ᠪᠦᠬᠡ ᠱᠠᠯᠪᠢᠩ ︵ᠠᠷᠪᠠᠨ ᠵᠢᠷᠭᠤᠭ᠎ᠠ︶
ᠨᠡᠶᠢᠲᠡᠯᠡᠭᠰᠡᠨ ᠴᠠᠭ᠄
2023/7/7
   ᠠᠷᠪᠠᠨ ᠵᠢᠷᠭᠤᠭ᠎ᠠ   ᠨᠤᠮᠤ ᠰᠠᠭᠠᠳᠠᠭ ᠢᠶᠠᠨ ᠪᠤᠰᠤᠳ ᠲᠤ ᠵᠢᠭᠡᠯᠡᠭᠦᠯᠵᠦ ᠬᠠᠨ ᠭᠠᠷᠤᠳᠢ ᠶᠢ ᠬᠦᠭᠡᠭᠡᠨ ᠶᠠᠪᠤᠭᠤᠯᠤᠭᠰᠠᠨ    ᠡᠷᠲᠡ ᠤᠷᠢᠳᠤ ᠴᠠᠭ ᠲᠤ᠂ ᠰᠦᠷᠡᠭᠡᠢ ᠲᠤᠮᠤ ᠪᠦᠳᠦᠭᠦᠨ ᠪᠡᠶ᠎ᠡ ᠲᠠᠢ᠂ ᠲᠡᠭᠷᠢ ᠲᠡᠭᠡᠭᠦᠷ ᠨᠢᠰᠳᠡᠭ᠂ ᠬᠠᠨ ᠭᠠᠷᠣᠳᠢ ᠭᠡᠭᠴᠢ ᠷᠢᠳᠢ ᠰᠢᠳᠢ ᠲᠠᠢ ᠲᠡᠭᠷᠢ ᠶᠢᠨ ᠰᠠᠬᠢᠭᠤᠯᠰᠤᠨ ᠰᠢᠪᠠᠭᠤ ᠪᠦᠭᠦᠳᠠ ᠶᠢᠨ ᠬᠠᠭᠠᠨ ᠪᠠᠶᠢᠵᠡᠢ᠃ ᠡᠨ᠋ᠨ ᠠᠮᠢᠳᠡᠨ ᠤ ᠲᠠᠯᠠᠪᠴᠢ ᠨᠢ ᠬᠦᠷᠳᠡᠯ᠎ᠡ ᠬᠡᠳᠦᠨ ᠠᠷᠪᠠᠨ ᠵᠠᠩ ᠣᠷᠲᠣ ᠪᠠᠶᠢᠳᠠᠭ ᠭᠡᠨ᠎ᠡ᠃    ᠨᠢᠭᠡᠨ ᠡᠳᠦᠷ᠂ ᠭᠡᠨᠡᠳᠲᠠ ᠪᠠᠷ ᠲᠡᠭᠷᠢ ᠬᠠᠷᠠᠩᠭᠤᠶᠢᠳᠡᠨ ᠨᠢᠭᠡ ᠲᠤᠮᠤ ᠬᠠᠷ᠎ᠠ ᠶᠠᠭᠤᠮ᠎ᠠ ᠲᠠᠯᠠᠪᠴᠢ ᠪᠠᠷ ᠢᠶᠠᠨ ᠪᠡᠭᠡᠵᠢᠩ ᠬᠤᠳᠠ ᠶᠢ ᠪᠦᠷᠬᠦᠵᠦ᠂ ᠬᠠᠭᠠᠨ ᠤ ᠤᠷᠳᠦᠨ ᠴᠦ ᠬᠠᠷᠠᠩᠭᠤᠢ ᠪᠤᠯᠵᠤ᠂ ᠬᠠᠭᠠᠨ ᠰᠤᠴᠢᠨ ᠠᠶᠤᠬᠤ ᠠᠴᠠ ᠭᠠᠳᠠᠨ᠎ᠠ ᠤᠯᠤᠰ ᠲᠦᠮᠡᠨ ᠠᠶᠤᠯᠳᠦᠨ ᠪᠠᠷᠬᠢᠷᠠᠯᠳᠤᠵᠤ ᠶᠡᠭᠡ ᠦᠢᠮᠡᠭᠡᠨ ᠪᠤᠯᠵᠤ ᠠᠮᠢᠳᠡᠨ ᠬᠦᠮᠦᠨ ᠭᠡᠷ ᠤᠨ ᠭᠠᠳᠠᠨ᠎ᠠ ᠴᠦ ᠤᠷᠤᠵᠤ ᠭᠠᠷᠬᠤ ᠶᠢᠨ ᠠᠷᠭ᠎ᠠ ᠦᠭᠡᠢ ᠪᠣᠯᠪᠠ᠃ ᠡᠨ᠋ᠨ ᠦᠶ᠎ᠡ ᠳᠤ ᠬᠠᠪᠣᠲᠣ ᠬᠠᠰᠠᠷ ᠠᠴᠠ ᠵᠠᠷᠯᠢᠭ ᠪᠠᠭᠤᠯᠭᠠᠵᠤ᠂ ᠡᠨ᠋ᠨ ᠬᠠᠨ ᠭᠠᠷᠤᠳᠢ ᠶᠢ ᠲᠦᠷᠭᠡᠨ ᠵᠠᠶᠢᠯᠠᠭᠤᠯᠬᠤ ᠦᠭᠡᠢ ᠪᠤᠯᠬᠤ ᠦᠭᠡᠢ᠂ ᠠᠮᠢᠳᠡᠨ ᠭᠦᠮᠦᠨ ᠤ ᠠᠮᠤᠷ ᠲᠦᠪᠰᠢᠨ ᠢ ᠨᠦᠯᠦᠭᠡᠯᠡᠵᠤ ᠪᠠᠶᠢᠨ᠎ᠠ ᠭᠡᠵᠡᠢ᠃    ᠢᠩᠬᠢᠭᠡᠳ ᠶᠠᠮᠠᠷ ᠴᠦ ᠭᠦᠮᠦᠨ ᠲᠡᠷᠡ ᠠᠮᠢᠳᠡᠨ ᠢ ᠤᠷᠤᠯᠳᠤᠵᠤ᠂ ᠭᠠᠷ ᠬᠦᠷᠴᠦ ᠴᠢᠳᠠᠬᠤ ᠬᠦᠮᠦᠨ ᠪᠠᠶᠢᠬᠤ ᠦᠭᠡᠢ᠂ ᠵᠠᠷᠢᠮ ᠨᠢ ᠲᠡᠭᠷᠢ ᠶᠢᠨ ᠰᠠᠬᠢᠭᠤᠯᠰᠤᠨ ᠢ ᠤᠷᠤᠯᠳᠤᠪᠠᠯ ᠠᠮᠢ ᠨᠠᠰᠦᠨ ᠳᠤ ᠠᠶᠤᠯᠳᠠᠢ ᠭᠡᠳ ᠦᠢᠷᠡᠳᠬᠤ ᠭᠦᠮᠦᠨ ᠦᠭᠡᠢ ᠪᠠᠶᠢᠵᠦ ᠭᠡᠨ᠎ᠡ᠃    ᠲᠡᠭᠡᠭᠡᠳ ᠲᠡᠷᠨ ᠴᠠᠭ ᠲᠤ ᠠᠯᠠᠱᠠ ᠳᠤ ᠨᠢᠭᠡᠨ ᠶᠠᠪᠠᠭᠠᠨ ᠮᠡᠷᠭᠡᠨ ᠭᠡᠭᠴᠢ ᠭᠦᠮᠦᠨ ᠪᠠᠶᠢᠵᠡᠢ ᠭᠡᠨ᠎ᠡ᠂ ᠡᠭᠦᠨ ᠢ ᠬᠠᠪᠤᠲᠦ ᠬᠠᠰᠠᠷ ᠤᠨ ᠨᠢᠭᠡ ᠲᠦᠰᠢᠮᠡᠳ ᠮᠡᠳᠡᠭᠡᠳ ᠬᠠᠭᠠᠨ ᠳᠤ ᠮᠡᠳᠡᠭᠦᠯᠦᠭᠰᠡᠨ᠎ᠡ᠂ ᠬᠠᠭᠠᠨ ᠠᠴᠠ ᠵᠠᠷᠯᠢᠭ ᠪᠠᠭᠤᠯᠭᠠᠵᠤ᠂ ᠲᠡᠷᠨ ᠶᠠᠪᠠᠭᠠᠨ ᠮᠡᠷᠭᠡᠨ ᠭᠡᠳᠡᠭ ᠭᠦᠮᠦᠨ ᠢ ᠲᠠᠷᠦᠢ ᠲᠦᠷᠭᠡᠨ ᠲᠠᠭᠤᠳᠡᠨ ᠢᠷᠡᠭᠦᠯᠵᠦ᠂ ᠲᠡᠷᠨ ᠬᠠᠨ ᠭᠠᠷᠤᠳᠢ ᠶᠢ ᠭᠦᠭᠡᠭᠡᠵᠦ ᠶᠠᠪᠤᠭᠤᠯᠬᠤ ᠬᠡᠷᠡᠭᠳᠡᠢ ᠭᠡᠵᠦ ᠵᠠᠬᠢᠶ᠎ᠡ ᠪᠠᠭᠤᠯᠭᠠᠵᠠᠢ᠃    ᠲᠡᠭᠡᠭᠡᠳ ᠲᠡᠷᠨ ᠶᠠᠪᠠᠭᠠᠨ ᠮᠡᠷᠭᠡᠨ ᠭᠡᠭᠴᠢ ᠬᠦᠮᠦᠨ ᠨᠠᠳᠠ ᠳᠤ ᠶᠠᠮᠡᠷ ᠠᠷᠭ᠎ᠠ ᠰᠠᠮᠪᠠᠭ᠎ᠠ ᠪᠠᠶᠢᠬᠤ ᠪᠤᠢ᠂ ᠠᠳᠠᠭ ᠲᠠᠭᠠᠨ ᠨᠤᠮᠤ ᠰᠠᠭᠠᠳᠠᠭ ᠴᠤ ᠪᠠᠶᠢᠳᠠᠭ ᠦᠭᠡᠢ᠂ ᠶᠠᠭᠠᠬᠢᠬᠤ ᠪᠢᠯᠡ᠂ ᠰᠠᠶᠢᠨ ᠬᠠᠲᠠᠭᠤ ᠭᠦᠪᠴᠢ ᠲᠠᠢ ᠨᠤᠮᠤ ᠪᠠᠶᠢᠮᠠᠨᠵᠢᠨ ᠰᠠᠶ᠋ᠢ ᠲᠡᠷᠨ ᠠᠮᠢᠳᠡᠨ ᠢ ᠠᠶᠤᠯᠭᠠᠵᠤ ᠴᠢᠳᠠᠬᠤ ᠶᠤᠮ ᠭᠡᠵᠦ ᠭᠠᠶᠢᠬᠠᠭᠰᠠᠭᠠᠷ ᠪᠠᠶᠢᠳᠡᠯ᠎ᠡ ᠪᠦᠬᠡ ᠱᠠᠯᠪᠢᠩ ᠳᠤ ᠬᠠᠳᠠᠭᠤ ᠭᠦᠪᠴᠢ ᠲᠠᠢ ᠨᠤᠮᠤ ᠪᠠᠶᠢᠬᠤ ᠶᠢ ᠤᠯᠵᠦ ᠮᠡᠳᠡᠵᠡᠢ᠃ ᠲᠡᠭᠦᠨ ᠤ ᠨᠤᠮᠤ ᠪᠣᠯ ᠵᠠᠭᠤᠨ ᠲᠠᠪᠢᠨ ᠵᠢᠩ ᠤᠨ ᠬᠦᠨᠳᠦ ᠨᠤᠮᠤ ᠪᠠᠶᠢᠵᠦ ᠪᠠᠷᠤᠭ ᠲᠠᠢ ᠬᠦᠮᠦᠨ ᠡᠪᠰᠢᠶᠡᠯᠭᠡᠵᠦ ᠲᠠᠶᠢᠯᠳᠡᠭ ᠦᠭᠡᠢ ᠬᠠᠳᠠᠭᠤ ᠬᠦᠪᠴᠢ  ᠲᠠᠢ᠂ ᠪᠦᠳᠦᠭᠦᠨ ᠨᠤᠮᠤ ᠪᠠᠶᠢᠵᠡᠢ᠃ ᠬᠠᠭᠠᠨ  ᠤ ᠵᠠᠷᠯᠢᠭ  ᠢᠶᠠᠷ ᠱᠠᠯᠪᠢᠩ ᠠᠴᠠ ᠲᠡᠷᠨ ᠨᠤᠮᠤ ᠶᠢ ᠵᠢᠭᠡᠯᠡᠨ ᠠᠪᠤᠭᠠᠳ ᠶᠠᠪᠠᠭᠠᠨ ᠮᠡᠷᠭᠡᠨ ᠪᠡᠭᠡᠵᠢᠩ ᠳᠤ ᠭᠦᠷᠴᠦ ᠲᠡᠷᠨ ᠬᠠᠨ ᠭᠠᠷᠤᠳᠢ ᠶᠢ ᠬᠠᠷᠪᠤᠭᠰᠠᠨ ᠳᠤ ᠲᠠᠯᠠᠪᠴᠢᠨ ᠤ ᠬᠢᠨᠢ ᠨᠢᠭᠡ ᠦᠲᠦ  ᠶᠢ ᠤᠨᠠᠭᠠᠭᠰᠠᠨ ᠳᠤ ᠬᠠᠨ ᠭᠠᠷᠤᠳᠢ ᠠᠶᠤᠬᠤ ᠳᠠᠭᠠᠨ ᠲᠤᠳᠠᠭᠠᠨ ᠶᠠᠪᠤᠵᠤ ᠭᠡᠨ᠎ᠡ᠃ ᠬᠠᠨ ᠭᠠᠷᠣᠳᠢ  ᠶᠢ ᠬᠦᠭᠡᠭᠡᠨ ᠶᠠᠪᠤᠭᠤᠯᠵᠤ ᠪᠡᠭᠡᠵᠢᠩ ᠬᠤᠳᠠ  ᠶᠢᠨ ᠠᠮᠢᠳᠡᠰ ᠠᠶᠤᠨ ᠰᠤᠴᠢᠬᠤ  ᠪᠠᠨ ᠪᠠᠶᠢᠵᠦ ᠭᠦᠮᠦᠰ ᠠᠮᠤᠷ ᠲᠦᠪᠰᠢᠨ ᠪᠣᠯᠵᠠᠢ᠃    ᠶᠠᠪᠠᠭᠠᠨ ᠮᠡᠷᠭᠡᠨ ᠭᠡᠳᠡᠭ ᠬᠦᠮᠦᠨ ᠪᠣᠯ ᠪᠠᠰᠠ ᠶᠡᠭᠡ ᠲᠡᠩᠬᠡᠬᠡ ᠲᠠᠢ ᠬᠦᠮᠦᠨ ᠪᠠᠶᠢᠭᠰᠠᠨ ᠠᠵᠢ᠃ ᠱᠠᠯᠪᠢᠩ ᠤᠨ ᠨᠤᠮᠤ ᠶᠢ ᠲᠡᠭᠦᠨ ᠠᠴᠠ ᠦᠭᠡᠷ᠎ᠡ ᠶᠠᠮᠠᠷ ᠴᠦ ᠬᠦᠮᠦᠨ ᠡᠪᠰᠢᠶᠡᠯᠭᠡᠵᠦ ᠴᠢᠳᠠᠳᠠᠭ ᠦᠭᠡᠢ ᠭᠡᠨ᠎ᠡ᠃ ︵ᠦᠷᠬᠦᠯᠵᠢᠯᠡᠯ ᠪᠣᠢ︶
 
ᠢᠷᠡᠯᠲᠡ᠄ ᠠᠯᠠᠱᠠ ᠪᠦᠬᠡ ᠱᠠᠯᠪᠢᠩ ᠶᠢᠨ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号