ᠮᠢᠭᠳᠡᠷᠢ ᠬᠦᠦ ᠪᠠᠨ ᠦᠰᠭᠡᠵᠦ ᠭᠤᠯᠤᠮᠳᠠ ᠪᠠᠨ ᠤᠯᠠᠮᠵᠢᠯᠠᠭᠰᠠᠨ | | ᠠᠯᠲᠠᠢ ᠶᠢᠨ ᠡᠩᠭᠡᠷ ᠠᠴᠠ ᠰᠠᠷᠮᠤᠳ ᠠᠶᠢᠮᠠᠭ ᠤᠨ ᠬᠦᠮᠦᠰ ᠲᠠᠢ ᠭᠠᠭᠴᠠᠭᠠᠷ ᠭᠠᠷᠴᠦ ᠢᠷᠡᠭᠡᠳ ᠣᠳᠤ | ᠪᠤᠯᠤᠭᠰᠠᠨ᠂ ᠬᠡᠦᠭᠡᠳ ᠤᠨ ᠠᠪᠤ ᠨᠢ ᠮᠡᠨᠳᠦ ᠪᠠᠶᠢᠭᠰᠠᠨ ᠪᠤᠯ ᠠᠶᠢᠯ ᠤᠨ ᠡᠭᠦᠳᠡᠨ ᠳᠤ ᠬᠤᠷᠭᠤᠳᠠᠯ ᠦᠭᠡᠢ | ᠠᠰᠳᠠᠭᠠᠨ ᠠᠮᠢᠳᠤᠷᠠᠬᠤ ᠪᠠᠶᠢᠯ᠎ᠠ᠃ ᠬᠤᠭᠤᠰᠤᠨ ᠵᠠᠶᠠᠭᠠᠨ ᠤ ᠡᠭᠦᠳᠡ ᠶᠠᠭᠳᠠᠭᠰᠠᠨ ᠡᠳᠦᠷ ᠤᠳ ᠣᠨ ᠵᠢᠯ ᠮᠡᠨᠳᠦ | ᠤᠷᠳᠤ ᠪᠠᠶᠢᠭᠰᠠᠨ ᠴᠦ ᠳᠡᠮᠡᠢ ᠯᠠ ᠤᠳᠠᠭᠰᠠᠨ ᠦᠭᠡᠢ ᠰᠢᠭ ᠠᠷᠪᠠᠨ ᠬᠡᠳᠦᠨ ᠵᠢᠯ ᠢ ᠦᠩᠭᠡᠷᠡᠴᠢᠬᠡᠯᠡ᠃ ᠣᠳᠣ | ᠬᠦᠦ ᠮᠢᠨᠢ ᠤᠳᠠᠯ ᠦᠭᠡᠢ ᠠᠭᠤᠯᠠ ᠰᠢᠭ᠋ ᠪᠦᠳᠦᠭᠦᠨ ᠡᠷ᠎ᠡ ᠪᠤᠰᠴᠦ ᠢᠷᠡᠨ᠎ᠡ ᠳ᠋ᠡ᠃ ᠭᠤᠯᠤᠮᠳᠠ ᠶᠢᠨ ᠡᠵᠡᠨ | ᠰᠠᠭᠤᠬᠤ ᠬᠦᠪᠡᠬᠦᠨ ᠢᠶᠠᠨ ᠶᠠᠭᠠᠬᠢᠵᠦ ᠬᠦᠮᠦᠨ ᠪᠤᠯᠭᠠᠶ᠎ᠠ᠂ ᠶᠠᠭᠠᠬᠢᠵᠦ ᠭᠡᠳᠡᠰᠦ ᠴᠠᠳᠬᠤᠯᠠᠩ ᠮᠦᠷᠦ ᠪᠦᠲᠦᠨ | ᠶᠠᠪᠤᠭᠤᠯᠤᠶ᠎ᠠ ᠭᠡᠵᠦ ᠪᠤᠳᠤᠳᠠᠭ ᠪᠠᠶᠢᠭᠰᠠᠨ ᠴᠢᠨᠢ ᠣᠳᠣ ᠬᠠᠷᠢᠨ ᠪᠡᠷᠢ ᠪᠠᠭᠤᠯᠭᠠᠬᠤ ᠨᠠᠰᠤᠨ ᠳᠤ ᠤᠶᠢᠷᠠᠳᠤᠯ᠎ᠠ᠃ | ᠬᠦᠦ ᠪᠠᠨ ᠠᠶᠢᠯ ᠭᠡᠷ ᠪᠤᠯᠭᠠᠶ᠎ᠠ ᠭᠡᠵᠦ ᠪᠤᠳᠤᠬᠤᠯᠠᠷ ᠠᠶᠢᠯ ᠤᠨ ᠠᠵᠢᠯ ᠬᠢᠵᠦ ᠠᠮᠢ ᠵᠢᠭᠤᠵᠦ ᠪᠠᠶᠢᠭ᠎ᠠ ᠡᠬᠡ ᠦᠷ᠎ᠡ | ᠪᠢᠳᠠ ᠬᠤᠶᠠᠷ ᠠᠶᠢᠯ ᠤᠨ ᠡᠭᠦᠳᠡᠨ ᠳᠤ ᠠᠶᠠᠭ᠎ᠠ ᠲᠤᠰᠤᠭᠠ ᠦᠭᠡᠢ ᠴᠦ ᠬᠦᠮᠦᠨ ᠤ ᠮᠢᠩᠭᠠᠨ ᠯᠠᠩ ᠤᠨ | ᠬᠡᠦᠬᠡᠨ ᠢᠶᠠᠨ ᠬᠡᠨ ᠨᠢ ᠲᠤᠭᠤᠵᠦ ᠦᠭᠬᠦ ᠪᠤᠢ᠃ ᠵᠡᠷᠭᠡᠯᠡᠳᠡᠭᠡ ᠠᠶᠢᠯ ᠤᠨ ᠬᠡᠦᠬᠡᠨ ᠨᠠᠰᠤᠮ᠎ᠠ ᠶᠢ ᠪᠡᠷᠢ ᠭᠤᠶᠤᠪᠠᠯ | ᠶᠠᠭᠠᠬᠢᠳᠠᠭ ᠪᠤᠯ᠃ ᠠᠶᠢᠯ ᠠᠶᠢᠮᠠᠭ ᠢᠶᠠᠷ ᠰᠠᠭᠤᠵᠦ ᠪᠠᠶᠢᠵᠦ ᠨᠢᠭᠡᠨᠳᠡ ᠳᠠᠰᠤᠭᠰᠠᠨ ᠪᠦᠭᠡᠳ ᠰᠠᠨᠠᠭ᠎ᠠ ᠰᠡᠳᠬᠢᠯ ᠢᠶᠠᠷ | ᠵᠦᠭᠡᠯᠡᠨ᠂ ᠡᠶᠡᠯᠳᠡᠭ ᠵᠠᠩ ᠠᠭᠠᠯᠢ ᠪᠠᠷ ᠰᠠᠶᠢᠬᠠᠨ ᠬᠡᠦᠬᠡᠨ ᠪᠠᠶᠢᠵᠦ ᠦᠯᠡᠳᠡᠭᠰᠡᠨ ᠲᠤᠰᠤᠭᠰᠠᠨ ᠢᠶᠠᠨ ᠬᠠᠷᠠᠮ | ᠦᠭᠡᠢ ᠢᠯᠡᠬᠦᠴᠢᠯᠡᠵᠦ ᠪᠠᠶᠢᠳᠠᠭ ᠨᠢ ᠮᠠᠨ ᠤ ᠱᠠᠯᠪᠢᠩ ᠳᠤ ᠰᠡᠳᠬᠢᠯ ᠲᠠᠢ ᠪᠤᠯᠤᠭᠰᠠᠨ ᠪᠠᠶᠢᠵᠦ ᠴᠦ ᠮᠡᠳᠡᠬᠦ ᠶᠤᠮ᠃ | ᠭᠡᠪᠡᠴᠦ ᠮᠠᠨ ᠨᠠ ᠬᠢ ᠯᠠ ᠲᠡᠨᠡᠭ ᠲᠠᠲᠠᠭᠠᠳ ᠪᠠᠶᠢᠨ᠎ᠠ ᠤᠤ ᠭᠡᠯᠳᠡᠢ ᠰᠡᠪ ᠮᠡᠳᠡᠭᠳᠡᠬᠦ ᠦᠭᠡᠢ ᠯᠠ ᠪᠠᠶᠢᠨ᠎ᠠ᠃ | ᠴᠠᠭᠠᠨ᠎ᠠ ᠬᠡᠦᠬᠡᠨ ᠤᠯᠤᠭᠰᠠᠨ ᠴᠦ ᠶᠤᠮ ᠤᠤ᠂ ᠬᠠᠨᠢ ᠪᠤᠯᠬᠤ ᠬᠦᠮᠦᠨ ᠢ ᠪᠠᠶᠠᠨ ᠶᠠᠳᠠᠭᠤ ᠪᠠᠷ ᠢᠯᠭᠠᠬᠤ ᠪᠢᠰᠢ ᠴᠦ | ᠳ᠋ᠡ᠃ | ᠭᠡᠳᠡᠯ᠎ᠠ ᠠᠶᠢᠯ ᠤᠨ ᠬᠡᠦᠬᠡᠨ ᠨᠠᠰᠤᠮ᠎ᠠ ᠳᠤᠳᠤᠷ᠎ᠠ ᠪᠠᠨ ᠬᠡᠳᠦᠶᠢᠨᠡᠢ ᠱᠠᠯᠪᠢᠩ ᠳᠤ ᠰᠡᠳᠬᠢᠯ ᠲᠠᠢ ᠪᠤᠯᠤᠭᠰᠠᠨ | ᠪᠠᠶᠢᠵᠠᠢ᠃ ᠠᠷᠪᠠᠨ ᠨᠠᠢᠮᠠ ᠬᠦᠷᠴᠦ ᠶᠠᠪᠤᠭ᠎ᠠ ᠱᠠᠯᠪᠢᠩ ᠬᠦᠮᠦᠨ ᠤ ᠰᠡᠳᠬᠢᠯ ᠢ ᠤᠶᠢᠯᠠᠭᠠᠮᠠᠷ ᠶᠤᠮ ᠳ᠋ᠠ᠃ ᠬᠡᠦᠬᠡᠨ | ᠦᠵᠡᠭᠡᠳ ᠡᠷᠬᠢᠵᠦ ᠬᠠᠷᠠᠬᠤ ᠪᠤᠯᠤᠭᠰᠠᠨ ᠪᠠᠶᠢᠳᠠᠯ᠎ᠠ ᠡᠨᠡ ᠬᠦᠦ ᠶᠠᠭᠠᠬᠢᠬᠤ ᠳᠠᠭᠠᠨ ᠨᠠᠮᠠᠶᠢ ᠤᠶᠢᠰᠢᠶᠠᠳᠠᠭ ᠦᠭᠡᠢ | ᠪᠤᠢ︖ ᠪᠢ ᠡᠷ᠎ᠡ ᠪᠠᠶᠢᠭᠠᠳ ᠱᠠᠯᠪᠢᠩ ᠬᠡᠦᠬᠡᠨ ᠪᠠᠶᠢᠭᠰᠠᠨ ᠪᠤᠯ ᠡᠬᠡᠨᠡᠷ ᠢᠶᠠᠨ ᠪᠤᠯᠭᠠᠨ᠎ᠠ ᠭᠡᠪᠡᠯ ᠪᠤᠯᠭᠠᠳᠠᠭ ᠯᠠ | ᠬᠡᠷᠡᠭ ᠰᠢᠳᠡ᠃ ᠭᠡᠳᠡᠯ᠎ᠡ ᠡᠴᠢᠬᠡ ᠡᠬᠡ ᠶᠢᠨ ᠰᠠᠨᠠᠭ᠎ᠠ ᠳᠠᠭᠠᠬᠤ ᠬᠤᠪᠢ ᠲᠠᠢ ᠲᠦᠷᠦᠭᠰᠡᠨ ᠪᠢ ᠱᠠᠯᠪᠢᠩ ᠳᠤ ᠪᠡᠶ᠎ᠡ | ᠪᠠᠨ ᠲᠤᠰᠢᠶᠠᠬᠤ ᠮᠡᠳᠡᠯ ᠦᠭᠡᠢ ᠶᠢ ᠶᠠᠭᠠᠬᠢᠶ᠎ᠠ ᠭᠡᠬᠦ ᠪᠤᠢ᠃ ᠡᠷ᠎ᠡ ᠬᠦᠮᠦᠨ ᠤ ᠵᠢᠷᠦᠬᠡ ᠶᠢ ᠰᠢᠵᠢᠮᠳᠠᠵᠦ ᠴᠢᠳᠠᠪᠠᠯ | ᠬᠠᠲᠠᠭᠤᠷᠠᠭᠠᠳ ᠬᠠᠮᠢᠭ᠎ᠠ ᠬᠦᠷᠬᠦ ᠪᠤᠢ᠂ ᠮᠢᠨᠦ ᠠᠶ᠎ᠠ ᠶᠢ ᠳᠠᠭᠠᠬᠤ ᠯᠠ ᠬᠡᠷᠡᠭ᠃ ᠱᠠᠯᠪᠢᠩ ᠳᠤ ᠪᠤᠳᠤᠭᠰᠠᠨ | ᠰᠠᠨᠠᠭᠰᠠᠨ ᠢᠶᠠᠨ ᠰᠢᠭᠤᠳ ᠬᠡᠯᠡᠵᠦ ᠰᠤᠨᠤᠰᠬᠠᠪᠠᠯ ᠶᠠᠭᠤ ᠭᠡᠬᠦ ᠪᠤᠯ᠂ ᠪᠡᠶ᠎ᠡ ᠰᠡᠳᠬᠢᠯ ᠳᠤ ᠮᠢᠨᠢ ᠰᠦᠬᠦᠷᠡᠬᠦ ᠦᠭᠡᠢ | ᠴᠦ ᠭᠡᠰᠡᠨ ᠡᠯᠪᠡᠭ ᠪᠠᠶᠠᠨ ᠬᠦᠷᠦᠩᠭᠡ ᠳᠤ ᠳᠤᠯᠤᠭᠠᠢ ᠳᠤᠬᠢᠬᠤ ᠦᠭᠡᠢ ᠪᠠᠶᠢᠵᠦ ᠴᠢᠳᠠᠨ᠎ᠠ ᠤᠤ᠂ ᠪᠤᠯᠬᠤ ᠦᠭᠡᠢ᠂ | ᠪᠠᠶᠠᠨ ᠠᠶᠢᠯ ᠤᠨ ᠠᠪᠠᠭᠠᠢ ᠡᠷ᠎ᠡ ᠬᠠᠶᠢᠭᠠᠳ ᠳᠡᠷᠪᠡᠯᠡ ᠭᠡᠵᠦ ᠠᠮᠠ ᠲᠠᠢ ᠪᠦᠬᠦᠨ ᠬᠡᠯᠡᠯᠴᠡᠬᠦ ᠴᠦ ᠭᠠᠶᠢᠭᠤᠢ᠂ ᠠᠪᠤ | ᠰᠤᠨᠤᠰᠪᠠᠯ ᠬᠡᠷᠡᠭ ᠪᠤᠷᠤᠭᠤ ᠪᠠᠷ ᠡᠷᠭᠢᠵᠦ ᠨᠢᠭᠡᠮᠦᠰᠦᠨ ᠴᠦᠯᠡᠵᠦ ᠤᠷᠬᠢᠬᠤ ᠪᠤᠯᠵᠤᠰᠢ ᠦᠭᠡᠢ᠃ | ᠪᠠᠶᠠᠨ ᠨᠠᠮᠠᠬᠠᠢ ᠶᠢᠨ ᠬᠡᠦᠬᠡᠨ ᠨᠠᠰᠤᠮ᠎ᠠ ᠨᠠᠨᠵᠠᠭ ᠪᠤᠯᠤᠭᠠᠳ ᠨᠠᠭᠠᠯᠢᠩᠬᠠᠢ᠂ ᠨᠠᠯᠠᠭᠠᠷ ᠤᠷᠳᠤ ᠭᠡᠵᠢᠭᠡ ᠨᠢ | ᠨᠠᠳᠠ ᠳᠠᠭᠠᠨ ᠴᠠᠯᠮ᠎ᠠ ᠶᠤᠮ ᠡ ᠭᠡᠳ ᠵᠢᠷᠦᠬᠡ ᠯᠤᠭᠰᠢᠨ ᠪᠠᠶᠢᠬᠤ ᠶᠢ ᠶᠠᠭᠠᠬᠢᠶ᠎ᠠ ᠳ᠋ᠠ᠃ | ᠬᠠᠭᠤᠴᠢᠨ ᠵᠢᠯ ᠢᠶᠠᠨ ᠦᠳᠡᠵᠦ᠂ ᠰᠢᠨ᠎ᠡ ᠵᠢᠯ ᠢᠶᠠᠨ ᠤᠭᠲᠤᠬᠤ ᠪᠤᠯᠤᠯ᠎ᠠ᠃ | ᠪᠠᠶᠠᠨ ᠨᠠᠮᠠᠬᠠᠢ ᠶᠢᠨ ᠳᠤᠮᠤ ᠦᠷᠭᠦᠭᠡᠨ ᠤ ᠭᠠᠳᠠᠨ᠎ᠠ ᠬᠦᠷᠴᠦ ᠤᠴᠢᠭᠰᠠᠨ ᠨᠡᠬᠡᠢ ᠳᠡᠪᠡᠯ ᠲᠠᠢ ᠠᠳᠤᠭᠤᠴᠢᠨ | ᠡᠷ᠎ᠡ᠂ ᠨᠠᠰᠤᠮ᠎ᠠ ᠬᠡᠦᠬᠡᠨ ᠯᠤᠳᠤᠪ ᠡᠭᠡᠴᠢ ᠳᠡᠬᠦᠦ ᠬᠤᠶᠠᠷ ᠲᠤ ᠤᠭᠳᠤᠭᠳᠠᠵᠠᠢ᠃ ᠬᠦᠮᠦᠰᠭᠡ ᠪᠠᠨ ᠪᠤᠳᠤᠭᠰᠠᠨ | ᠤᠯᠠᠭᠠᠨ ᠬᠠᠴᠠᠷ ᠲᠠᠢ ᠨᠠᠰᠤᠮ᠎ᠠ ᠬᠡᠦᠬᠡᠨ ᠴᠢᠷᠠᠢ ᠳᠡᠭᠡᠷ᠎ᠡ ᠪᠠᠨ ᠢᠨᠢᠶᠡᠳᠦ ᠳᠤᠳᠤᠷᠠᠭᠤᠯᠵᠦ᠂ ᠰᠢᠨᠡᠭᠡᠨ ᠬᠤᠪᠴᠠᠰᠦ | ᠡᠮᠦᠰᠦᠭᠡᠳ᠂ ᠤᠷᠳᠤ ᠬᠠᠷ᠎ᠠ ᠭᠡᠵᠢᠬᠡ ᠪᠠᠨ ᠤᠯᠠᠭᠠᠨ ᠲᠤᠷᠭᠠᠨ ᠤᠲᠠᠰᠦ ᠪᠠᠷ ᠦᠵᠦᠭᠦᠷ ᠢ ᠨᠢ ᠲᠦᠭᠡ ᠤᠷᠢᠶᠠᠵᠦ᠂ | ᠶᠠᠭᠠᠨ ᠥᠩᠭᠡ ᠵᠢᠨᠲ᠋ᠤᠷᠳᠤᠩ ᠠᠯᠴᠢᠭᠤᠷ ᠢᠶᠠᠷ ᠳᠠᠷᠤᠭᠤᠯᠤᠭᠠᠳ᠂ ᠴᠡᠩᠬᠡᠷ ᠲᠤᠷᠠᠭᠠᠨ ᠬᠠᠳᠠᠭ ᠢᠶᠠᠨ ᠬᠤᠶᠠᠷ | ᠭᠠᠷᠳᠠᠵᠦ ᠡᠪᠦᠳᠦᠭ ᠳᠠᠷᠤᠨ ᠮᠡᠨᠳᠦᠯᠡᠬᠦ ᠨᠢ ᠰᠠᠯᠬᠢᠨ ᠤ ᠠᠶ᠎ᠠ ᠪᠠᠷ ᠭᠠᠩᠬᠤᠨ ᠪᠠᠶᠢᠭ᠎ᠠ ᠳᠠᠪᠤᠨ ᠥᠩᠭᠡ ᠶᠢᠨ ᠴᠡᠴᠡᠭ | ᠮᠡᠲᠦ ᠬᠠᠷᠠᠭᠳᠠᠵᠤ ᠪᠠᠶᠢᠨ᠎ᠠ᠃ | ᠰᠢᠨ᠎ᠡ ᠶᠢᠨ ᠠᠮᠤᠷ ᠠᠶᠢᠯᠠᠳᠬᠠᠵᠦ ᠪᠠᠶᠢᠭ᠎ᠠ ᠱᠠᠯᠪᠢᠩ᠂ ᠰᠠᠭᠤᠳᠠᠯ ᠳᠠᠷᠠᠭᠠᠯᠠᠨ ᠬᠦᠬᠦᠦᠷ ᠰᠤᠯᠢᠯᠴᠠᠵᠦ | ᠰᠢᠨ᠎ᠡ ᠶᠢᠨ ᠮᠡᠨᠳᠦᠴᠢᠯᠡᠯ ᠬᠢᠪᠡ᠃ | — ᠰᠢᠨ᠎ᠡ ᠵᠢᠯ ᠤᠨ ᠰᠢᠨᠵᠢ ᠪᠡᠯᠭᠡ ᠰᠠᠶᠢᠬᠠᠨ ᠤᠤ︖ ᠭᠡᠵᠦ ᠭᠡᠷ ᠤᠨ ᠡᠵᠡᠨ ᠨᠠᠮᠠᠬᠠᠢ ᠢᠨᠢᠶᠡᠮᠰᠦᠭᠯᠡᠨ | ᠪᠠᠶᠢᠪᠠ᠃ | — ᠮᠠᠨᠳᠤᠵᠦ ᠭᠠᠷᠬᠤ ᠨᠠᠷᠠᠨ ᠢ ᠲᠤᠪᠴᠢ ᠳᠡᠳᠦᠢ ᠡᠭᠦᠯᠡ ᠴᠦ ᠬᠠᠯᠬᠠᠯᠠᠭᠰᠠᠨ ᠦᠭᠡᠢ᠂ ᠮᠠᠯᠠᠭᠠᠢ ᠶᠢᠨ | ᠪᠦᠴᠡ ᠬᠡᠶᠢᠰᠬᠦ ᠪᠠᠷ ᠵᠢᠪᠠᠷ ᠴᠦ ᠦᠭᠡᠢ ᠲᠤᠭᠳᠠᠭᠤᠨ ᠰᠠᠶᠢᠬᠠᠨ ᠪᠠᠶᠢᠨ᠎ᠠ ᠭᠡᠳ ᠱᠠᠯᠪᠢᠩ ᠬᠡᠯᠡᠭᠡᠳ ᠠᠳᠤᠭᠤᠨ | ᠳᠠᠭᠠᠨ ᠮᠤᠷᠳᠠᠪᠠ᠃ | ᠪᠠᠶᠠᠨ ᠨᠠᠮᠠᠬᠠᠢ ᠦᠷᠦᠭᠡ ᠭᠡᠷ ᠲᠡᠭᠡᠨ ᠪᠠᠶᠢᠵᠦ ᠪᠠᠶᠢᠳᠠᠯ᠎ᠠ ᠨᠢᠭᠡᠨ ᠡᠳᠦᠷ ᠬᠠᠭᠤᠴᠢᠨ ᠲᠠᠨᠢᠯ ᠡᠪᠦᠬᠡᠨ ᠨᠠᠷᠠᠯᠠᠢ | ᠵᠠᠯᠠᠷᠠᠨ ᠢᠷᠡᠵᠦ᠂ ᠬᠤᠶᠠᠷ ᠲᠠᠨᠢᠯ ᠬᠦᠬᠦᠦᠷ ᠨᠡᠷᠡᠵᠦ ᠮᠠᠨᠳᠤᠯᠠᠯᠴᠠᠭᠡᠳ᠂ ᠪᠦᠯᠬᠦᠶᠢᠬᠦ ᠨᠠᠪᠲᠠᠯᠵᠠᠬᠤ ᠪᠠᠷ ᠢᠶᠠᠨ | ᠨᠠᠪᠲᠠᠯᠵᠠᠪᠠ᠃ ᠪᠤᠭᠤᠷᠰᠤᠭ ᠦᠷᠦᠮ᠎ᠡ ᠱᠦᠭᠦᠷᠮᠡᠭ ᠲᠠᠪᠠᠭᠯᠠᠨ ᠳᠠᠯᠪᠢᠵᠦ ᠴᠠᠢ ᠵᠠᠰᠠᠨ ᠵᠤᠴᠢᠯᠠᠪᠠ᠃ | ᠲᠠᠨᠢᠯ ᠬᠤᠶᠠᠷ ᠤᠳᠠᠭᠠᠨ ᠰᠠᠷ᠎ᠠ ᠡᠳᠦᠷ ᠠᠭᠤᠯᠵᠠᠭ᠎ᠠ ᠦᠭᠡᠢ ᠲᠤᠯᠠ᠂ ᠮᠠᠨᠳᠤ ᠶᠠᠪᠤᠭᠠᠳ ᠠᠭᠤᠯᠵᠠᠬᠤ ᠶᠢᠨ | ᠪᠠᠶᠠᠷ ᠲᠤ ᠡᠨᠡ ᠲᠡᠷᠡ ᠶᠢ ᠬᠡᠯᠡᠯᠴᠡᠨ ᠪᠠᠶᠢᠵᠦ ᠰᠠᠯᠵᠦ ᠶᠠᠪᠤᠭᠠᠳ ᠰᠠᠨᠠᠭᠰᠠᠨ ᠤ ᠵᠤᠪᠠᠯᠠᠩ ᠢᠶᠠᠨ ᠲᠤᠭᠠᠴᠢᠨ ᠠᠯᠳᠠᠢ | ᠭᠠᠵᠠᠷ᠂ ᠠᠯᠠᠱᠠ ᠨᠤᠲᠤᠭ ᠭᠡᠳ ᠦᠭᠡ ᠠᠶᠠᠯᠭᠤ ᠨᠡᠶᠢᠯᠡᠵᠦ ᠤᠴᠢᠭᠰᠠᠨ ᠪᠢᠰᠢ ᠰᠠᠯᠵᠦ ᠰᠠᠷᠨᠢᠭᠰᠠᠨ ᠤ ᠵᠤᠪᠠᠯᠠᠩ᠂ | ᠰᠠᠨᠠᠵᠦ ᠮᠦᠷᠦᠭᠡᠳᠦᠭᠰᠡᠨ ᠰᠡᠳᠬᠢᠯ ᠢᠶᠠᠨ ᠤᠮᠳᠠ ᠴᠠᠢ ᠪᠠᠷᠢᠬᠤ ᠶᠢᠨ ᠴᠢᠯᠦᠭᠡᠨ ᠳᠤ ᠬᠦᠬᠡᠷᠴᠦ ᠭᠠᠷᠤᠭᠰᠠᠨ ᠢ | ᠶᠠᠭᠤᠨ ᠦᠬᠦᠯᠡᠬᠦ ᠪᠤᠢ᠃ | ᠨᠢᠭᠡ ᠡᠳᠦᠷ ᠨᠢᠭᠡᠨ ᠲᠠᠶᠠᠭ ᠲᠤᠯᠤᠭᠰᠠᠨ ᠲᠤᠷᠠᠩᠬᠠᠢ ᠦᠨᠳᠦᠷ ᠪᠡᠶ᠎ᠡ ᠲᠠᠢ ᠡᠪᠦᠭᠡᠨ ᠮᠤᠷᠢᠨ ᠤ ᠵᠡᠯ᠎ᠡ ᠳᠤ | ᠤᠶᠢᠷᠠᠲᠤᠵᠦ ᠢᠷᠡᠯ᠎ᠡ᠃ | ᠲᠠ ᠠᠮᠤᠷᠬᠤᠨ︖ ᠱᠠᠯᠪᠢᠩ ᠤᠨ ᠠᠰᠠᠭᠤᠭᠰᠠᠨ ᠮᠡᠨᠳᠦ ᠶᠢᠨ ᠬᠠᠷᠢᠭᠤ ᠳᠤ ᠳᠤᠤᠭᠠᠷᠤᠯ ᠦᠭᠡᠢ ᠮᠤᠷᠢ ᠶᠢ | ᠬᠠᠷᠠᠵᠦ ᠵᠤᠭᠰᠤᠭᠰᠠᠭᠠᠷ ᠪᠠᠶᠢᠯ᠎ᠠ᠃ ᠴᠢᠬᠢ ᠨᠢ ᠬᠠᠲᠠᠭᠤ ᠶᠤᠮ ᠤᠤ ᠭᠡᠳ ᠳᠠᠬᠢᠨ ᠳᠠᠭᠤ ᠪᠠᠨ ᠴᠢᠩᠭᠠᠷᠠᠭᠤᠯᠵᠦ | ᠮᠡᠨᠳᠦ ᠠᠰᠠᠭᠤᠬᠤ ᠳᠤ ᠡᠪᠦᠭᠡᠨ ᠰᠤᠴᠢᠭᠰᠠᠨ ᠪᠤᠯᠤᠯᠲᠠᠢ ᠲᠠᠶᠠᠭ ᠢᠶᠠᠨ ᠪᠠᠷᠠᠭᠤᠨ ᠭᠠᠷ ᠠᠴᠠ ᠪᠠᠨ ᠰᠢᠯᠵᠢᠬᠦᠯᠦᠨ | ᠵᠡᠬᠦᠨ ᠭᠠᠷ ᠲᠠᠭᠠᠨ ᠪᠠᠷᠢᠵᠦ ᠠᠯᠠᠭ᠎ᠠ ᠳᠡᠯᠭᠡᠨ᠂ | — ᠰᠠᠶᠢᠨ᠂ ᠲᠠ ᠠᠮᠤᠷᠬᠠᠨ ᠰᠠᠶᠢᠨ ᠤᠤ︖ ᠭᠡᠳ ᠡᠪᠦᠭᠡᠨ ᠲᠠᠶᠠᠭ ᠢᠶᠠᠨ ᠲᠤᠯᠵᠦ ᠨᠡᠯᠢᠶᠡᠳ ᠤᠳᠠᠭᠠᠨ | ᠰᠢᠷᠲᠡᠭᠰᠡᠨ ᠢᠶᠠᠨ᠂ | — ᠨᠡᠷ᠎ᠡ ᠴᠢᠨᠢ ᠬᠡᠨ ᠭᠡᠳᠡᠭ ᠪᠤᠢ︖ ᠭᠡᠯᠡ | — ᠮᠢᠨᠦ ᠨᠡᠷ᠎ᠡ ᠱᠠᠯᠪᠢᠩ ᠭᠡᠳᠡᠭ᠃ | — ᠰᠤᠨᠤᠰᠤᠭ᠎ᠠ ᠦᠭᠡᠢ ᠯᠡ ᠨᠡᠷ᠎ᠡ ᠪᠠᠶᠢᠨ᠎ᠠ᠂ ᠶᠠᠮᠠᠷ ᠤᠪᠤᠭ ᠲᠠᠢ ᠪᠤᠢ︖ ᠭᠡᠳ ᠱᠠᠯᠠᠵᠦ ᠪᠠᠶᠢᠬᠤ ᠶᠢ | ᠨᠢ ᠦᠵᠡᠪᠡᠯ ᠰᠤᠨᠤᠷ ᠰᠡᠷᠭᠡᠭ ᠪᠠᠶᠢᠬᠤ ᠠᠵᠡᠢ᠃ | — ᠪᠢ ᠰᠠᠷᠮᠤᠳ ᠤᠪᠤᠭᠳᠠᠢ᠃ | — ᠡᠵᠢ ᠴᠢᠨᠢ ᠮᠢᠭᠳᠡᠷᠢ ᠮᠦᠨ ᠤᠤ︖ | — ᠲᠡᠶᠢᠮᠦ ᠡ ᠭᠡᠵᠦ ᠱᠠᠯᠪᠢᠩ ᠪᠡᠶ᠎ᠡ ᠪᠠᠨ ᠲᠠᠨᠢᠭᠤᠯᠤᠭᠠᠳ᠂ ᠤᠳᠤᠮ ᠢᠶᠠᠨ ᠳᠠᠭᠠᠭᠰᠠᠨ ᠢ ᠮᠡᠳᠡᠷᠡᠭᠰᠡᠨ | ᠪᠤᠯᠪᠠᠴᠦ ᠡᠪᠦᠭᠡᠨ ᠢ ᠨᠡᠷᠡᠯᠡᠵᠦ ᠴᠢᠳᠠᠭ᠎ᠠ ᠦᠭᠡᠢ᠃ ᠠᠪᠤ ᠶᠢᠨ ᠪᠠᠶᠢᠬᠤ ᠳᠤ ᠬᠦᠮᠦᠨ ᠲᠠᠨᠢᠨ᠎ᠠ᠂ ᠠᠭᠲᠠ ᠶᠢᠨ | ᠪᠠᠶᠢᠬᠤ ᠳᠤ ᠭᠠᠵᠠᠷ ᠲᠠᠨᠢᠨᠡ ᠭᠡᠳᠡᠭ ᠢᠶᠠᠷ ᠠᠪᠤ ᠪᠠᠨ ᠠᠯᠳᠠᠭᠰᠠᠨ ᠠᠷᠪᠠᠨ ᠬᠡᠳᠦ ᠲᠠᠢ ᠱᠠᠯᠪᠢᠩ ᠳᠤ ᠲᠠᠨᠢᠬᠤ ᠦᠭᠡᠢ | ᠬᠦᠮᠦᠨ ᠠᠷᠪᠢᠨ ᠪᠠᠶᠢᠵᠡᠢ᠃ ᠨᠢᠭᠤᠷ ᠤᠴᠠᠷᠠᠭᠰᠠᠨ ᠢᠶᠠᠷ ᠲᠠᠨᠢᠵᠦ ᠲᠠᠨᠢᠯᠴᠠᠬᠤ ᠶᠢ ᠬᠦᠰᠡᠬᠦ ᠪᠤᠯᠪᠠᠴᠦ ᠪᠤᠭᠤᠷᠤᠯ ᠤᠨ | ᠠᠯᠳᠠᠷ ᠢ ᠠᠪᠤᠨ ᠠᠰᠠᠭᠤᠬᠤ ᠠᠴᠠ ᠪᠠᠨ ᠠᠷᠠᠢ ᠵᠢᠷᠦᠭᠡᠰᠢᠭᠡᠪᠡ᠃ | — ᠵᠡᠬᠦᠨ ᠵᠠᠬ᠎ᠠ ᠶᠢᠨ ᠭᠡᠷ ᠲᠤ ᠣᠴᠢ᠂ ᠬᠤᠶᠠᠭᠤᠯᠠ ᠠᠭᠠᠵᠢᠮ ᠢᠶᠠᠷ ᠶᠠᠷᠢᠯᠴᠠᠶ᠎ᠠ ᠭᠡᠳ ᠱᠠᠯᠪᠢᠩ ᠤᠨ | ᠲᠠᠭᠠᠰᠢᠶᠠᠬᠤ ᠡᠰᠡᠬᠦ ᠶᠢ ᠬᠠᠶᠢᠬᠤᠷᠤᠯ ᠦᠭᠡᠢ ᠦᠪᠡᠷ ᠢᠶᠠᠨ ᠲᠦᠷᠦᠭᠦᠯᠡᠨ ᠲᠠᠶᠠᠭᠳᠠᠵᠤ ᠤᠳᠯᠠ᠃ | ᠱᠠᠯᠪᠢᠩ ᠲᠦᠷᠦᠯ ᠭᠡᠵᠦ ᠡᠨᠡ ᠡᠪᠦᠭᠡᠨ ᠢ ᠲᠠᠨᠢᠭᠰᠠᠨ ᠦᠭᠡᠢ ᠴᠦ ᠮᠠᠨ ᠤ ᠰᠠᠷᠮᠤᠳ ᠤᠨ ᠶᠡᠬᠡᠰ ᠪᠤᠯᠬᠤ | ᠪᠤᠭᠤᠷᠤᠯ ᠭᠡᠵᠦ ᠪᠤᠳᠤᠭᠠᠳ ᠰᠡᠳᠬᠢᠯ ᠳᠤ ᠳᠤᠯᠠᠭᠠᠬᠠᠨ ᠰᠠᠨᠠᠭᠳᠠᠭᠰᠠᠨ ᠪᠢᠯᠡ᠃ | ᠵᠡᠬᠦᠨ ᠵᠠᠬ᠎ᠠ ᠶᠢᠨ ᠭᠡᠷ ᠨᠢ ᠨᠢᠭᠡᠨ ᠴᠡᠭᠡᠵᠢᠨ ᠭᠡᠷ ᠪᠠᠶᠢᠵᠦ ᠪᠢᠯᠡ᠂ ᠡᠪᠦᠭᠡᠨ ᠭᠡᠷ ᠲᠤ ᠤᠷᠤᠭᠠᠳ | ᠰᠠᠭᠤᠬᠤ ᠶᠢᠨ ᠲᠠᠰᠢᠷᠠᠮ ᠳᠤ᠂ ᠵᠠ ᠣᠳᠣ ᠪᠢᠳᠠ ᠲᠠᠨᠢᠯᠴᠠᠶ᠎ᠠ︕ ᠭᠡᠯᠡ᠃ | — ᠴᠢ ᠪᠤᠯ ᠨᠠᠳᠠ ᠳᠠᠭᠠᠨ ᠵᠢᠴᠢ ᠪᠤᠯᠬᠤ ᠬᠡᠦᠬᠡᠰ ᠪᠠᠶᠢᠨ᠎ᠠ᠂ ᠪᠢ ᠴᠦ ᠪᠠᠰᠠ ᠰᠠᠷᠮᠤᠳ ᠤᠪᠤᠭ ᠲᠠᠢ᠂ | ᠠᠷᠢᠯᠤᠭᠰᠠᠨ ᠡᠴᠢᠭᠡ ᠶᠢᠨ ᠢᠶᠠᠨ ᠳᠦᠷᠢ ᠳᠦᠷᠬᠦ ᠶᠢ ᠠᠯᠢ ᠴᠦ ᠲᠠᠯ᠎ᠠ ᠪᠠᠷ ᠠᠪᠴᠦ ᠲᠦᠷᠦᠵᠡᠢ᠃ ᠨᠡᠩ ᠴᠦ ᠴᠢᠨᠦ | ᠲᠡᠷᠡ ᠬᠠᠮᠠᠷ ᠭᠡᠵᠡᠢ ᠡ᠂ ᠶᠠᠭᠤ ᠶᠢ ᠨᠢ ᠬᠡᠯᠡᠬᠦ ᠪᠤᠢ᠃ ᠠᠪᠤ ᠡᠵᠢ ᠴᠢᠨᠢ ᠬᠤᠷᠢᠮᠯᠠᠭᠰᠠᠨ ᠲᠡᠷᠡ ᠵᠢᠯ ᠢᠶᠠᠨ | ᠮᠠᠨ ᠤ ᠳᠤ ᠢᠷᠡᠵᠦ ᠭᠠᠯ ᠭᠤᠯᠤᠮᠳᠠ ᠳᠤ ᠮᠦᠷᠭᠦᠭᠡᠳ ᠶᠠᠪᠤᠭᠰᠠᠨ ᠠᠴᠠ ᠬᠤᠶᠢᠰᠢ ᠳᠠᠪᠬᠢᠵᠦ ᠮᠢᠨᠦ ᠡᠭᠦᠳᠡ ᠶᠢ | ᠳᠠᠳᠠᠭᠠᠳᠤᠢ ᠴᠦ ᠴᠢᠮᠠᠶᠢ ᠶᠢ ᠦᠵᠡᠮᠡᠭᠴᠡ ᠪᠠᠷᠤᠭᠯᠠᠯ᠎ᠠ᠃ ᠠᠪᠤ ᠴᠢᠨᠢ ᠲᠡᠷᠡ ᠵᠠᠪ ᠵᠠᠯᠠᠭᠤ ᠪᠠᠷ ᠢᠶᠠᠨ ᠨᠠᠰᠤ | ᠨᠦᠭᠴᠢᠭᠰᠡᠨ ᠪᠤᠯᠪᠠᠴᠦ ᠤᠷᠤ ᠳᠠᠷᠤᠵᠦ ᠭᠤᠯᠤᠮᠳᠠ ᠵᠠᠯᠭᠠᠬᠤ ᠬᠦᠪᠡᠭᠦᠨ ᠢᠶᠠᠨ ᠦᠯᠡᠳᠡᠭᠡᠭᠡᠳ ᠶᠠᠪᠤᠵᠦ ᠰᠢᠦ ᠳ᠋ᠠ | ᠬᠦᠬᠡᠷᠦᠬᠦᠢ ᠳ᠋ᠡ ᠭᠡᠳ ᠦᠭᠡ ᠪᠠᠨ ᠲᠠᠰᠤᠯᠪᠠ᠃ | ᠱᠠᠯᠪᠢᠩ ᠠᠪᠤ ᠪᠠᠨ ᠮᠡᠳᠡᠵᠦ ᠠᠪᠤᠭᠠᠳ ᠮᠤᠷᠢ ᠪᠠᠨ ᠤᠨᠤᠭᠠᠳ ᠠᠳᠤᠭᠤᠨ ᠳᠠᠭᠠᠨ ᠶᠠᠪᠤᠪᠠ᠃ ᠲᠡᠷᠡ | ᠳᠤᠳᠤᠷ᠎ᠠ ᠪᠠᠨ᠂ ᠪᠢ ᠡᠨᠡ ᠡᠳᠦᠷ ᠨᠠᠮᠠᠬᠠᠢ ᠶᠢᠨ ᠠᠳᠤᠭᠤ ᠬᠠᠷᠢᠭᠤᠯᠵᠦ ᠪᠠᠶᠢᠭᠰᠠᠨ ᠳᠤ ᠰᠠᠨᠠᠭᠠᠨ ᠳᠤ ᠦᠭᠡᠢ | ᠪᠠᠶᠢᠳᠠᠯ᠎ᠠ ᠨᠢᠭᠡ ᠲᠠᠨᠢᠬᠤ ᠦᠭᠡᠢ ᠪᠤᠭᠤᠷᠤᠯ ᠡᠪᠦᠭᠡᠨ ᠲᠠᠢ ᠤᠴᠠᠷᠠᠭᠰᠠᠨ ᠳᠤ ᠬᠠᠷᠢᠨ ᠤᠷᠢᠳᠠ ᠶᠢᠨ ᠢᠷᠦᠭᠡᠯ ᠬᠤᠪᠢ | ᠵᠠᠶᠠᠭ᠎ᠠ ᠪᠠᠷ ᠤᠴᠠᠷᠠᠭᠰᠠᠨ ᠲᠡᠷᠡ ᠪᠤᠭᠤᠷᠤᠯ ᠮᠢᠨᠦ ᠳᠡᠭᠡᠳᠦᠰ ᠡᠪᠦᠭᠡ ᠪᠠᠶᠢᠵᠡᠢ ᠭᠡᠮᠡᠨ ᠪᠠᠶᠠᠷᠯᠠᠨ᠂ ᠠᠳᠤᠭᠤᠨ ᠤ | ᠪᠠᠨ ᠳᠡᠷᠭᠡᠳᠡ ᠤᠶᠠᠷᠠᠭᠰᠠᠨ ᠰᠡᠳᠬᠢᠯ ᠢᠶᠠᠷ ᠠᠴᠢᠲᠦ ᠠᠪᠤ ᠪᠠᠨ ᠮᠦᠷᠦᠭᠡᠳᠦᠨ ᠶᠠᠪᠤᠵᠡᠢ᠃ |