ᠪᠦᠬᠡ ᠱᠠᠯᠪᠢᠩ ︵ᠠᠷᠪᠠᠨ ᠨᠢᠬᠡ︶
ᠨᠡᠶᠢᠲᠡᠯᠡᠭᠰᠡᠨ ᠴᠠᠭ᠄
2021/7/19
                     ᠮᠢᠭᠳᠡᠷᠢ ᠬᠦᠦ ᠪᠠᠨ ᠦᠰᠭᠡᠵᠦ ᠭᠤᠯᠤᠮᠳᠠ ᠪᠠᠨ ᠤᠯᠠᠮᠵᠢᠯᠠᠭᠰᠠᠨ       ᠠᠯᠲᠠᠢ ᠶᠢᠨ ᠡᠩᠭᠡᠷ ᠠᠴᠠ ᠰᠠᠷᠮᠤᠳ ᠠᠶᠢᠮᠠᠭ ᠤᠨ ᠬᠦᠮᠦᠰ ᠲᠠᠢ ᠭᠠᠭᠴᠠᠭᠠᠷ ᠭᠠᠷᠴᠦ ᠢᠷᠡᠭᠡᠳ ᠣᠳᠤ ᠪᠤᠯᠤᠭᠰᠠᠨ᠂ ᠬᠡᠦᠭᠡᠳ ᠤᠨ ᠠᠪᠤ ᠨᠢ ᠮᠡᠨᠳᠦ ᠪᠠᠶᠢᠭᠰᠠᠨ ᠪᠤᠯ ᠠᠶᠢᠯ ᠤᠨ ᠡᠭᠦᠳᠡᠨ ᠳᠤ ᠬᠤᠷᠭᠤᠳᠠᠯ ᠦᠭᠡᠢ ᠠᠰᠳᠠᠭᠠᠨ ᠠᠮᠢᠳᠤᠷᠠᠬᠤ ᠪᠠᠶᠢᠯ᠎ᠠ᠃ ᠬᠤᠭᠤᠰᠤᠨ ᠵᠠᠶᠠᠭᠠᠨ ᠤ ᠡᠭᠦᠳᠡ ᠶᠠᠭᠳᠠᠭᠰᠠᠨ ᠡᠳᠦᠷ ᠤᠳ ᠣᠨ ᠵᠢᠯ ᠮᠡᠨᠳᠦ ᠤᠷᠳᠤ ᠪᠠᠶᠢᠭᠰᠠᠨ ᠴᠦ ᠳᠡᠮᠡᠢ ᠯᠠ ᠤᠳᠠᠭᠰᠠᠨ ᠦᠭᠡᠢ ᠰᠢᠭ ᠠᠷᠪᠠᠨ ᠬᠡᠳᠦᠨ ᠵᠢᠯ ᠢ ᠦᠩᠭᠡᠷᠡᠴᠢᠬᠡᠯ᠎ᠡ᠃ ᠣᠳᠣ ᠬᠦᠦ ᠮᠢᠨᠢ ᠤᠳᠠᠯ ᠦᠭᠡᠢ ᠠᠭᠤᠯᠠ ᠰᠢᠭ᠋ ᠪᠦᠳᠦᠭᠦᠨ ᠡᠷ᠎ᠡ ᠪᠤᠰᠴᠦ ᠢᠷᠡᠨ᠎ᠡ ᠳ᠋ᠡ᠃ ᠭᠤᠯᠤᠮᠳᠠ ᠶᠢᠨ ᠡᠵᠡᠨ ᠰᠠᠭᠤᠬᠤ ᠬᠦᠪᠡᠬᠦᠨ ᠢᠶᠠᠨ ᠶᠠᠭᠠᠬᠢᠵᠦ ᠬᠦᠮᠦᠨ ᠪᠤᠯᠭᠠᠶ᠎ᠠ᠂ ᠶᠠᠭᠠᠬᠢᠵᠦ ᠭᠡᠳᠡᠰᠦ ᠴᠠᠳᠬᠤᠯᠠᠩ ᠮᠦᠷᠦ ᠪᠦᠲᠦᠨ ᠶᠠᠪᠤᠭᠤᠯᠤᠶ᠎ᠠ ᠭᠡᠵᠦ ᠪᠤᠳᠤᠳᠠᠭ ᠪᠠᠶᠢᠭᠰᠠᠨ ᠴᠢᠨᠢ ᠣᠳᠣ ᠬᠠᠷᠢᠨ ᠪᠡᠷᠢ ᠪᠠᠭᠤᠯᠭᠠᠬᠤ ᠨᠠᠰᠤᠨ ᠳᠤ ᠤᠶᠢᠷᠠᠳᠤᠯ᠎ᠠ᠃ ᠬᠦᠦ ᠪᠠᠨ ᠠᠶᠢᠯ ᠭᠡᠷ ᠪᠤᠯᠭᠠᠶ᠎ᠠ ᠭᠡᠵᠦ ᠪᠤᠳᠤᠬᠤᠯᠠᠷ ᠠᠶᠢᠯ ᠤᠨ ᠠᠵᠢᠯ ᠬᠢᠵᠦ ᠠᠮᠢ ᠵᠢᠭᠤᠵᠦ ᠪᠠᠶᠢᠭ᠎ᠠ ᠡᠬᠡ ᠦᠷ᠎ᠡ ᠪᠢᠳᠠ ᠬᠤᠶᠠᠷ ᠠᠶᠢᠯ ᠤᠨ ᠡᠭᠦᠳᠡᠨ ᠳᠤ ᠠᠶᠠᠭ᠎ᠠ ᠲᠤᠰᠤᠭ᠎ᠠ ᠦᠭᠡᠢ ᠴᠦ ᠬᠦᠮᠦᠨ ᠤ ᠮᠢᠩᠭᠠᠨ ᠯᠠᠩ ᠤᠨ ᠬᠡᠦᠬᠡᠨ ᠢᠶᠠᠨ ᠬᠡᠨ ᠨᠢ ᠲᠤᠭᠤᠵᠦ ᠦᠭᠬᠦ ᠪᠤᠢ᠃ ᠵᠡᠷᠭᠡᠯᠡᠳᠡᠭᠡ ᠠᠶᠢᠯ ᠤᠨ ᠬᠡᠦᠬᠡᠨ ᠨᠠᠰᠤᠮ᠎ᠠ ᠶᠢ ᠪᠡᠷᠢ ᠭᠤᠶᠤᠪᠠᠯ ᠶᠠᠭᠠᠬᠢᠳᠠᠭ ᠪᠤᠯ᠃ ᠠᠶᠢᠯ ᠠᠶᠢᠮᠠᠭ ᠢᠶᠠᠷ ᠰᠠᠭᠤᠵᠦ ᠪᠠᠶᠢᠵᠦ ᠨᠢᠭᠡᠨᠳᠡ ᠳᠠᠰᠤᠭᠰᠠᠨ ᠪᠦᠭᠡᠳ ᠰᠠᠨᠠᠭ᠎ᠠ ᠰᠡᠳᠬᠢᠯ ᠢᠶᠠᠷ ᠵᠦᠭᠡᠯᠡᠨ᠂ ᠡᠶᠡᠯᠳᠡᠭ ᠵᠠᠩ ᠠᠭᠠᠯᠢ ᠪᠠᠷ ᠰᠠᠶᠢᠬᠠᠨ ᠬᠡᠦᠬᠡᠨ ᠪᠠᠶᠢᠵᠦ ᠦᠯᠡᠳᠡᠭᠰᠡᠨ ᠲᠤᠰᠤᠭᠰᠠᠨ ᠢᠶᠠᠨ ᠬᠠᠷᠠᠮ ᠦᠭᠡᠢ ᠢᠯᠡᠬᠦᠴᠢᠯᠡᠵᠦ ᠪᠠᠶᠢᠳᠠᠭ ᠨᠢ ᠮᠠᠨ ᠤ ᠱᠠᠯᠪᠢᠩ ᠳᠤ ᠰᠡᠳᠬᠢᠯ ᠲᠠᠢ ᠪᠤᠯᠤᠭᠰᠠᠨ ᠪᠠᠶᠢᠵᠦ ᠴᠦ ᠮᠡᠳᠡᠬᠦ ᠶᠤᠮ᠃ ᠭᠡᠪᠡᠴᠦ ᠮᠠᠨ ᠨᠠ ᠬᠢ ᠯᠠ ᠲᠡᠨᠡᠭ ᠲᠠᠲᠠᠭᠠᠳ ᠪᠠᠶᠢᠨ᠎ᠠ ᠤᠤ ᠭᠡᠯᠳᠡᠢ ᠰᠡᠪ ᠮᠡᠳᠡᠭᠳᠡᠬᠦ ᠦᠭᠡᠢ ᠯᠠ ᠪᠠᠶᠢᠨ᠎ᠠ᠃ ᠴᠠᠭᠠᠨ᠎ᠠ ᠬᠡᠦᠬᠡᠨ ᠤᠯᠤᠭᠰᠠᠨ ᠴᠦ ᠶᠤᠮ ᠤᠤ᠂ ᠬᠠᠨᠢ ᠪᠤᠯᠬᠤ ᠬᠦᠮᠦᠨ ᠢ ᠪᠠᠶᠠᠨ ᠶᠠᠳᠠᠭᠤ ᠪᠠᠷ ᠢᠯᠭᠠᠬᠤ ᠪᠢᠰᠢ ᠴᠦ ᠳ᠋ᠡ᠃      ᠭᠡᠳᠡᠯ᠎ᠠ ᠠᠶᠢᠯ ᠤᠨ ᠬᠡᠦᠬᠡᠨ ᠨᠠᠰᠤᠮ᠎ᠠ ᠳᠤᠳᠤᠷ᠎ᠠ ᠪᠠᠨ ᠬᠡᠳᠦᠶᠢᠨᠡᠢ ᠱᠠᠯᠪᠢᠩ ᠳᠤ ᠰᠡᠳᠬᠢᠯ ᠲᠠᠢ ᠪᠤᠯᠤᠭᠰᠠᠨ ᠪᠠᠶᠢᠵᠠᠢ᠃ ᠠᠷᠪᠠᠨ ᠨᠠᠢᠮᠠ ᠬᠦᠷᠴᠦ ᠶᠠᠪᠤᠭ᠎ᠠ ᠱᠠᠯᠪᠢᠩ ᠬᠦᠮᠦᠨ ᠤ ᠰᠡᠳᠬᠢᠯ ᠢ ᠤᠶᠢᠯᠠᠭᠠᠮᠠᠷ ᠶᠤᠮ ᠳ᠋ᠠ᠃ ᠬᠡᠦᠬᠡᠨ ᠦᠵᠡᠭᠡᠳ ᠡᠷᠬᠢᠵᠦ ᠬᠠᠷᠠᠬᠤ ᠪᠤᠯᠤᠭᠰᠠᠨ ᠪᠠᠶᠢᠳᠠᠯ᠎ᠠ ᠡᠨᠡ ᠬᠦᠦ ᠶᠠᠭᠠᠬᠢᠬᠤ ᠳᠠᠭᠠᠨ ᠨᠠᠮᠠᠶᠢ ᠤᠶᠢᠰᠢᠶᠠᠳᠠᠭ ᠦᠭᠡᠢ ᠪᠤᠢ︖ ᠪᠢ ᠡᠷ᠎ᠡ ᠪᠠᠶᠢᠭᠠᠳ ᠱᠠᠯᠪᠢᠩ ᠬᠡᠦᠬᠡᠨ ᠪᠠᠶᠢᠭᠰᠠᠨ ᠪᠤᠯ ᠡᠬᠡᠨᠡᠷ ᠢᠶᠠᠨ ᠪᠤᠯᠭᠠᠨ᠎ᠠ ᠭᠡᠪᠡᠯ ᠪᠤᠯᠭᠠᠳᠠᠭ ᠯᠠ ᠬᠡᠷᠡᠭ ᠰᠢᠳᠡ᠃ ᠭᠡᠳᠡᠯ᠎ᠡ ᠡᠴᠢᠬᠡ ᠡᠬᠡ ᠶᠢᠨ ᠰᠠᠨᠠᠭ᠎ᠠ ᠳᠠᠭᠠᠬᠤ ᠬᠤᠪᠢ ᠲᠠᠢ ᠲᠦᠷᠦᠭᠰᠡᠨ ᠪᠢ ᠱᠠᠯᠪᠢᠩ ᠳᠤ ᠪᠡᠶ᠎ᠡ  ᠪᠠᠨ ᠲᠤᠰᠢᠶᠠᠬᠤ ᠮᠡᠳᠡᠯ ᠦᠭᠡᠢ ᠶᠢ ᠶᠠᠭᠠᠬᠢᠶ᠎ᠠ ᠭᠡᠬᠦ ᠪᠤᠢ᠃ ᠡᠷ᠎ᠡ ᠬᠦᠮᠦᠨ ᠤ ᠵᠢᠷᠦᠬᠡ ᠶᠢ ᠰᠢᠵᠢᠮᠳᠠᠵᠦ ᠴᠢᠳᠠᠪᠠᠯ ᠬᠠᠲᠠᠭᠤᠷᠠᠭᠠᠳ ᠬᠠᠮᠢᠭ᠎ᠠ ᠬᠦᠷᠬᠦ ᠪᠤᠢ᠂ ᠮᠢᠨᠦ ᠠᠶ᠎ᠠ ᠶᠢ ᠳᠠᠭᠠᠬᠤ ᠯᠠ ᠬᠡᠷᠡᠭ᠃ ᠱᠠᠯᠪᠢᠩ ᠳᠤ ᠪᠤᠳᠤᠭᠰᠠᠨ ᠰᠠᠨᠠᠭᠰᠠᠨ ᠢᠶᠠᠨ ᠰᠢᠭᠤᠳ ᠬᠡᠯᠡᠵᠦ ᠰᠤᠨᠤᠰᠬᠠᠪᠠᠯ ᠶᠠᠭᠤ ᠭᠡᠬᠦ ᠪᠤᠯ᠂ ᠪᠡᠶ᠎ᠡ ᠰᠡᠳᠬᠢᠯ ᠳᠤ ᠮᠢᠨᠢ ᠰᠦᠬᠦᠷᠡᠬᠦ ᠦᠭᠡᠢ ᠴᠦ ᠭᠡᠰᠡᠨ ᠡᠯᠪᠡᠭ ᠪᠠᠶᠠᠨ ᠬᠦᠷᠦᠩᠭᠡ ᠳᠤ ᠳᠤᠯᠤᠭᠠᠢ ᠳᠤᠬᠢᠬᠤ ᠦᠭᠡᠢ ᠪᠠᠶᠢᠵᠦ ᠴᠢᠳᠠᠨ᠎ᠠ ᠤᠤ᠂ ᠪᠤᠯᠬᠤ ᠦᠭᠡᠢ᠂ ᠪᠠᠶᠠᠨ ᠠᠶᠢᠯ ᠤᠨ ᠠᠪᠠᠭᠠᠢ ᠡᠷ᠎ᠡ ᠬᠠᠶᠢᠭᠠᠳ ᠳᠡᠷᠪᠡᠯ᠎ᠡ ᠭᠡᠵᠦ ᠠᠮᠠ ᠲᠠᠢ ᠪᠦᠬᠦᠨ ᠬᠡᠯᠡᠯᠴᠡᠬᠦ ᠴᠦ ᠭᠠᠶᠢᠭᠤᠢ᠂ ᠠᠪᠤ ᠰᠤᠨᠤᠰᠪᠠᠯ ᠬᠡᠷᠡᠭ ᠪᠤᠷᠤᠭᠤ ᠪᠠᠷ ᠡᠷᠭᠢᠵᠦ ᠨᠢᠭᠡᠮᠦᠰᠦᠨ ᠴᠦᠯᠡᠵᠦ ᠤᠷᠬᠢᠬᠤ ᠪᠤᠯᠵᠤᠰᠢ ᠦᠭᠡᠢ᠃      ᠪᠠᠶᠠᠨ ᠨᠠᠮᠠᠬᠠᠢ ᠶᠢᠨ ᠬᠡᠦᠬᠡᠨ ᠨᠠᠰᠤᠮ᠎ᠠ ᠨᠠᠨᠵᠠᠭ ᠪᠤᠯᠤᠭᠠᠳ ᠨᠠᠭᠠᠯᠢᠩᠬᠠᠢ᠂ ᠨᠠᠯᠠᠭᠠᠷ ᠤᠷᠳᠤ ᠭᠡᠵᠢᠭᠡ ᠨᠢ ᠨᠠᠳᠠ ᠳᠠᠭᠠᠨ ᠴᠠᠯᠮ᠎ᠠ ᠶᠤᠮ ᠡ ᠭᠡᠳ ᠵᠢᠷᠦᠬᠡ ᠯᠤᠭᠰᠢᠨ ᠪᠠᠶᠢᠬᠤ ᠶᠢ ᠶᠠᠭᠠᠬᠢᠶ᠎ᠠ ᠳ᠋ᠠ᠃      ᠬᠠᠭᠤᠴᠢᠨ ᠵᠢᠯ ᠢᠶᠠᠨ ᠦᠳᠡᠵᠦ᠂ ᠰᠢᠨ᠎ᠡ ᠵᠢᠯ ᠢᠶᠠᠨ ᠤᠭᠲᠤᠬᠤ ᠪᠤᠯᠤᠯ᠎ᠠ᠃      ᠪᠠᠶᠠᠨ ᠨᠠᠮᠠᠬᠠᠢ ᠶᠢᠨ ᠳᠤᠮᠤ ᠦᠷᠭᠦᠭᠡᠨ ᠤ ᠭᠠᠳᠠᠨ᠎ᠠ ᠬᠦᠷᠴᠦ ᠤᠴᠢᠭᠰᠠᠨ ᠨᠡᠬᠡᠢ ᠳᠡᠪᠡᠯ ᠲᠠᠢ ᠠᠳᠤᠭᠤᠴᠢᠨ ᠡᠷ᠎ᠡ᠂ ᠨᠠᠰᠤᠮ᠎ᠠ ᠬᠡᠦᠬᠡᠨ ᠯᠤᠳᠤᠪ ᠡᠭᠡᠴᠢ ᠳᠡᠬᠦᠦ ᠬᠤᠶᠠᠷ ᠲᠤ ᠤᠭᠳᠤᠭᠳᠠᠵᠠᠢ᠃ ᠬᠦᠮᠦᠰᠭᠡ ᠪᠠᠨ ᠪᠤᠳᠤᠭᠰᠠᠨ ᠤᠯᠠᠭᠠᠨ ᠬᠠᠴᠠᠷ ᠲᠠᠢ ᠨᠠᠰᠤᠮ᠎ᠠ ᠬᠡᠦᠬᠡᠨ ᠴᠢᠷᠠᠢ ᠳᠡᠭᠡᠷ᠎ᠡ ᠪᠠᠨ ᠢᠨᠢᠶᠡᠳᠦ ᠳᠤᠳᠤᠷᠠᠭᠤᠯᠵᠦ᠂ ᠰᠢᠨᠡᠭᠡᠨ ᠬᠤᠪᠴᠠᠰᠦ ᠡᠮᠦᠰᠦᠭᠡᠳ᠂ ᠤᠷᠳᠤ ᠬᠠᠷ᠎ᠠ ᠭᠡᠵᠢᠬᠡ ᠪᠠᠨ ᠤᠯᠠᠭᠠᠨ ᠲᠤᠷᠭᠠᠨ ᠤᠲᠠᠰᠦ ᠪᠠᠷ ᠦᠵᠦᠭᠦᠷ ᠢ ᠨᠢ ᠲᠦᠭᠡ ᠤᠷᠢᠶᠠᠵᠦ᠂ ᠶᠠᠭᠠᠨ ᠥᠩᠭᠡ ᠵᠢᠨ‌‍ᠲ᠋ᠤᠷᠳᠤᠩ ᠠᠯᠴᠢᠭᠤᠷ ᠢᠶᠠᠷ ᠳᠠᠷᠤᠭᠤᠯᠤᠭᠠᠳ᠂ ᠴᠡᠩᠬᠡᠷ ᠲᠤᠷᠠᠭᠠᠨ ᠬᠠᠳᠠᠭ ᠢᠶᠠᠨ ᠬᠤᠶᠠᠷ ᠭᠠᠷᠳᠠᠵᠦ ᠡᠪᠦᠳᠦᠭ ᠳᠠᠷᠤᠨ ᠮᠡᠨᠳᠦᠯᠡᠬᠦ ᠨᠢ ᠰᠠᠯᠬᠢᠨ ᠤ ᠠᠶ᠎ᠠ ᠪᠠᠷ ᠭᠠᠩᠬᠤᠨ ᠪᠠᠶᠢᠭ᠎ᠠ ᠳᠠᠪᠤᠨ ᠥᠩᠭᠡ ᠶᠢᠨ ᠴᠡᠴᠡᠭ ᠮᠡᠲᠦ ᠬᠠᠷᠠᠭᠳᠠᠵᠤ ᠪᠠᠶᠢᠨ᠎ᠠ᠃     ᠰᠢᠨ᠎ᠡ ᠶᠢᠨ ᠠᠮᠤᠷ ᠠᠶᠢᠯᠠᠳᠬᠠᠵᠦ ᠪᠠᠶᠢᠭ᠎ᠠ ᠱᠠᠯᠪᠢᠩ᠂ ᠰᠠᠭᠤᠳᠠᠯ ᠳᠠᠷᠠᠭᠠᠯᠠᠨ ᠬᠦᠬᠦᠦᠷ ᠰᠤᠯᠢᠯᠴᠠᠵᠦ ᠰᠢᠨ᠎ᠡ ᠶᠢᠨ ᠮᠡᠨᠳᠦᠴᠢᠯᠡᠯ ᠬᠢᠪᠡ᠃     — ᠰᠢᠨ᠎ᠡ ᠵᠢᠯ ᠤᠨ ᠰᠢᠨᠵᠢ ᠪᠡᠯᠭᠡ ᠰᠠᠶᠢᠬᠠᠨ ᠤᠤ︖ ᠭᠡᠵᠦ ᠭᠡᠷ ᠤᠨ ᠡᠵᠡᠨ ᠨᠠᠮᠠᠬᠠᠢ ᠢᠨᠢᠶᠡᠮᠰᠦᠭᠯᠡᠨ ᠪᠠᠶᠢᠪᠠ᠃     — ᠮᠠᠨᠳᠤᠵᠦ ᠭᠠᠷᠬᠤ ᠨᠠᠷᠠᠨ ᠢ ᠲᠤᠪᠴᠢ ᠳᠡᠳᠦᠢ ᠡᠭᠦᠯᠡ ᠴᠦ ᠬᠠᠯᠬᠠᠯᠠᠭᠰᠠᠨ ᠦᠭᠡᠢ᠂ ᠮᠠᠯᠠᠭᠠᠢ ᠶᠢᠨ ᠪᠦᠴᠡ ᠬᠡᠶᠢᠰᠬᠦ ᠪᠠᠷ ᠵᠢᠪᠠᠷ ᠴᠦ ᠦᠭᠡᠢ ᠲᠤᠭᠳᠠᠭᠤᠨ ᠰᠠᠶᠢᠬᠠᠨ ᠪᠠᠶᠢᠨ᠎ᠠ ᠭᠡᠳ ᠱᠠᠯᠪᠢᠩ ᠬᠡᠯᠡᠭᠡᠳ ᠠᠳᠤᠭᠤᠨ  ᠳᠠᠭᠠᠨ ᠮᠤᠷᠳᠠᠪᠠ᠃     ᠪᠠᠶᠠᠨ ᠨᠠᠮᠠᠬᠠᠢ ᠦᠷᠦᠭᠡ ᠭᠡᠷ ᠲᠡᠭᠡᠨ ᠪᠠᠶᠢᠵᠦ ᠪᠠᠶᠢᠳᠠᠯ᠎ᠠ ᠨᠢᠭᠡᠨ ᠡᠳᠦᠷ ᠬᠠᠭᠤᠴᠢᠨ ᠲᠠᠨᠢᠯ ᠡᠪᠦᠬᠡᠨ ᠨᠠᠷᠠᠯᠠᠢ ᠵᠠᠯᠠᠷᠠᠨ ᠢᠷᠡᠵᠦ᠂ ᠬᠤᠶᠠᠷ ᠲᠠᠨᠢᠯ ᠬᠦᠬᠦᠦᠷ ᠨᠡᠷᠡᠵᠦ ᠮᠠᠨᠳᠤᠯᠠᠯᠴᠠᠭᠡᠳ᠂ ᠪᠦᠯᠬᠦᠶᠢᠬᠦ ᠨᠠᠪᠲᠠᠯᠵᠠᠬᠤ ᠪᠠᠷ ᠢᠶᠠᠨ ᠨᠠᠪᠲᠠᠯᠵᠠᠪᠠ᠃ ᠪᠤᠭᠤᠷᠰᠤᠭ ᠦᠷᠦᠮ᠎ᠡ ᠱᠦᠭᠦᠷᠮᠡᠭ ᠲᠠᠪᠠᠭᠯᠠᠨ ᠳᠠᠯᠪᠢᠵᠦ ᠴᠠᠢ ᠵᠠᠰᠠᠨ ᠵᠤᠴᠢᠯᠠᠪᠠ᠃     ᠲᠠᠨᠢᠯ ᠬᠤᠶᠠᠷ ᠤᠳᠠᠭᠠᠨ ᠰᠠᠷ᠎ᠠ ᠡᠳᠦᠷ ᠠᠭᠤᠯᠵᠠᠭ᠎ᠠ ᠦᠭᠡᠢ ᠲᠤᠯᠠ᠂ ᠮᠠᠨᠳᠤ ᠶᠠᠪᠤᠭᠠᠳ ᠠᠭᠤᠯᠵᠠᠬᠤ ᠶᠢᠨ ᠪᠠᠶᠠᠷ ᠲᠤ ᠡᠨᠡ ᠲᠡᠷᠡ ᠶᠢ ᠬᠡᠯᠡᠯᠴᠡᠨ ᠪᠠᠶᠢᠵᠦ ᠰᠠᠯᠵᠦ ᠶᠠᠪᠤᠭᠠᠳ ᠰᠠᠨᠠᠭᠰᠠᠨ ᠤ ᠵᠤᠪᠠᠯᠠᠩ ᠢᠶᠠᠨ ᠲᠤᠭᠠᠴᠢᠨ ᠠᠯᠳᠠᠢ ᠭᠠᠵᠠᠷ᠂ ᠠᠯᠠᠱᠠ ᠨᠤᠲᠤᠭ ᠭᠡᠳ ᠦᠭᠡ ᠠᠶᠠᠯᠭᠤ ᠨᠡᠶᠢᠯᠡᠵᠦ ᠤᠴᠢᠭᠰᠠᠨ ᠪᠢᠰᠢ ᠰᠠᠯᠵᠦ ᠰᠠᠷᠨᠢᠭᠰᠠᠨ ᠤ ᠵᠤᠪᠠᠯᠠᠩ᠂ ᠰᠠᠨᠠᠵᠦ ᠮᠦᠷᠦᠭᠡᠳᠦᠭᠰᠡᠨ ᠰᠡᠳᠬᠢᠯ ᠢᠶᠠᠨ ᠤᠮᠳᠠ ᠴᠠᠢ ᠪᠠᠷᠢᠬᠤ ᠶᠢᠨ ᠴᠢᠯᠦᠭᠡᠨ ᠳᠤ ᠬᠦᠬᠡᠷᠴᠦ ᠭᠠᠷᠤᠭᠰᠠᠨ ᠢ ᠶᠠᠭᠤᠨ ᠦᠬᠦᠯᠡᠬᠦ ᠪᠤᠢ᠃     ᠨᠢᠭᠡ ᠡᠳᠦᠷ ᠨᠢᠭᠡᠨ ᠲᠠᠶᠠᠭ ᠲᠤᠯᠤᠭᠰᠠᠨ ᠲᠤᠷᠠᠩᠬᠠᠢ ᠦᠨᠳᠦᠷ ᠪᠡᠶ᠎ᠡ ᠲᠠᠢ ᠡᠪᠦᠭᠡᠨ ᠮᠤᠷᠢᠨ ᠤ ᠵᠡᠯ᠎ᠡ ᠳᠤ ᠤᠶᠢᠷᠠᠲᠤᠵᠦ ᠢᠷᠡᠯ᠎ᠡ᠃     ᠲᠠ ᠠᠮᠤᠷᠬᠤᠨ︖ ᠱᠠᠯᠪᠢᠩ ᠤᠨ ᠠᠰᠠᠭᠤᠭᠰᠠᠨ ᠮᠡᠨᠳᠦ ᠶᠢᠨ ᠬᠠᠷᠢᠭᠤ ᠳᠤ ᠳᠤᠤᠭᠠᠷᠤᠯ ᠦᠭᠡᠢ ᠮᠤᠷᠢ ᠶᠢ ᠬᠠᠷᠠᠵᠦ ᠵᠤᠭᠰᠤᠭᠰᠠᠭᠠᠷ ᠪᠠᠶᠢᠯ᠎ᠠ᠃ ᠴᠢᠬᠢ ᠨᠢ ᠬᠠᠲᠠᠭᠤ ᠶᠤᠮ ᠤᠤ ᠭᠡᠳ ᠳᠠᠬᠢᠨ ᠳᠠᠭᠤ ᠪᠠᠨ ᠴᠢᠩᠭᠠᠷᠠᠭᠤᠯᠵᠦ ᠮᠡᠨᠳᠦ ᠠᠰᠠᠭᠤᠬᠤ ᠳᠤ ᠡᠪᠦᠭᠡᠨ ᠰᠤᠴᠢᠭᠰᠠᠨ ᠪᠤᠯᠤᠯᠲᠠᠢ ᠲᠠᠶᠠᠭ ᠢᠶᠠᠨ ᠪᠠᠷᠠᠭᠤᠨ ᠭᠠᠷ ᠠᠴᠠ ᠪᠠᠨ ᠰᠢᠯᠵᠢᠬᠦᠯᠦᠨ ᠵᠡᠬᠦᠨ ᠭᠠᠷ ᠲᠠᠭᠠᠨ ᠪᠠᠷᠢᠵᠦ ᠠᠯᠠᠭ᠎ᠠ ᠳᠡᠯᠭᠡᠨ᠂     — ᠰᠠᠶᠢᠨ᠂ ᠲᠠ ᠠᠮᠤᠷᠬᠠᠨ ᠰᠠᠶᠢᠨ ᠤᠤ︖ ᠭᠡᠳ ᠡᠪᠦᠭᠡᠨ ᠲᠠᠶᠠᠭ ᠢᠶᠠᠨ ᠲᠤᠯᠵᠦ ᠨᠡᠯᠢᠶᠡᠳ ᠤᠳᠠᠭᠠᠨ ᠰᠢᠷᠲᠡᠭᠰᠡᠨ ᠢᠶᠠᠨ᠂     — ᠨᠡᠷ᠎ᠡ ᠴᠢᠨᠢ ᠬᠡᠨ ᠭᠡᠳᠡᠭ ᠪᠤᠢ︖ ᠭᠡᠯ᠎ᠡ     — ᠮᠢᠨᠦ ᠨᠡᠷ᠎ᠡ ᠱᠠᠯᠪᠢᠩ ᠭᠡᠳᠡᠭ᠃     — ᠰᠤᠨᠤᠰᠤᠭ᠎ᠠ ᠦᠭᠡᠢ ᠯᠡ ᠨᠡᠷ᠎ᠡ ᠪᠠᠶᠢᠨ᠎ᠠ᠂ ᠶᠠᠮᠠᠷ ᠤᠪᠤᠭ ᠲᠠᠢ ᠪᠤᠢ︖ ᠭᠡᠳ ᠱᠠᠯᠠᠵᠦ ᠪᠠᠶᠢᠬᠤ ᠶᠢ  ᠨᠢ ᠦᠵᠡᠪᠡᠯ ᠰᠤᠨᠤᠷ ᠰᠡᠷᠭᠡᠭ ᠪᠠᠶᠢᠬᠤ ᠠᠵᠡᠢ᠃     — ᠪᠢ ᠰᠠᠷᠮᠤᠳ ᠤᠪᠤᠭᠳᠠᠢ᠃     — ᠡᠵᠢ ᠴᠢᠨᠢ ᠮᠢᠭᠳᠡᠷᠢ ᠮᠦᠨ ᠤᠤ︖     — ᠲᠡᠶᠢᠮᠦ ᠡ ᠭᠡᠵᠦ ᠱᠠᠯᠪᠢᠩ ᠪᠡᠶ᠎ᠡ ᠪᠠᠨ ᠲᠠᠨᠢᠭᠤᠯᠤᠭᠠᠳ᠂ ᠤᠳᠤᠮ ᠢᠶᠠᠨ ᠳᠠᠭᠠᠭᠰᠠᠨ ᠢ ᠮᠡᠳᠡᠷᠡᠭᠰᠡᠨ ᠪᠤᠯᠪᠠᠴᠦ ᠡᠪᠦᠭᠡᠨ ᠢ ᠨᠡᠷᠡᠯᠡᠵᠦ ᠴᠢᠳᠠᠭ᠎ᠠ ᠦᠭᠡᠢ᠃ ᠠᠪᠤ ᠶᠢᠨ ᠪᠠᠶᠢᠬᠤ ᠳᠤ ᠬᠦᠮᠦᠨ ᠲᠠᠨᠢᠨ᠎ᠠ᠂ ᠠᠭᠲᠠ ᠶᠢᠨ ᠪᠠᠶᠢᠬᠤ ᠳᠤ ᠭᠠᠵᠠᠷ ᠲᠠᠨᠢᠨ᠎ᠡ ᠭᠡᠳᠡᠭ ᠢᠶᠠᠷ ᠠᠪᠤ ᠪᠠᠨ ᠠᠯᠳᠠᠭᠰᠠᠨ ᠠᠷᠪᠠᠨ ᠬᠡᠳᠦ ᠲᠠᠢ ᠱᠠᠯᠪᠢᠩ ᠳᠤ ᠲᠠᠨᠢᠬᠤ ᠦᠭᠡᠢ ᠬᠦᠮᠦᠨ ᠠᠷᠪᠢᠨ ᠪᠠᠶᠢᠵᠡᠢ᠃ ᠨᠢᠭᠤᠷ ᠤᠴᠠᠷᠠᠭᠰᠠᠨ ᠢᠶᠠᠷ ᠲᠠᠨᠢᠵᠦ ᠲᠠᠨᠢᠯᠴᠠᠬᠤ ᠶᠢ ᠬᠦᠰᠡᠬᠦ ᠪᠤᠯᠪᠠᠴᠦ ᠪᠤᠭᠤᠷᠤᠯ ᠤᠨ ᠠᠯᠳᠠᠷ ᠢ ᠠᠪᠤᠨ ᠠᠰᠠᠭᠤᠬᠤ ᠠᠴᠠ ᠪᠠᠨ ᠠᠷᠠᠢ ᠵᠢᠷᠦᠭᠡᠰᠢᠭᠡᠪᠡ᠃     — ᠵᠡᠬᠦᠨ ᠵᠠᠬ᠎ᠠ ᠶᠢᠨ ᠭᠡᠷ ᠲᠤ ᠣᠴᠢ᠂ ᠬᠤᠶᠠᠭᠤᠯᠠ ᠠᠭᠠᠵᠢᠮ ᠢᠶᠠᠷ ᠶᠠᠷᠢᠯᠴᠠᠶ᠎ᠠ ᠭᠡᠳ ᠱᠠᠯᠪᠢᠩ ᠤᠨ ᠲᠠᠭᠠᠰᠢᠶᠠᠬᠤ ᠡᠰᠡᠬᠦ ᠶᠢ ᠬᠠᠶᠢᠬᠤᠷᠤᠯ ᠦᠭᠡᠢ ᠦᠪᠡᠷ ᠢᠶᠠᠨ ᠲᠦᠷᠦᠭᠦᠯᠡᠨ ᠲᠠᠶᠠᠭᠳᠠᠵᠤ ᠤᠳᠯ᠎ᠠ᠃     ᠱᠠᠯᠪᠢᠩ ᠲᠦᠷᠦᠯ ᠭᠡᠵᠦ ᠡᠨᠡ ᠡᠪᠦᠭᠡᠨ ᠢ ᠲᠠᠨᠢᠭᠰᠠᠨ ᠦᠭᠡᠢ ᠴᠦ ᠮᠠᠨ ᠤ ᠰᠠᠷᠮᠤᠳ ᠤᠨ ᠶᠡᠬᠡᠰ ᠪᠤᠯᠬᠤ ᠪᠤᠭᠤᠷᠤᠯ ᠭᠡᠵᠦ ᠪᠤᠳᠤᠭᠠᠳ ᠰᠡᠳᠬᠢᠯ ᠳᠤ ᠳᠤᠯᠠᠭᠠᠬᠠᠨ ᠰᠠᠨᠠᠭᠳᠠᠭᠰᠠᠨ ᠪᠢᠯᠡ᠃     ᠵᠡᠬᠦᠨ ᠵᠠᠬ᠎ᠠ ᠶᠢᠨ ᠭᠡᠷ ᠨᠢ ᠨᠢᠭᠡᠨ ᠴᠡᠭᠡᠵᠢᠨ ᠭᠡᠷ ᠪᠠᠶᠢᠵᠦ ᠪᠢᠯᠡ᠂ ᠡᠪᠦᠭᠡᠨ ᠭᠡᠷ ᠲᠤ ᠤᠷᠤᠭᠠᠳ ᠰᠠᠭᠤᠬᠤ ᠶᠢᠨ ᠲᠠᠰᠢᠷᠠᠮ ᠳᠤ᠂ ᠵᠠ ᠣᠳᠣ ᠪᠢᠳᠠ ᠲᠠᠨᠢᠯᠴᠠᠶ᠎ᠠ︕ ᠭᠡᠯ᠎ᠡ᠃     — ᠴᠢ ᠪᠤᠯ ᠨᠠᠳᠠ ᠳᠠᠭᠠᠨ ᠵᠢᠴᠢ ᠪᠤᠯᠬᠤ ᠬᠡᠦᠬᠡᠰ ᠪᠠᠶᠢᠨ᠎ᠠ᠂ ᠪᠢ ᠴᠦ ᠪᠠᠰᠠ ᠰᠠᠷᠮᠤᠳ ᠤᠪᠤᠭ ᠲᠠᠢ᠂ ᠠᠷᠢᠯᠤᠭᠰᠠᠨ ᠡᠴᠢᠭᠡ ᠶᠢᠨ ᠢᠶᠠᠨ ᠳᠦᠷᠢ ᠳᠦᠷᠬᠦ ᠶᠢ ᠠᠯᠢ ᠴᠦ ᠲᠠᠯ᠎ᠠ ᠪᠠᠷ ᠠᠪᠴᠦ ᠲᠦᠷᠦᠵᠡᠢ᠃ ᠨᠡᠩ ᠴᠦ ᠴᠢᠨᠦ ᠲᠡᠷᠡ ᠬᠠᠮᠠᠷ ᠭᠡᠵᠡᠢ ᠡ᠂ ᠶᠠᠭᠤ ᠶᠢ ᠨᠢ ᠬᠡᠯᠡᠬᠦ ᠪᠤᠢ᠃ ᠠᠪᠤ ᠡᠵᠢ ᠴᠢᠨᠢ ᠬᠤᠷᠢᠮᠯᠠᠭᠰᠠᠨ ᠲᠡᠷᠡ ᠵᠢᠯ ᠢᠶᠠᠨ ᠮᠠᠨ ᠤ ᠳᠤ ᠢᠷᠡᠵᠦ ᠭᠠᠯ ᠭᠤᠯᠤᠮᠳᠠ ᠳᠤ ᠮᠦᠷᠭᠦᠭᠡᠳ ᠶᠠᠪᠤᠭᠰᠠᠨ ᠠᠴᠠ ᠬᠤᠶᠢᠰᠢ ᠳᠠᠪᠬᠢᠵᠦ ᠮᠢᠨᠦ ᠡᠭᠦᠳᠡ ᠶᠢ ᠳᠠᠳᠠᠭᠠᠳᠤᠢ ᠴᠦ ᠴᠢᠮᠠᠶᠢ ᠶᠢ ᠦᠵᠡᠮᠡᠭᠴᠡ ᠪᠠᠷᠤᠭᠯᠠᠯ᠎ᠠ᠃ ᠠᠪᠤ ᠴᠢᠨᠢ ᠲᠡᠷᠡ ᠵᠠᠪ ᠵᠠᠯᠠᠭᠤ ᠪᠠᠷ ᠢᠶᠠᠨ ᠨᠠᠰᠤ ᠨᠦᠭᠴᠢᠭᠰᠡᠨ ᠪᠤᠯᠪᠠᠴᠦ ᠤᠷᠤ ᠳᠠᠷᠤᠵᠦ ᠭᠤᠯᠤᠮᠳᠠ ᠵᠠᠯᠭᠠᠬᠤ ᠬᠦᠪᠡᠭᠦᠨ ᠢᠶᠠᠨ ᠦᠯᠡᠳᠡᠭᠡᠭᠡᠳ ᠶᠠᠪᠤᠵᠦ ᠰᠢᠦ ᠳ᠋ᠠ ᠬᠦᠬᠡᠷᠦᠬᠦᠢ ᠳ᠋ᠡ ᠭᠡᠳ ᠦᠭᠡ ᠪᠠᠨ ᠲᠠᠰᠤᠯᠪᠠ᠃     ᠱᠠᠯᠪᠢᠩ ᠠᠪᠤ ᠪᠠᠨ ᠮᠡᠳᠡᠵᠦ ᠠᠪᠤᠭᠠᠳ ᠮᠤᠷᠢ ᠪᠠᠨ ᠤᠨᠤᠭᠠᠳ ᠠᠳᠤᠭᠤᠨ ᠳᠠᠭᠠᠨ ᠶᠠᠪᠤᠪᠠ᠃ ᠲᠡᠷᠡ ᠳᠤᠳᠤᠷ᠎ᠠ ᠪᠠᠨ᠂ ᠪᠢ ᠡᠨᠡ ᠡᠳᠦᠷ ᠨᠠᠮᠠᠬᠠᠢ ᠶᠢᠨ ᠠᠳᠤᠭᠤ ᠬᠠᠷᠢᠭᠤᠯᠵᠦ ᠪᠠᠶᠢᠭᠰᠠᠨ ᠳᠤ ᠰᠠᠨᠠᠭᠠᠨ ᠳᠤ ᠦᠭᠡᠢ ᠪᠠᠶᠢᠳᠠᠯ᠎ᠠ ᠨᠢᠭᠡ ᠲᠠᠨᠢᠬᠤ ᠦᠭᠡᠢ ᠪᠤᠭᠤᠷᠤᠯ ᠡᠪᠦᠭᠡᠨ ᠲᠠᠢ ᠤᠴᠠᠷᠠᠭᠰᠠᠨ ᠳᠤ ᠬᠠᠷᠢᠨ ᠤᠷᠢᠳᠠ ᠶᠢᠨ ᠢᠷᠦᠭᠡᠯ ᠬᠤᠪᠢ ᠵᠠᠶᠠᠭ᠎ᠠ ᠪᠠᠷ ᠤᠴᠠᠷᠠᠭᠰᠠᠨ ᠲᠡᠷᠡ ᠪᠤᠭᠤᠷᠤᠯ ᠮᠢᠨᠦ ᠳᠡᠭᠡᠳᠦᠰ ᠡᠪᠦᠭᠡ ᠪᠠᠶᠢᠵᠡᠢ ᠭᠡᠮᠡᠨ ᠪᠠᠶᠠᠷᠯᠠᠨ᠂ ᠠᠳᠤᠭᠤᠨ ᠤ  ᠪᠠᠨ ᠳᠡᠷᠭᠡᠳᠡ ᠤᠶᠠᠷᠠᠭᠰᠠᠨ ᠰᠡᠳᠬᠢᠯ ᠢᠶᠠᠷ ᠠᠴᠢᠲᠦ ᠠᠪᠤ ᠪᠠᠨ ᠮᠦᠷᠦᠭᠡᠳᠦᠨ ᠶᠠᠪᠤᠵᠡᠢ᠃
 
ᠢᠷᠡᠯᠲᠡ᠄ ᠠᠯᠠᠱᠠ ᠪᠦᠬᠡ ᠱᠠᠯᠪᠢᠩ ᠤᠨ ᠨᠠᠮᠳᠠᠷ ᠳᠣᠮᠤᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号