ᠵᠢᠭᠤᠯᠴᠢᠯᠠᠯ ᠤᠨ ᠠᠵᠤ ᠦᠢᠯᠡᠰ ᠢ ᠪᠦᠬᠦ ᠲᠠᠯ᠎ᠠ ᠪᠠᠷ ᠳᠡᠭᠡᠭᠰᠢᠯᠡᠭᠦᠯᠬᠦ ᠲᠣᠭᠤᠷᠢᠨ ᠳᠤ ᠠᠯᠠᠱᠠ ᠶᠢᠨ ᠠᠵᠢᠯ ᠢ ᠰᠠᠶᠢᠲᠤᠷ ᠬᠢᠨ᠎ᠡ
ᠨᠡᠶᠢᠲᠡᠯᠡᠭᠰᠡᠨ ᠴᠠᠭ᠄
2021/12/2
     ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠠᠷᠪᠠᠨ ᠨᠢᠭᠡᠳᠦᠭᠡᠷ ᠤᠳᠠᠭ᠎ᠠ ᠶᠢᠨ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠢᠯᠡᠳᠬᠡᠯ ᠳᠤ᠂ ᠵᠢᠭᠤᠯᠴᠢᠯᠠᠯ ᠤᠨ ᠦᠢᠯᠡᠰ ᠤᠨ ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ ᠲᠦᠷᠭᠡᠳᠬᠡᠵᠦ᠂ ᠪᠦᠬᠦ ᠣᠷᠣᠨ ᠪᠦᠰᠡ ᠪᠦᠬᠦ ᠤᠯᠠᠷᠢᠯ ᠢᠶᠠᠷ᠂ ᠵᠦᠷᠢᠶᠡᠴᠢᠯᠡᠭᠰᠡᠨ ᠳᠡᠭᠡᠳᠦ ᠲᠦᠪᠰᠢᠨᠳᠦ ᠬᠥᠭᠵᠢᠯᠲᠡ ᠶᠢᠨ ᠪᠠᠶᠢᠷᠢ ᠲᠣᠭᠲᠠᠭᠠᠯᠲᠠ ᠶᠢ ᠪᠠᠷᠢᠮᠲᠠᠯᠠᠬᠤ ᠬᠡᠷᠡᠭᠲᠡᠢ ᠭᠡᠪᠠ᠃ ᠡᠭᠦᠨ ᠢ ᠰᠣᠨᠣᠰᠤᠭᠠᠳ ᠪᠢᠳᠡ ᠶᠡᠬᠡᠳᠡ ᠵᠣᠷᠢᠭᠵᠢᠵᠤ᠂ ᠲᠦᠢᠯ ᠢᠶᠠᠷ ᠤᠷᠮᠠᠰᠢᠪᠠ᠃ ᠠᠯᠠᠱᠠ ᠠᠶᠢᠮᠠᠭ ᠤᠨ ᠰᠣᠶᠣᠯ ᠵᠢᠭᠤᠯᠴᠢᠯᠠᠯ ᠤᠨ ᠠᠵᠤ ᠦᠢᠯᠡᠰ ᠣᠳᠣᠬᠠᠨ ᠳᠤ ᠨᠢᠭᠡᠨᠲᠡ ᠮᠠᠰᠢ ᠰᠠᠶᠢᠨ ᠰᠠᠭᠤᠷᠢ ᠲᠠᠢ ᠪᠣᠯᠵᠣ᠂ ᠶᠠᠭ ᠪᠠᠶᠢᠳᠠᠯ ᠢ ᠠᠮᠵᠢᠨ᠂ ᠵᠢᠭᠤᠯᠴᠢᠯᠠᠯ ᠤᠨ ᠦᠢᠯᠡᠰ ᠢ ᠪᠥᠬᠦ ᠲᠠᠯ᠎ᠠ ᠪᠠᠷ ᠳᠡᠭᠡᠭᠰᠢᠯᠡᠭᠦᠯᠬᠦ ᠵᠠᠩᠭᠢᠯᠠᠭ᠎ᠠ ᠶᠢᠨ ᠬᠤᠭᠤᠴᠠᠭᠠᠨ ᠳᠤ ᠣᠷᠣᠰᠢᠵᠤ ᠪᠠᠶᠢᠨ᠎ᠠ᠃︾ ᠠᠯᠠᠱᠠ ᠠᠶᠢᠮᠠᠭ ᠤᠨ ᠲᠥᠯᠥᠭᠡᠯᠡᠭᠴᠢᠳ ᠤᠨ ᠪᠦᠯᠬᠦᠮ ᠤᠨ ᠯᠢ ᠵᠥᠩ ᠽᠧᠩ ᠲᠥᠯᠥᠭᠡᠯᠡᠭᠴᠢ ᠰᠤᠷᠪᠤᠯᠵᠢᠯᠠᠭᠴᠢ ᠶᠢᠨ ᠰᠤᠷᠪᠤᠯᠵᠢᠯᠠᠭ᠎ᠠ ᠶᠢ ᠬᠦᠯᠢᠶᠡᠬᠦ ᠳᠡᠭᠡᠨ ᠢᠩᠬᠢᠵᠦ ᠶᠠᠷᠢᠯ᠎ᠠ᠃       ᠲᠡᠷᠡ᠂ ᠠᠯᠠᠱᠠ ᠠᠶᠢᠮᠠᠭ ᠮᠠᠰᠢ ᠥᠪᠡᠷᠮᠢᠴᠡ ᠵᠢᠭᠤᠯᠴᠢᠯᠠᠯ ᠤᠨ ᠡᠬᠢ ᠪᠠᠶᠠᠯᠢᠭ ᠲᠠᠢ᠂ ᠠᠭᠤᠯᠠ ᠤᠰᠤ ᠤᠢ ᠮᠣᠳᠣ ᠭᠠᠵᠠᠷ ᠲᠠᠷᠢᠶ᠎ᠠ ᠨᠠᠭᠤᠷ ᠪᠦᠷᠢᠳᠦ ᠨᠤᠲᠤᠭ ᠪᠡᠯᠴᠢᠭᠡᠷ ᠡᠯᠡᠰᠦ ᠮᠠᠩᠬ᠎ᠠ ᠵᠡᠷᠭᠡ ᠡᠯ᠎ᠡ ᠵᠦᠢᠯ ᠤᠨ ᠠᠮᠢ ᠠᠬᠤᠢ ᠶᠢᠨ ᠡᠯᠧᠮᠧᠨ᠋ᠲ ᠪᠦᠷᠢᠨ ᠭᠦᠢᠴᠡᠳ᠂ ᠪᠠᠶᠢᠭᠠᠯᠢ ᠶᠢᠨ ᠦᠵᠡᠮᠵᠢ ᠪᠣᠯᠤᠨ ᠰᠣᠶᠣᠯ ᠢᠷᠭᠡᠨᠰᠢᠯ ᠤᠨ ᠦᠵᠡᠮᠵᠢ ᠰᠣᠯᠪᠢᠴᠠᠨ ᠬᠡᠷᠡᠯᠳᠦᠵᠦ ᠪᠠᠶᠢᠨ᠎ᠠ᠃ ᠠᠳᠡ ᠰᠦᠷᠯᠢᠭ ᠰᠠᠶᠢᠬᠠᠨ ᠠᠯᠠᠱᠠ ᠠᠭᠤᠯᠠ᠂ ︽ᠳᠡᠯᠡᠬᠡᠶ ᠶᠢᠨ ᠬᠠᠮᠤᠭ ᠤᠨ ᠭᠤᠶᠢᠳᠠ ᠡᠯᠡᠰᠦᠨ ᠴᠥᠯ︾ ᠬᠡᠮᠡᠭᠳᠡᠭᠰᠡᠨ ᠪᠠᠳᠠᠢ ᠶᠢᠨ ᠵᠢᠷᠠᠨ ᠤ ᠡᠯᠡᠰᠦᠨ ᠴᠥᠯ᠂ ᠳᠡᠯᠡᠬᠡᠶ ᠶᠢᠨ ᠭᠤᠷᠪᠠᠨ ᠶᠡᠭᠡ ᠲᠣᠣᠷᠠᠢ ᠶᠢᠨ ᠣᠶ ᠶᠢᠨ ᠨᠢᠭᠡ ᠡᠵᠡᠨ᠎ᠡ ᠶᠢᠨ ᠲᠣᠣᠷᠠᠶ ᠶᠢᠨ ᠣᠶ᠂ ᠪᠠᠰᠠ ᠬᠠᠷ᠎ᠠ ᠬᠤᠲᠠ᠂ ᠵᠡᠬᠦᠨ ᠪᠠᠷᠠᠭᠤᠨ ᠬᠡᠶᠢᠳ  ᠵᠡᠷᠭᠡ ᠠᠯᠢ ᠣᠯᠠᠨ ᠲᠡᠦᠬᠡ ᠶᠢᠨ ᠳᠤᠷᠠᠰᠬᠠᠯᠲᠤ ᠵᠦᠢᠯᠡᠰ ᠪᠠᠶᠢᠨ᠎ᠠ᠃ ᠠᠯᠠᠱᠠ ᠠᠶᠢᠮᠠᠭ ᠤᠨ ᠵᠢᠭᠤᠯᠴᠢᠯᠠᠯ ᠤᠨ ᠡᠬᠢ ᠪᠠᠶᠠᠯᠢᠭ ᠤᠨ ᠬᠡᠮᠵᠢᠶ᠎ᠡ ᠨᠢ ᠪᠦᠬᠦ ᠤᠯᠤᠰ ᠴᠢᠨᠠᠭᠰᠢᠯᠠᠪᠠᠯ ᠳᠡᠯᠡᠬᠡᠶ ᠳ᠋ᠠᠬᠢᠨ ᠳᠤ ᠴᠤ ᠬᠤᠪᠣᠷ ᠪᠠᠶᠢᠵᠤ᠂ ᠵᠢᠭᠤᠯᠴᠢᠯᠠᠯ ᠤᠨ ᠦᠢᠯᠡᠰ ᠤᠨ ᠢᠷᠡᠭᠡᠳᠦᠶ ᠶᠢᠨ ᠬᠥᠭᠵᠢᠯᠲᠡ ᠶᠢᠨ ᠳᠠᠯᠳᠠ ᠬᠦᠴᠦᠨ ᠯᠤᠲᠤ ᠶᠡᠭᠡ ᠪᠠᠶᠢᠨ᠎ᠠ᠃       ᠯᠢ ᠵᠦᠩ ᠽᠧᠩ᠂ ᠡᠨᠡ ᠤᠳᠠᠭ᠎ᠠ ᠶᠢᠨ ᠨᠠᠮ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠠᠵᠢᠯ ᠤᠨ ᠪᠠᠶᠢᠷᠢᠯᠠᠭᠤᠯᠤᠯᠲᠠ ᠪᠣᠯᠤᠨ ᠠᠵᠢᠯ ᠤᠨ ᠱᠠᠭᠠᠷᠳᠠᠯᠭ᠎ᠠ ᠶᠢ ᠨᠠᠷᠢᠨ ᠬᠢᠨᠠᠮᠠᠭᠠᠢ ᠲᠤᠤᠱᠯᠠᠭᠤᠯᠤᠨ ᠨᠠᠶᠢᠳᠠᠪᠤᠷᠢᠵᠢᠭᠤᠯᠵᠤ᠂ ᠪᠠᠶᠢᠷᠢ ᠲᠣᠭᠲᠠᠭᠠᠯᠲᠠ ᠶᠢ ᠰᠢᠯᠢᠳᠡᠭᠵᠢᠭᠦᠯᠵᠦ᠂ ᠬᠠᠩᠭᠠᠯᠭ᠎ᠠ ᠶᠢ ᠰᠢᠯᠢᠳᠡᠭᠵᠢᠭᠦᠯᠵᠦ᠂ ᠠᠵᠤ ᠦᠢᠯᠡᠰ ᠢ ᠰᠢᠯᠢᠳᠡᠭᠵᠢᠭᠦᠯᠵᠦ᠂ ᠣᠷᠴᠢᠨ ᠲᠣᠭᠤᠷᠢᠨ ᠢ ᠰᠢᠯᠢᠳᠡᠭᠵᠢᠭᠦᠯᠵᠦ᠂ ᠵᠢᠭᠤᠯᠴᠢᠯᠠᠯ ᠤᠨ ᠠᠵᠤ ᠦᠢᠯᠡᠰ ᠢ ᠪᠦᠬᠦ ᠲᠠᠯ᠎ᠠ ᠪᠠᠷ ᠳᠡᠭᠡᠭᠰᠢᠯᠡᠭᠦᠯᠬᠦ ᠲᠣᠭᠤᠷᠢᠨ ᠳᠤ ᠠᠯᠠᠱᠠ ᠶᠢᠨ ᠠᠵᠢᠯ ᠢ ᠰᠠᠶᠢᠲᠤᠷ ᠬᠢᠵᠦ᠂ ᠠᠯᠠᠱᠠ ᠶᠢᠨ ᠵᠢᠭᠤᠯᠴᠢᠯᠠᠯ ᠢ ᠪᠦᠬᠦ ᠣᠷᠣᠨ᠂ ᠪᠦᠬᠦ ᠤᠯᠤᠰ ᠴᠢᠨᠠᠭᠰᠢᠯᠠᠪᠠᠯ ᠪᠦᠬᠦ ᠳᠡᠯᠡᠬᠡᠢ ᠳᠤ ᠥᠪᠥᠷ ᠮᠣᠩᠭᠤᠯ ᠤᠨ ᠵᠢᠭᠤᠯᠴᠢᠯᠠᠯ ᠤᠨ ᠦᠵᠡᠰᠬᠦᠯᠡᠩᠲᠦ ᠰᠠᠶᠢᠬᠠᠨ ᠨᠡᠷ᠎ᠡ ᠶᠢᠨ ᠬᠠᠭᠤᠳᠠᠰᠤ ᠪᠣᠯᠭᠠᠬᠤ ᠪᠠᠷ ᠴᠢᠷᠮᠠᠶᠢᠨ᠎ᠠ ᠭᠡᠪᠡ᠃
 
ᠢᠷᠡᠯᠲᠡ᠄ ᠠᠯᠠᠱᠠ ᠠᠶᠢᠮᠠᠭ ᠤᠨ ᠵᠠᠬᠢᠷᠭ᠎ᠠ ᠶᠢᠨ ᠠᠯᠪᠠᠨ ᠭᠡᠷ ᠤᠨ ᠬᠢᠳᠠᠳ ᠸᠢᠴᠠᠲ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号