ᠠᠯᠠᠱᠠ ᠲᠡᠮᠡᠬᠡᠨ ᠤ ᠵᠠᠩ ᠠᠷᠠᠨᠰᠢᠨ ( ᠨᠢᠬᠡ )
ᠨᠡᠶᠢᠲᠡᠯᠡᠭᠰᠡᠨ ᠴᠠᠭ᠄
2023/9/28
   ᠭᠤᠷᠪᠠᠳᠤᠭᠠᠷ ᠬᠡᠰᠡᠭ ᠠᠯᠠᠱᠠ ᠲᠡᠮᠡᠬᠡᠨ ᠤ ᠵᠠᠩ ᠠᠷᠠᠨᠰᠢᠨ    ᠠᠯᠠᠱᠠ ᠲᠡᠮᠡᠭᠡ ᠪᠣᠯ ᠨᠤᠮᠤᠬᠠᠨ ᠲᠦᠯᠭᠡᠨ ᠠᠪᠤᠷᠢ ᠲᠠᠢ᠂ ᠬᠦᠳᠠᠷ ᠲᠤᠮᠤ ᠪᠠᠶ᠎ᠠ ᠲᠠᠢ᠂ ᠢᠳᠠ ᠴᠢᠳᠠᠯ ᠶᠠᠭᠡᠳᠠᠢ᠂ ᠬᠤᠷᠴᠠᠯᠢᠭ᠂ ᠬᠤᠯᠨ ᠬᠠᠷᠠᠴᠠ ᠲᠠᠢ᠂ ᠴᠢᠬᠢ ᠰᠤᠨᠤᠷᠴᠢ᠂ ᠦᠨᠤᠷᠯᠠᠬᠦ ᠰᠠᠷᠠᠯ ᠰᠠᠶᠢᠨ᠂ ᠭᠤᠪᠢ ᠬᠦᠡᠳᠠᠢ᠂ ᠡᠯᠠᠰᠤᠷᠭᠡᠭ ᠭᠠᠵᠠᠷ ᠪᠠᠯᠴᠢᠭᠡᠷᠯᠠᠬᠦ ᠲᠤᠷ᠎ᠠ ᠲᠠᠢ᠂ ᠦᠨᠠᠰᠤ ᠲᠤᠭᠤᠰᠤ᠂ ᠪᠤᠷᠵᠢᠨ ᠲᠠᠢ ᠭᠠᠵᠠᠷ ᠢ ᠬᠠᠶᠢᠵᠤ ᠬᠦᠯᠪᠡᠷᠢᠳᠡᠭ ᠵᠠᠩᠰᠢᠯ ᠲᠠᠢ᠂ ᠤᠨᠤᠯᠭ᠎ᠠ ᠡᠳ᠋ᠯᠠᠭᠡᠨ ᠳᠤ ᠠᠮᠠᠷᠬᠠᠨ ᠳᠠᠰᠳᠠᠭ᠂ ᠲᠦᠷᠭᠡᠨ ᠨᠤᠮᠤᠬᠠᠷᠠᠳᠠᠭ᠂ ᠡᠵᠠᠨ ᠳᠡᠭᠡᠨ ᠡᠭᠡᠯᠢᠳᠠᠢ᠂ ᠡᠳ᠋ᠯᠠᠭᠡᠨ ᠳᠤ ᠲᠠᠭᠠᠭᠠᠴᠠᠳᠠᠢ ᠶᠤᠮ᠃    ᠲᠠᠮᠡᠭᠡ ᠪᠤᠯ ᠶᠡᠭᠡ ᠭᠠᠵᠠᠷᠴᠢ ᠠᠮᠢᠳᠠᠨ ᠶᠤᠮ᠃ ᠨᠤᠳᠤᠭ ᠤᠰᠤᠨ ᠠᠴᠠ ᠨᠢ ᠭᠡᠳᠤᠨ ᠵᠠᠭᠤᠨ ᠭᠠᠵᠠᠷ ᠤᠨ ᠠᠯᠤᠰ ᠲᠤ ᠠᠪᠠᠴᠢᠭᠠᠤᠨ ᠲᠠᠯᠪᠢᠭᠰᠠᠨ ᠴᠤ ᠦᠯᠤ ᠲᠠᠨᠢᠬᠤ ᠬᠦᠮᠤᠨ ᠳᠤ ᠪᠠᠷᠢᠭᠳᠠᠬᠤ ᠦᠭᠡᠢ ᠪᠠᠷ ᠨᠤᠳᠤᠭ ᠤᠰᠤᠨ ᠳᠠᠭᠠᠨ ᠪᠤᠴᠠᠨ ᠢᠷᠠᠵᠤ ᠴᠢᠳᠠᠳᠠᠭ ᠪᠣᠯᠬᠤᠷ ᠬᠦᠮᠤᠰ ︽ᠠᠶᠠᠨ ᠵᠠᠮ ᠤᠨ ᠠᠯᠤᠰ ᠲᠤ ᠠᠳᠠᠨ ᠲᠠᠮᠡᠭᠡ ᠭᠠᠵᠠᠷᠴᠢ︾ ᠭᠡᠳᠡᠭ᠃ ᠲᠠᠮᠠᠭᠡᠨ ᠳᠤ ᠡᠶᠢᠮᠦᠷᠬᠦᠦ ᠨᠠᠶᠢᠳᠡᠯᠢᠭ ᠵᠠᠩ ᠠᠷᠠᠠᠰᠢᠨ ᠪᠠᠶᠢᠳᠠᠭ ᠢᠶᠠᠷ ᠪᠠᠷᠠᠬᠤ ᠦᠭᠡᠢ ᠪᠠᠰᠠ ᠬᠦᠢᠰᠤ᠂ ᠨᠠᠰᠤ᠂ ᠰᠢᠳᠤ ᠶᠢᠨ ᠢᠯᠭᠠᠯ ᠢᠶᠠᠷ ᠢᠶᠠᠨ ᠤᠯᠠᠨ ᠶᠠᠩᠵᠤ ᠶᠢᠨ ᠦᠪᠠᠷᠮᠢᠴᠠ ᠤᠠᠴᠠᠯᠢᠭ ᠲᠠᠢ ᠶᠤᠮ᠃    ᠪᠤᠶᠢᠯᠠᠬᠤ ᠠᠷᠠᠠᠰᠢᠨ᠄ ᠲᠠᠮᠡᠭᠡ ᠪᠤᠯᠭᠠᠨ ᠪᠤᠶᠢᠯᠠᠳᠠᠭ ᠪᠤᠯᠪᠠᠴᠤ ᠪᠤᠶᠢᠯᠠᠬᠤ ᠰᠢᠯᠳᠠᠭᠠᠨ ᠨᠢ ᠠᠳᠠᠯᠢ ᠦᠭᠡᠢ᠃ ᠢᠡᠭᠭᠡ ᠨᠢ ᠪᠤᠳᠤᠭᠤ ᠲᠤᠷᠤᠮ ᠢᠶᠠᠨ ᠰᠠᠨᠠᠨ ᠦᠭᠡᠶᠢᠯᠠᠬᠦ ᠪᠠ ᠪᠤᠳᠤᠭᠤ ᠲᠤᠷᠤᠮ ᠨᠢ ᠡᠭᠡ ᠪᠠᠨ ᠦᠭᠡᠶᠢᠯᠠᠬᠦ ᠳᠤ ᠨᠢᠳᠤᠨ ᠳᠤᠨᠢ ᠵᠠᠶᠢᠷ ᠬᠦᠶᠤᠬᠦ ᠪᠤᠶᠤ ᠨᠢᠯᠪᠤᠰᠤ ᠤᠨᠠᠭᠠᠵᠤ᠂ ᠡᠶᠢᠰᠢ ᠲᠠᠶᠢᠰᠢ ᠪᠠᠨ ᠬᠠᠷᠠᠨ ᠠᠯᠤᠰ ᠢ ᠪᠠᠷᠠᠯᠠᠵᠤ ᠤᠶᠠᠷᠠᠩᠭᠤᠢ ᠪᠤᠶᠢᠯᠠᠳᠠᠭ᠃ ᠵᠠᠷᠢᠮ ᠲᠠᠮᠡᠭᠡ ᠢᠵᠢᠯᠢ ᠠᠴᠠ ᠪᠠᠨ ᠰᠠᠯᠵᠤ ᠭᠠᠭᠴᠠᠭᠠᠷᠳᠠᠬᠤ ᠪᠤᠶᠤ ᠨᠤᠳᠤᠭ ᠤᠰᠤ ᠪᠠᠨ ᠲᠤᠷᠠᠰᠤᠨ ᠰᠠᠨᠠᠬᠤ ᠳᠠᠭᠠᠨ ᠮᠦᠨ ᠪᠠᠶᠢᠨ ᠳᠠᠬᠢᠨ ᠪᠤᠶᠢᠯᠠᠳᠠᠭ᠃    ᠭᠤᠨᠭ᠍ᠬᠢᠨᠠᠬᠤ ᠠᠷᠠᠠᠰᠢᠨ᠄ ᠢᠩᠭᠡᠨ ᠲᠡᠮᠡᠭᠡ ᠪᠠᠯᠴᠢᠭᠡᠷᠯᠠᠵᠤ ᠶᠠᠪᠤᠭᠠᠤᠨ ᠪᠤᠳᠤᠭᠤᠨ ᠳᠠᠭᠠᠨ ᠢᠷᠠᠵᠤ ᠬᠦᠬᠦᠬᠦᠯᠬᠦ ᠳᠡᠭᠡᠨ ᠭᠤᠨᠭ᠍ᠬᠢᠨᠠᠳᠠᠭ ︵ᠬᠤᠤᠯᠵᠠᠭᠤᠷ ᠢᠶᠠᠷ ᠢᠶᠠᠨ ᠲᠤᠤᠭᠠᠷᠬᠤ︶ ᠪᠦᠭᠡᠤᠨ ᠪᠤᠳᠤᠭᠤ ᠨᠢ ᠡᠭᠡ ᠪᠠᠨ ᠬᠦᠬᠦᠬᠦ ᠳᠡᠭᠡᠨ ᠰᠠᠬᠦᠯ ᠢᠶᠠᠨ ᠬᠦᠳᠡᠯᠭᠡᠨ ᠡᠷᠬᠡᠯᠡᠳᠡᠭ᠃ ᠢᠵᠢᠯᠢ ᠠᠴᠠ ᠪᠠᠨ ᠰᠠᠯᠵᠤ ᠤᠳᠠᠭᠰᠠᠨ ᠲᠠᠮᠡᠭᠡ ᠲᠠᠬᠢᠨ ᠢᠵᠢᠯᠢ ᠳᠡᠭᠡᠨ ᠨᠠᠶᠢᠯᠠᠬᠦ ᠳᠤ ᠪᠠᠰᠠ ᠭᠤᠨᠭ᠍ᠬᠢᠨᠠᠳᠠᠭ᠃ ᠨᠢᠯᠬ᠎ᠠ ᠪᠤᠳᠤᠭᠤ ᠲᠠᠢ ᠢᠡᠭᠭᠡ ᠨᠦᠭᠦᠳ ᠢ ᠴᠤᠭ ᠲᠤᠨᠢ ᠲᠠᠭᠤᠬᠤ ᠳᠤ ᠦᠪᠠᠷ ᠦᠪᠠᠷ ᠤᠨ ᠢᠶᠠᠨ ᠪᠤᠳᠤᠭᠤ ᠪᠠᠨ ᠡᠷᠢᠵᠤ ᠨᠠᠭᠠᠰᠢ ᠴᠠᠭᠠᠰᠢ ᠬᠠᠷᠠᠨ ᠭᠤᠨᠭ᠍ᠬᠢᠨᠠᠵᠤ ᠪᠤᠳᠤᠭᠤᠨ ᠳᠠᠭᠠᠨ ᠲᠠᠭᠤ ᠴᠢᠮᠡᠭᠡ ᠦᠭᠬᠦ  ᠳᠤ ᠪᠤᠳᠤᠭᠤ  ᠨᠢ  ᠴᠤ ᠭᠤᠨᠭ᠍ᠬᠢᠨᠠᠵᠤ ᠡᠭᠡ  ᠳᠡᠭᠡᠨ ᠲᠠᠭᠤ ᠴᠢᠮᠡᠭᠡ ᠦᠭᠳᠡᠭ᠃    ᠬᠦᠷᠬᠢᠷᠠᠬᠦ ᠠᠷᠠᠠᠰᠢᠨ᠄ ᠤᠷᠤᠭ᠎ᠠ ᠪᠤᠤᠷ᠎ᠠ ᠶᠢᠨ ᠬᠤᠤᠯᠵᠠᠭᠤᠷ ᠢᠶᠠᠷ ᠢᠶᠠᠨ ᠲᠦᠡᠭᠬᠢᠨᠠᠨ ᠲᠤᠤᠭᠠᠷᠬᠤ ᠪᠤᠶᠤ ᠲᠤᠭᠰᠢᠨ ᠲᠠᠮᠠᠭᠡᠨ ᠤ ᠠᠭᠤᠷ ᠤᠮᠤᠭ ᠢᠶᠠᠨ ᠭᠠᠷᠭᠠᠬᠤ ᠦᠶ᠎ᠠ ᠶᠢᠨ ᠲᠦᠡᠭᠬᠢᠨᠠᠨ ᠲᠤᠤᠭᠠᠷᠬᠤ ᠶᠢ ᠬᠦᠷᠬᠢᠷᠠᠬᠦ ᠭᠡᠳᠡᠭ᠃ ᠤᠷᠤᠭ᠎ᠠ ᠪᠤᠤᠷ᠎ᠠ ᠠᠭᠤᠷ ᠤᠮᠤᠭ ᠲᠠᠢ ᠪᠤᠯᠬᠤᠷ ᠤᠨᠤᠭ᠎ᠠ ᠲᠠᠢ ᠬᠦᠮᠤᠨ ᠪᠤᠶᠤ ᠪᠤᠰᠤᠤᠨ ᠲᠠᠮᠠᠭᠡᠤᠨ ᠢᠡᠭᠭᠡᠨ ᠰᠦᠷᠥᠭ ᠲᠤᠨᠢ ᠤᠶᠢᠷᠠᠳᠤᠬᠤ᠂ ᠦᠭᠡᠷ᠎ᠠ ᠪᠤᠤᠷ᠎ᠠ ᠬᠠᠷᠠᠭᠳᠠᠬᠤ ᠳᠤ ᠰᠢᠯᠢ ᠪᠠᠨ ᠱᠦᠷᠭᠦᠵᠦ ᠰᠢᠳᠤ ᠪᠠᠨ ᠬᠠᠪᠢᠷᠤᠨ ᠬᠦᠷᠬᠢᠷᠠᠳᠡᠭ᠃ ᠠᠷᠳᠠᠭ ᠲᠤᠭᠰᠢᠨ ᠲᠠᠮᠡᠭᠡ ᠶᠢ ᠪᠠᠷᠢᠬᠤ᠂ ᠬᠡᠪᠲᠡᠭᠦᠯᠬᠦ᠂ ᠤᠨᠤᠬᠤ᠂ ᠤᠶᠠᠵᠤ ᠲᠠᠯᠪᠢᠬᠤ ᠪᠤᠶᠤ ᠬᠦᠮᠤᠨ ᠤᠶᠢᠷᠠᠳᠤᠬᠤ ᠳᠤ ᠴᠤ ᠬᠦᠷᠬᠢᠷᠠᠬᠦ ᠠᠴᠠ ᠪᠢᠰᠢ ᠪᠠᠷᠬᠢᠷᠠᠬᠤ ᠦᠭᠡᠢ᠃ ᠰᠠᠶ᠋ᠢ ᠪᠣᠲᠣᠭᠤᠯᠠᠭᠰᠠᠨ ᠢᠩᠭᠡ ᠬᠦᠮᠦᠨ ᠠᠮᠢᠳᠡᠨ ᠠᠴᠠ ᠪᠤᠲᠣᠭᠤ ᠪᠠᠨ ᠬᠠᠷᠠᠮᠨᠠᠬᠤ ᠳᠠᠭᠠᠨ ᠬᠦᠷᠬᠢᠷᠡᠳᠡᠭ᠃    ᠪᠠᠷᠬᠢᠷᠠᠬᠤ ᠠᠷᠠᠠᠰᠢᠨ᠄ ᠲᠠᠮᠡᠭᠡ ᠶᠠᠮᠠᠷ ᠨᠢᠭᠡᠨ ᠰᠢᠯᠳᠠᠭᠠᠨ ᠠᠴᠠ ᠪᠤᠯᠵᠤ ᠪᠠᠶ᠎ᠠ ᠨᠢ ᠵᠦᠳᠠᠬᠦ᠂ ᠡᠪᠠᠤᠡᠬᠦ᠂ ᠤᠴᠠᠭᠠᠷᠯᠠᠬᠤ᠂ ᠲᠦᠪᠡᠭᠰᠢᠶᠠᠬᠦ᠂ ᠲᠤᠷ᠎ᠠ ᠦᠭᠡᠶᠢᠴᠠᠬᠦ ᠳᠡᠭᠡᠨ ᠪᠠᠷᠬᠢᠷᠠᠵᠤ ᠡᠰᠠᠷᠬᠦᠴᠠᠯ ᠲᠠᠯᠪᠢᠵᠤ ᠪᠠᠶᠢᠬᠤ ᠪᠠᠨ ᠢᠯᠠᠤᠠᠭᠡᠳᠡᠭ᠃ ᠭᠡᠬᠦ ᠳᠡᠭᠡᠨ ᠡᠩ ᠤᠨ ᠪᠠᠭ᠎ᠠ ᠰᠠᠭ᠎ᠠ ᠶᠠᠭᠤᠮᠠᠨ ᠠᠴᠠ ᠲᠦᠪᠡᠭᠰᠢᠶᠠᠨ ᠤᠴᠠᠭᠠᠷᠯᠠᠵᠤ ᠪᠠᠶᠢᠭ᠎ᠠ ᠪᠤᠯ ᠪᠠᠭ᠎ᠠ ᠰᠢᠭ᠋ ᠲᠠᠭᠤ ᠪᠠᠷ ᠴᠦᠭᠡᠨ ᠭᠡᠳᠤ ᠪᠠᠷᠬᠢᠷᠠᠵᠤ᠂ ᠮᠠᠰᠢ ᠶᠡᠭᠡ ᠲᠤᠷ᠎ᠠ ᠦᠭᠡᠶᠢᠴᠠᠬᠦ ᠦᠶ᠎ᠠ ᠳᠡᠭᠡᠨ ᠶᠡᠭᠡ ᠲᠠᠭᠤ ᠪᠠᠷ ᠲᠠᠬᠢᠨ ᠳᠠᠪᠲᠠᠨ ᠪᠠᠷᠬᠢᠷᠠᠳᠠᠭ᠃    ᠱᠤᠤᠬᠢᠷᠬᠤ ᠠᠷᠠᠠᠰᠢᠨ᠄ ᠲᠠᠮᠠᠭᠡᠨ ᠤ ᠬᠠᠮᠠᠷ ᠢᠶᠠᠷ ᠢᠶᠠᠨ ᠲᠤᠷᠬᠢᠬᠤ ᠶᠢ ᠱᠤᠤᠬᠢᠷᠬᠤ ᠭᠡᠳᠡᠭ᠃ ᠲᠠᠮᠡᠭᠡ ᠲᠡᠭᠷᠢ ᠬᠦᠢᠲᠡᠷᠡᠵᠦ᠂ ᠰᠠᠯᠬᠢ ᠰᠢᠭᠤᠷᠭ᠎ᠠ ᠪᠤᠰᠬᠤ ᠠᠴᠠ ᠡᠮᠦᠨ᠎ᠡ ᠬᠠᠮᠠᠷ ᠢᠶᠠᠨ ᠱᠣᠣᠬᠢᠷᠣᠨ ᠴᠠᠭ ᠠᠭᠤᠷ ᠤᠨ ᠬᠤᠪᠢᠷᠠᠯᠲᠠ ᠶᠢ ᠤᠷᠢᠳᠴᠢᠯᠠᠨ ᠮᠡᠳᠡᠭᠡᠯᠡᠳᠡᠭ᠃ ᠲᠠᠮᠠᠭᠡᠨ ᠤ ᠬᠠᠮᠠᠷ ᠲᠤ ᠬᠤᠷᠤᠬᠠᠢ ᠰᠢᠪᠠᠵᠢ ᠪᠤᠶᠤ ᠤᠰᠤ ᠰᠢᠷᠤᠢ ᠤᠷᠤᠪᠠᠯ ᠱᠤᠤᠬᠢᠷᠴᠤ ᠭᠠᠷᠭᠠᠳᠠᠭ᠃ ᠠᠶᠢᠯ ᠤᠨ ᠭᠠᠳᠠᠨ᠎ᠠ ᠤᠴᠢᠬᠤ ᠳᠤ ᠤᠨᠤᠭᠰᠠᠨ ᠲᠡᠮᠡᠭᠡ ᠪᠠᠰᠠ ᠱᠤᠤᠬᠢᠷᠴᠤ ᠴᠢᠮᠡᠭᠡ ᠦᠭᠳᠡᠭ᠃    ᠰᠢᠳᠤ ᠬᠠᠪᠢᠷᠬᠤ ᠠᠷᠠᠠᠰᠢᠨ᠄ ᠪᠤᠤᠷ᠎ᠠ ᠤᠷᠤᠭ᠎ᠠ ᠤᠷᠤᠵᠤ ᠬᠠᠭᠰᠠᠵᠤ ᠪᠠᠶᠢᠬᠤ ᠳᠠᠭᠠᠨ ᠰᠢᠳᠤ ᠪᠠᠨ ᠵᠢᠷ ᠵᠢᠷ ᠬᠢᠲᠡᠯ᠎ᠡ ᠬᠦᠴᠤᠳᠠᠢ ᠬᠠᠪᠢᠷᠳᠠᠭ᠃ ᠲᠠᠮᠡᠭᠡ ᠰᠦᠢᠭ᠌ᠳᠠᠵᠤ ᠦᠯᠤᠰᠬᠦ ᠳᠡᠭᠡᠨ ᠮᠦᠨ ᠰᠢᠳᠤ ᠪᠠᠨ ᠬᠠᠪᠢᠷᠳᠠᠭ ᠪᠦᠭᠡᠤᠨ ᠲᠤᠭᠰᠢᠨ ᠲᠠᠮᠡᠭᠡ ᠬᠦᠮᠤᠨ ᠠᠮᠢᠳᠠᠨ ᠳᠤ ᠰᠦᠷ ᠦᠵᠠᠬᠦᠯᠬᠦ ᠳᠡᠭᠡᠨ ᠴᠤ ᠰᠢᠳᠤ ᠪᠠᠨ ᠬᠠᠪᠢᠷᠴᠤ ᠴᠠᠭᠠᠨ ᠬᠦᠭᠡᠰᠤ ᠰᠠᠬᠠᠷᠠᠭᠤᠯᠳᠠᠭ᠃    ᠬᠦᠯᠪᠠᠷᠢᠬᠦ ᠠᠷᠠᠠᠰᠢᠨ᠄ ᠲᠠᠮᠡᠭᠡ ᠪᠠᠶ᠎ᠠ ᠶᠢᠨ ᠴᠢᠯᠡᠭᠡ ᠪᠤᠶᠤ ᠵᠠᠭᠠᠳᠤᠨᠠᠭ᠎ᠠ ᠪᠠᠨ ᠭᠠᠷᠭᠠᠬᠤ ᠶᠢᠨ ᠲᠤᠰᠠᠳᠠ ᠬᠤᠵᠢᠷ ᠪᠤᠷᠵᠢᠨ᠂ ᠪᠤᠷᠬᠢᠶ᠎ᠠ ᠦᠨᠠᠰᠤ᠂ ᠲᠤᠭᠤᠷᠢᠮ ︵ᠲᠥᠢᠷᠢᠮ︶ ᠴᠠᠶᠢᠳᠠᠮ ᠮᠠᠳᠤ ᠶᠢᠨ ᠵᠦᠭᠡᠯᠠᠨ ᠭᠠᠵᠠᠷ ᠭᠡᠪᠳᠠᠵᠤ ᠬᠦᠯᠪᠠᠷᠢᠳᠡᠭ᠃ ᠤᠷᠤᠭ᠎ᠠ ᠪᠤᠤᠷ᠎ᠠ ᠬᠦᠮᠤᠨ ᠠᠮᠢᠳᠠᠨ ᠳᠤ ᠠᠭᠤᠷ ᠤᠮᠤᠭ ᠭᠠᠷᠭᠠᠬᠤ ᠳᠠᠭᠠᠨ ᠪᠤᠳᠠ ᠮᠤᠳᠤ ᠤᠷᠤᠭᠤ ᠨᠠᠯᠠᠵᠤ ᠬᠦᠯᠪᠠᠷᠢᠳᠡᠭ᠃ ᠵᠠᠷᠢᠮ ᠲᠠᠮᠡᠭᠡ ᠤᠨᠤᠭᠤᠯᠵᠤ ᠠᠴᠢᠭᠤᠯᠬᠤ ᠲᠤᠷ᠎ᠠ ᠦᠭᠡᠢ ᠨᠢ ᠬᠦᠷᠥᠭᠰᠠᠨ ᠦᠶ᠎ᠠ ᠳᠤ ᠨᠠᠯᠠᠵᠤ ᠬᠦᠯᠪᠡᠷᠢᠨ᠂ ᠠᠴᠢᠶ᠎ᠠ ᠪᠠ ᠤᠨᠤᠭᠴᠢ ᠪᠠᠨ ᠤᠨᠠᠭᠠᠬᠤ ᠭᠡᠵᠤ ᠤᠷᠤᠯᠳᠤᠳᠠᠭ᠃    ᠲᠠᠷᠠᠶᠢᠬᠤ ᠠᠷᠠᠨᠰᠢᠨ᠄ ᠨᠢᠯᠬ᠎ᠠ ᠪᠤᠳᠤᠭᠤ ᠨᠠᠷᠠᠨ ᠳᠤ ᠡᠭᠡᠭᠡᠵᠤ ᠨᠠᠯᠠᠵᠤ ᠭᠡᠪᠳᠠᠬᠦ ᠲᠤᠷᠠᠳᠠᠢ ᠪᠠᠷ ᠪᠠᠷᠠᠬᠤ ᠦᠭᠡᠢ ᠬᠤᠳᠠ ᠭᠡᠪᠳᠠᠷᠢ ᠪᠤᠶᠤ ᠭᠡᠭᠡᠷ᠎ᠠ ᠬᠦᠳᠡᠭᠡ ᠠᠮᠠᠷᠠᠵᠤ ᠪᠠᠶᠢᠭ᠎ᠠ ᠲᠠᠮᠡᠭᠡ ᠴᠤ ᠬᠠᠯᠠᠭᠤᠨ ᠲᠤᠯᠠᠭᠠᠨ ᠤᠯᠠᠷᠢᠯ ᠳᠤ ᠲᠠᠷᠠᠶᠢᠵᠤ ︵ᠨᠠᠯᠠᠵᠤ︶ ᠬᠡᠪᠲᠡᠲᠡᠭ᠃    ᠰᠢᠯᠭᠡᠭᠡᠬᠦ ᠠᠷᠠᠠᠰᠢᠨ᠄ ᠲᠠᠮᠡᠭᠡ ᠦᠨᠠᠰᠤ ᠲᠤᠭᠤᠷᠢᠮ ᠲᠠᠭᠡᠷ᠎ᠠ ᠨᠠᠯᠠᠵᠤ ᠬᠦᠯᠪᠡᠷᠢᠵᠦ ᠪᠤᠰᠤᠭᠠᠤᠨ ᠪᠠᠶ᠎ᠠ ᠪᠠᠨ ᠰᠢᠯᠭᠡᠭᠡᠵᠤ ᠰᠢᠪᠠᠷ ᠲᠤᠭᠤᠰᠤ ᠪᠠᠨ ᠤᠨᠠᠭᠠᠳᠠᠭ ᠪᠦᠭᠡᠤᠨ ᠴᠠᠰᠤ ᠪᠤᠷᠤᠭ᠎ᠠ᠂ ᠰᠠᠯᠬᠢ ᠰᠢᠭᠤᠷᠭᠠᠨ ᠳᠤ ᠭᠡᠪᠳᠠᠵᠤ ᠪᠠᠶᠢᠭᠠᠤᠨ ᠪᠤᠰᠬᠤ ᠳᠠᠭᠠᠨ ᠮᠦᠨ ᠰᠢᠯᠭᠡᠭᠡᠵᠤ ᠪᠠᠶ᠎ᠠ ᠲᠠᠭᠡᠷᠡᠬᠢ ᠬᠢᠷᠠᠭᠤ ᠴᠠᠰᠤ᠂ ᠰᠢᠷᠤᠢ ᠲᠤᠭᠤᠰᠤ ᠪᠠᠨ ᠤᠨᠠᠭᠠᠳᠠᠭ᠃ ᠤᠯᠠᠨ ᠡᠳᠤᠷ ᠤᠨ ᠵᠤᠤᠨ ᠰᠢᠭᠤᠷᠭᠠᠨ ᠪᠤᠯᠤᠭᠠᠤᠨ ᠵᠤᠭᠰᠤᠭ᠎ᠠ ᠦᠭᠡᠢ ᠪᠠᠶᠢᠬᠤ ᠳᠤ ᠲᠠᠮᠡᠭᠡ ᠰᠢᠯᠭᠡᠭᠡᠵᠤ ᠪᠠᠶᠢᠪᠠᠯ ᠮᠠᠯᠴᠢᠤᠨ ︽ᠲᠠᠮᠡᠭᠡ ᠰᠢᠯᠭᠡᠭᠡᠵᠤ ᠪᠠᠶᠢᠨ᠎ᠠ᠂ ᠲᠡᠭᠷᠢ ᠤᠡᠭᠭᠤᠶᠢᠬᠤ ︵ᠭᠡᠶᠢᠬᠦ︶ ᠨᠢ ᠡ︾ ᠭᠡᠳᠡᠭ᠃ ᠵᠠᠷᠢᠮ ᠳᠠᠭᠠᠨ ᠲᠤᠬᠤᠮ ᠲᠠᠯᠳᠠᠷ ᠢ ᠨᠢ ᠠᠪᠬᠤ ᠪᠤᠶᠤ ᠠᠴᠢᠶ᠎ᠠ ᠲᠠᠭᠡᠭᠡᠪᠤᠷᠢ ᠶᠢ ᠨᠢ ᠬᠦᠡᠭᠭᠡᠯᠠᠬᠦ ᠳᠤ ᠪᠠᠰᠠ ᠪᠠᠶ᠎ᠠ ᠪᠠᠨ ᠰᠢᠯᠭᠡᠭᠡᠳᠡᠭ᠃
 
ᠢᠷᠡᠯᠲᠡ᠄ ᠠᠯᠠᠱᠠ ᠶᠢᠨ ᠲᠡᠮᠡᠭᠡ ᠮᠠᠯᠵᠢᠬᠣ ᠰᠣᠶᠣᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号