᠂ ᠲᠦᠨ᠎ᠠ᠂ ᠲᠦᠡᠵᠢ ᠭᠡᠬᠦ ᠵᠠᠷᠭᠡ ᠪᠠᠷ ᠨᠠᠷᠠᠯᠠᠬᠦ ᠠᠴᠠ ᠭᠠᠳᠠᠨ᠎ᠠ ᠲᠠᠶᠢᠯᠤᠭ᠂ ᠪᠤᠤᠷ᠎ᠠ᠂ ᠠᠳᠠ᠂ ᠢᠡᠭᠭᠡ ᠭᠡᠵᠤ ᠴᠤ ᠨᠠᠷᠠᠯᠠᠳᠡᠭ᠃    ᠲᠠᠶᠢᠯᠤᠭ᠄ ᠭᠤᠷᠪᠠ ᠠᠴᠠ ᠲᠠᠪᠤᠨ ᠨᠠᠰᠤ ᠲᠠᠢ ᠠᠳᠠᠯᠠᠭᠠᠳᠤᠢ ᠡᠷ᠎ᠠ ᠬᠦᠢᠰᠤ ᠲᠠᠢ ᠲᠠᠮᠡᠭᠡ᠃    ᠲᠦᠨᠠᠨ ᠲᠠᠶᠢᠯᠤᠭ᠄ ᠲᠦᠷᠪᠠᠨ ᠨᠠᠰᠤ ᠲᠠᠢ ᠲᠠᠶᠢᠯᠤᠭ᠃    ᠲᠦᠨ᠎ᠠ ᠲᠠᠪᠤᠨ ᠨᠠᠰᠤ ᠲᠠᠢ ᠲᠠᠶᠢᠯᠤᠭ᠄ ᠪᠦᠬᠦᠯᠢ ᠲᠠᠪᠤᠨ ᠨᠠᠰᠤ ᠬᠦᠷᠤᠭᠡᠳᠤᠢ ᠲᠠᠶᠢᠯᠤᠭ᠃    ᠪᠤᠤᠷᠠᠨ ᠲᠠᠶᠢᠯᠤᠭ᠄ ᠪᠦᠬᠦᠯᠢ ᠲᠠᠪᠤᠨ  ᠨᠠᠰᠤ  ᠬᠦᠷᠴᠤ᠂ ᠪᠤᠤᠷ᠎ᠠ ᠲᠠᠯᠪᠢᠬᠤ ᠪᠠᠷ ᠪᠠᠯᠠᠤᠡᠭᠡᠵᠤ ᠪᠠᠶᠢᠭ᠎ᠠ ᠲᠠᠶᠢᠯᠤᠭ᠃    ᠪᠤᠤᠷ᠎ᠠ : ᠠᠳᠠᠯᠠᠭᠠᠳᠤᠢ ᠨᠠᠰᠤ ᠬᠦᠢᠴᠡᠭᠰᠠᠨ ᠡᠷ᠎ᠠ ᠬᠦᠢᠰᠤ ᠲᠠᠢ ᠲᠠᠮᠡᠭᠡ᠃ ᠪᠠᠰᠠ ᠦᠷ᠎ᠠ ᠶᠢᠨ ᠲᠠᠮᠡᠭᠡ ᠭᠡᠵᠤ ᠭᠡᠯᠠᠳᠡᠭ᠃    ᠠᠷᠳᠠᠭ ᠪᠤᠤᠷ᠎ᠠ᠄ ᠢᠳᠠᠷ ᠨᠠᠰᠤᠨ ᠤ ᠪᠤᠶᠤ ᠵᠠᠩ ᠮᠠᠭᠤᠳᠠᠢ ᠪᠤᠤᠷ᠎ᠠ᠃    ᠬᠠᠨᠭ᠍ᠭᠠᠯ ᠪᠤᠤᠷ᠎ᠠ᠄ ᠤᠨᠤᠯᠭ᠎ᠠ ᠠᠴᠢᠯᠭ᠎ᠠ ᠳᠤ ᠡᠳ᠋ᠯᠠᠭᠡᠳᠤᠢ ᠬᠤᠷ ᠲᠠᠷᠭᠤ ᠲᠠᠢ ᠰᠤᠷ ᠪᠢᠳᠠᠬᠦᠤ ᠪᠤᠤᠷ᠎ᠠ᠃    ᠰᠤᠶᠤᠭ᠎ᠠ ᠬᠦᠢᠴᠡᠭᠰᠠᠨ ᠪᠤᠤᠷ᠎ᠠ᠄ ᠲᠤᠯᠤᠭ᠎ᠠ ᠨᠠᠢᠮᠠᠨ ᠨᠠᠰᠤ ᠲᠠᠢ ᠪᠤᠤᠷ᠎ᠠ᠃    ᠰᠤᠶᠤᠭ᠎ᠠ ᠰᠤᠨᠤᠭᠰᠠᠨ ᠪᠤᠤᠷ᠎ᠠ᠄ ᠠᠷᠪᠠ ᠠᠴᠠ ᠠᠷᠪᠠᠨ ᠲᠠᠪᠤᠨ ᠨᠠᠰᠤᠨ ᠤ ᠪᠤᠤᠷ᠎ᠠ᠃    ᠰᠤᠶᠤᠭ᠎ᠠ ᠬᠠᠷᠢᠭᠰᠠᠨ ᠪᠤᠤᠷ᠎ᠠ᠄ ᠠᠷᠪᠠᠨ ᠵᠢᠷᠭᠤᠭ᠎ᠠ ᠠᠴᠠ ᠲᠠᠭᠡᠭᠰᠢ ᠨᠠᠰᠤᠯᠠᠭᠰᠠᠨ ᠬᠦᠭᠰᠢᠨ ᠪᠤᠤᠷ᠎ᠠ᠃    ᠠᠷᠬᠢᠯ ᠪᠤᠤᠷ᠎ᠠ᠄ ᠬᠦᠷᠬᠢᠷᠠᠬᠦ ᠲᠠᠭᠤ ᠪᠠᠷ ᠶᠡᠭᠡ ᠪᠤᠶᠤ ᠬᠦᠭᠰᠢᠷᠡᠭᠰᠠᠨ ᠪᠤᠤᠷ᠎ᠠ᠃    ᠤᠷᠤᠭ᠎ᠠ ᠪᠤᠤᠷ᠎ᠠ᠄ ᠤᠷᠤᠭ᠎ᠠ ᠤᠷᠤᠭᠰᠠᠨ ᠪᠤᠤᠷ᠎ᠠ᠃ ᠪᠠᠰᠠ ᠬᠠᠪᠰᠢᠠᠠᠰᠠᠨ ᠪᠤᠤᠷ᠎ᠠ ᠪᠤᠶᠤ ᠬᠠᠭᠰᠠᠮᠠᠯ ᠪᠤᠤᠷ᠎ᠠ ᠭᠡᠳᠡᠭ᠃    ᠲᠤᠭᠰᠢᠨ ᠪᠤᠤᠷ᠎ᠠ᠄ ᠤᠷᠤᠭ᠎ᠠ ᠶᠢᠨ ᠦᠶ᠎ᠠ ᠳᠡᠭᠡᠨ ᠵᠠᠩ ᠮᠠᠭᠤ ᠲᠠᠢ ᠪᠤᠤᠷ᠎ᠠ᠃    ᠠᠳᠠ᠄ ᠲᠠᠪᠤ ᠠᠴᠠ ᠲᠠᠭᠡᠭᠰᠢ ᠨᠠᠰᠤᠨ ᠤ ᠠᠳᠠᠯᠠᠭᠰᠠᠨ ᠡᠷ᠎ᠠ ᠬᠦᠢᠰᠤ ᠲᠠᠢ ᠲᠠᠮᠡᠭᠡ᠃    ᠰᠢᠨ᠎ᠠ ᠠᠳᠠ᠄ ᠰᠠᠶ᠋ᠢᠬᠠᠨ ᠠᠳᠠᠯᠠᠭᠰᠠᠨ ᠲᠠᠮᠡᠭᠡ᠃    ᠢᠡᠭᠭᠡ᠄ ᠲᠠᠪᠤ ᠠᠴᠠ ᠲᠠᠭᠡᠭᠰᠢ ᠨᠠᠰᠤᠨ ᠤ ᠡᠮ᠎ᠠ ᠬᠦᠢᠰᠤ ᠲᠠᠢ ᠲᠠᠮᠡᠭᠡ᠃    ᠰᠤᠪᠠᠢ ᠢᠡᠭᠭᠡ᠄ ᠭᠡᠭᠡᠯ ᠲᠤᠭᠳᠠᠭᠰᠠᠨ ᠦᠭᠡᠢ ᠢᠡᠭᠭᠡ᠃    ᠬᠤᠰᠠᠷᠠᠩ ᠢᠡᠭᠭᠡ᠄ ᠰᠤᠪᠠᠶᠢᠷᠬᠠᠰᠠᠨ ᠪᠤᠯᠪᠠᠴᠤ ᠲᠤᠷᠤᠮ ᠢᠶᠠᠨ ᠬᠦᠬᠦᠬᠦᠯᠵᠤ ᠪᠠᠶᠢᠭ᠎ᠠ ᠪᠤᠶᠤ ᠰᠤᠪᠠᠶᠢᠷᠠᠬᠤ ᠵᠠᠩ ᠲᠠᠢ ᠢᠡᠭᠭᠡ᠃    ᠬᠠᠶᠠᠮᠠᠯ ᠢᠡᠭᠭᠡ᠄ ᠰᠠᠶ᠋ᠢᠬᠠᠨ ᠭᠡᠭᠡᠯ ᠲᠤᠭᠳᠠᠭᠰᠠᠨ ᠢᠡᠭᠭᠡ᠃    ᠬᠠᠶᠢᠮᠠᠯ ᠢᠡᠭᠭᠡ᠄ ᠪᠠᠲᠤᠯᠠᠭ᠎ᠠ ᠲᠠᠢ ᠭᠡᠭᠡᠯ ᠲᠤᠭᠲᠠᠭᠰᠠᠨ ᠢᠡᠭᠭᠡ᠃ ᠵᠠᠷᠢᠮ ᠤᠷᠤᠨ ᠳᠤ ᠪᠠᠰᠠ ᠬᠠᠶᠢᠮᠠᠭ ᠢᠡᠭᠭᠡ ᠭᠡᠨ᠎ᠠ᠃    ᠭᠡᠭᠡᠯ ᠲᠠᠢ ᠢᠡᠭᠭᠡ᠄ ᠭᠡᠭᠡᠯ ᠲᠤᠭᠳᠠᠭᠰᠠᠨ ᠢᠡᠭᠭᠡ᠃    ᠲᠠᠩᠬᠤ ᠢᠡᠭᠭᠡ᠄ ᠪᠤᠤᠷᠠᠨ ᠳᠤ ᠭᠠᠷᠴᠤ ᠭᠡᠭᠡᠯ ᠲᠤᠭᠳᠠᠭᠰᠠᠨ ᠴᠤ ᠮᠠᠳᠡᠭᠳᠡᠳᠡᠭ ᠦᠭᠡᠢ ᠢᠡᠭᠭᠡ᠃    ᠲᠦᠯᠠᠢ ᠢᠡᠭᠭᠡ᠄ ᠪᠠᠷᠤᠠᠠᠳᠠᠢ ᠳᠤ ᠭᠡᠭᠡᠯ ᠲᠤᠭᠳᠠᠳᠠᠭ ᠦᠭᠡᠢ ᠢᠡᠭᠭᠡ᠃    ᠡᠷᠠᠮᠡᠭ ᠢᠡᠭᠭᠡ᠄ ᠶᠡᠷᠦ ᠭᠡᠭᠡᠯ ᠲᠤᠭᠲᠠᠳᠠᠭ ᠦᠭᠡᠢ ᠪᠤᠶᠤ ᠦᠷᠡᠵᠢᠯ ᠤᠨ ᠡᠷᠬᠡᠲᠡᠨ ᠲᠤᠳᠤ ᠦᠭᠡᠢ ᠢᠡᠭᠭᠡ᠃    ᠲᠤᠩᠭᠤᠢ ᠢᠡᠭᠭᠡ᠄ ᠠᠩᠬ᠎ᠠ ᠪᠤᠳᠤᠭᠤᠯᠠᠵᠤ ᠪᠠᠶᠢᠭ᠎ᠠ ᠢᠡᠭᠭᠡ᠃    ᠬᠠᠶᠢᠳᠠᠭ ᠢᠡᠭᠭᠡ᠄ ᠪᠤᠳᠤᠭᠤ ᠨᠢ ᠦᠬᠦᠭᠰᠠᠨ ᠴᠤ ᠰᠠᠭᠠᠵᠤ ᠪᠤᠯᠬᠤ ᠢᠡᠭᠭᠡ᠃ ᠪᠤᠰᠤᠤᠨ ᠢᠩᠭᠡᠨ ᠤ ᠪᠤᠳᠤᠭᠤᠨ ᠳᠤ ᠢᠪᠢᠯᠬᠦ ᠪᠤᠯᠤᠭᠰᠠᠨ ᠢᠡᠭᠭᠡ᠃    ᠠᠰᠠᠮᠠᠨ᠄ ᠪᠤᠤᠷ᠎ᠠ ᠲᠠᠯᠪᠢᠭᠠᠤᠨ ᠪᠦᠳᠤᠬᠦᠷᠡᠭᠰᠠᠨ ᠬᠤᠶᠢᠨ᠎ᠠ ᠠᠳᠠᠯᠠᠭᠰᠠᠨ ᠪᠤᠶᠤ ᠠᠲᠠᠯᠠᠭᠰᠠᠨ ᠪᠤᠯᠪᠠᠴᠤ ᠪᠦᠭᠡᠨᠰᠦᠭ ᠨᠢ ᠤᠷᠭᠤᠵᠤ ᠳᠠᠬᠢᠨ ᠤᠷᠤᠭ᠎ᠠ ᠤᠷᠤᠵᠤ ᠪᠠᠶᠢᠭ᠎ᠠ ᠲᠠᠮᠡᠭᠡ᠃    ᠪᠦᠭᠡᠷᠠᠳᠠᠩ᠄ ᠲᠠᠯᠳᠠ ᠪᠦᠬᠡᠨᠰᠦᠭ ᠲᠠᠢ ᠲᠠᠮᠡᠭᠡ᠃    ᠮᠡᠨᠢᠨ ᠲᠠᠮᠡᠭᠡ᠄ ᠰᠠᠭᠠᠷᠮᠠᠭ ᠪᠤᠶᠤ ᠦᠷᠡᠵᠢᠯ ᠤᠨ ᠡᠷᠭᠡᠳᠠᠨ ᠪᠦᠷᠢᠨ ᠪᠤᠰᠤ ᠲᠠᠮᠡᠭᠡ᠃    ᠲᠥᠷᠪᠡᠳᠤᠬᠡᠷ ᠬᠡᠰᠡᠭ ᠥᠡᠭᠬᠡ ᠵᠢᠰᠦ ᠪᠠᠷ ᠨᠢ ᠨᠡᠷᠡᠯᠡᠬᠦ    ᠲᠠᠮᠡᠭᠡ ᠶᠢ ᠦᠡᠭᠭᠡ ᠪᠠᠷ ᠨᠢ ᠲᠤᠳᠤᠤᠠᠬᠠᠨ ᠨᠠᠷᠠᠯᠠᠬᠦ ᠪᠤᠶᠤ ᠦᠡᠭᠭᠡ ᠶᠢ ᠨᠢ ᠲᠠᠭᠠᠭᠤᠯᠤᠨ ᠨᠠᠷᠠᠯᠠᠬᠦ ᠶᠢ ᠬᠡᠯᠡᠵᠦ ᠪᠣᠢ᠃ ᠲᠠᠮᠠᠭᠡᠨ ᠳᠤ ᠪᠠᠶᠢᠳᠠᠭ ᠦᠩᠭᠡ ᠪᠠᠷ ᠪᠤᠤᠷ᠎ᠠ᠂ ᠠᠳᠠ᠂ ᠢᠡᠭᠭᠡ᠂ ᠲᠠᠶᠢᠯᠤᠭ᠂ ᠭᠤᠨᠵᠢ ᠵᠠᠷᠭᠡ ᠬᠦᠢᠰᠤ ᠢᠯᠭᠠᠯ ᠢᠶᠠᠷ ᠨᠢ ᠲᠤᠳᠤᠤᠠᠬᠠᠬᠤ ᠪᠤᠶᠤ ᠪᠤᠳᠤᠭᠤ᠂ ᠲᠤᠷᠤᠮ᠂ ᠭᠤᠨ᠎ᠠ᠂ ᠭᠤᠨᠵᠢ᠂ ᠲᠦᠨ᠎ᠠ᠂ ᠲᠦᠡᠵᠢ ᠭᠡᠬᠦ ᠮᠠᠳᠤ ᠪᠠᠷ ᠨᠠᠰᠤ ᠰᠢᠳᠤ ᠶᠢ ᠨᠢ ᠲᠤᠳᠤᠤᠠᠬᠠᠨ ᠴᠠᠭᠠᠨ ᠪᠤᠳᠤᠭᠤ᠂ ᠤᠯᠠᠭᠠᠨ ᠲᠤᠷᠤᠮ᠂ ᠬᠦᠷᠠᠪᠳᠤᠷ ᠬᠠᠷ᠎ᠠ ᠭᠤᠨ᠎ᠠ᠂ ᠪᠤᠷᠤᠪᠳᠤᠷ ᠬᠦᠭᠡ ᠲᠦᠨ᠎ᠠ᠂ ᠬᠠᠷ᠎ᠠ ᠪᠤᠤᠷ᠎ᠠ᠂ ᠬᠦᠷᠠᠩ ᠢᠡᠭᠭᠡ᠂ ᠬᠤᠸ᠋ᠨ ᠭᠤᠨᠵᠢ᠂ ᠤᠯᠠᠪᠣᠷ ᠰᠢᠷ᠎ᠠ ᠲᠠᠶᠢᠯᠤᠭ ᠭᠡᠬᠦ ᠮᠠᠳᠤ ᠪᠠᠷ ᠨᠡᠷᠡᠯᠡᠳᠡᠭ᠃ ᠪᠠᠰᠠ ᠲᠠᠮᠠᠭᠡᠨ ᠤ ᠭᠠᠳᠠᠷ ᠪᠠᠶᠢᠳᠠᠯ᠂ ᠤᠳᠤᠮ ᠤᠠᠠᠰᠠᠭ᠎ᠠ᠂ ᠨᠤᠳᠤᠭ ᠤᠰᠤ᠂ ᠡᠵᠠᠨ ᠤ ᠬᠢᠨᠢ ᠨᠠᠷ᠎ᠠ᠂ ᠵᠠᠩ ᠠᠷᠠᠠᠰᠢᠨ᠂ ᠲᠠᠮᠠᠭ᠎ᠠ ᠲᠠᠮᠳᠡᠭ᠂ ᠶᠠᠪᠤᠳᠠᠯ ᠬᠢᠰᠬᠢᠳᠠᠯ᠂ ᠡᠳ᠋ᠯᠡᠭᠡ ᠭᠡᠷᠡᠭᠯᠡᠭᠡ ᠲᠤᠬᠢᠷᠠᠭᠰᠠᠨ᠂ ᠠᠰᠢᠭ ᠭᠠᠷᠤᠯᠳᠠ᠂ ᠴᠤᠯᠨ ᠬᠤᠴᠢ᠂ ᠡᠪᠠᠤᠡᠴᠢᠨ ᠭᠡᠮ᠂ ᠵᠦᠢᠷᠯᠠᠯ ᠨᠠᠷᠠᠶᠢᠳᠤᠯ ᠵᠠᠷᠭᠡ ᠤᠠᠴᠠᠯᠢᠭ ᠰᠢᠡᠵᠢ ᠪᠦᠬᠦᠢ ᠨᠠᠷ᠎ᠠ ᠳᠤ ᠲᠤᠰ ᠲᠠᠮᠠᠭᠡᠨ ᠤ ᠦᠡᠭᠭᠡ ᠶᠢ ᠨᠢ ᠲᠠᠭᠠᠭᠤᠯᠵᠤ ᠨᠡᠷᠡᠯᠡᠳᠡᠭ᠃ ᠭᠡᠬᠦ ᠳᠡᠭᠡᠨ ᠵᠦᠪᠭᠡᠨ ᠲᠠᠩ ᠵᠢᠰᠤᠮ ᠪᠤᠶᠤ ᠤᠠᠴᠠ ᠵᠢᠰᠦ ᠶᠢ ᠨᠢ ᠲᠠᠭᠠᠭᠤᠯᠬᠤ ᠠᠴᠠ ᠪᠢᠰᠢ ᠲᠠᠪᠬᠤᠷ ᠵᠢᠰᠦ ᠶᠢ ᠨᠢ ᠲᠠᠭᠠᠭᠤᠯᠤᠨ ᠨᠠᠷᠠᠯᠠᠳᠡᠭ ᠦᠭᠡᠢ᠃    ᠰᠡᠷᠡᠭᠡ ᠤᠯᠠᠭᠠᠨ᠄ ᠰᠡᠷᠡᠭᠡ ᠪᠦᠬᠦ ᠲᠠᠢ ᠤᠯᠠᠭᠠᠨ ᠲᠠᠮᠡᠭᠡ᠃    ᠠᠯᠠᠱᠠ ᠢᠡᠭᠭᠡᠨ ᠤ ᠰᠢᠷ᠎ᠠ᠄ ᠠᠯᠠᠱᠠ ᠨᠤᠳᠤᠭ ᠤᠨ ᠢᠡᠭᠭᠡᠨ ᠠᠴᠠ ᠭᠠᠷᠤᠭᠰᠠᠨ ᠰᠢᠷ᠎ᠠ ᠲᠠᠮᠡᠭᠡ᠃    ᠡᠵᠠᠨ᠎ᠠ ᠬᠦᠭᠡ᠄ ᠡᠵᠠᠨ᠎ᠠ ᠨᠤᠳᠤᠭ ᠲᠠᠢ ᠬᠦᠭᠡ ᠲᠠᠮᠡᠭᠡ᠃    ᠡᠯᠠᠰᠤᠨ ᠤ ᠰᠢᠷ᠎ᠠ᠄ ᠡᠯᠠᠰᠤᠨ ᠳᠤ ᠪᠠᠶᠢᠷᠢ ᠲᠠᠢ ᠰᠢᠷ᠎ᠠ ᠲᠠᠮᠡᠭᠡ᠃    ᠦᠨᠤᠴᠢᠨ ᠴᠠᠭᠠᠨ᠄ ᠪᠤᠳᠤᠭᠤᠨ ᠳᠤᠨᠢ ᠡᠭᠡ ᠨᠢ ᠦᠬᠦᠭᠰᠠᠨ ᠴᠠᠭᠠᠨ ᠲᠠᠮᠡᠭᠡ᠃    ᠨᠠᠮᠵᠢᠯ ᠤᠨ ᠬᠠᠷ᠎ᠠ᠄ ᠨᠠᠮᠵᠢᠯ ᠭᠡᠳᠡᠭ ᠬᠦᠮᠤᠨ ᠤ ᠬᠠᠷ᠎ᠠ ᠲᠠᠮᠡᠭᠡ᠃    ᠲᠦᠢᠯᠠᠳᠠᠭ ᠪᠤᠷᠤ᠄ ᠲᠦᠢᠯᠠᠳᠠᠭ ᠵᠠᠩ ᠲᠠᠢ ᠪᠤᠷᠤ ᠲᠠᠮᠡᠭᠡ᠃    ᠲᠠᠬᠦᠵᠢᠩᠳᠤ ᠬᠦᠷᠠᠩ᠄ ᠲᠠᠬᠦᠵᠢᠩ ᠲᠡᠮᠳᠡᠭ ᠲᠠᠢ ᠬᠦᠷᠠᠩ ᠲᠠᠮᠡᠭᠡ᠃    ᠯᠡᠭᠰᠢᠳᠡᠭ ᠬᠠᠷ᠎ᠠ᠄ ᠯᠡᠭᠰᠢᠶ᠎ᠡ ᠶᠠᠪᠤᠳᠠᠯ ᠲᠠᠢ ᠬᠠᠷ᠎ᠠ ᠲᠠᠮᠡᠭᠡ᠃    ᠠᠴᠢᠶᠠᠨ ᠤ ᠤᠯᠠᠭᠠᠨ᠄ ᠠᠴᠢᠶᠡᠨ ᠳᠤ ᠲᠠᠭᠠᠭᠠᠴᠠ ᠲᠠᠢ ᠪᠤᠶᠤ ᠦᠷᠬᠦᠯᠵᠢ ᠠᠴᠢᠶ᠎ᠠ ᠠᠴᠢᠳᠠᠭ ᠤᠯᠠᠭᠠᠨ ᠲᠠᠮᠡᠭᠡ᠃    ᠲᠠᠷᠭᠤᠨ ᠬᠦᠷᠠᠩ᠄ ᠲᠠᠷᠭᠤ ᠰᠠᠶᠢᠳᠠᠢ ᠬᠦᠷᠠᠩ ᠲᠠᠮᠡᠭᠡ᠃    ᠬᠠᠮᠠᠭᠤᠳᠤ ᠰᠢᠷ᠎ᠠ᠄ ᠬᠠᠮᠠᠭᠤ ᠲᠠᠢ ᠰᠢᠷ᠎ᠠ ᠲᠠᠮᠡᠭᠡ᠃    ᠽᠠᠠᠳᠠᠨ ᠬᠦᠷᠠᠩ᠄ ᠽᠠᠠᠳᠠᠨ ᠮᠤᠳᠤᠨ ᠤ ᠦᠡᠭᠭᠡ ᠲᠠᠢ ᠬᠦᠷᠠᠩ ᠤᠯᠠᠭᠠᠨ ᠲᠠᠮᠡᠭᠡ᠃
 
ᠢᠷᠡᠯᠲᠡ᠄ ᠠᠯᠠᠱᠠ ᠶᠢᠨ ᠲᠡᠮᠡᠭᠡ ᠮᠠᠯᠵᠢᠬᠣ ᠰᠣᠶᠣᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号