ᠶᠢᠰᠦᠳᠦᠬᠡᠷ ᠬᠤᠭᠤᠴᠠᠭᠠᠨ ᠤ ᠠᠽᠢᠶ᠎ᠠ ᠲᠢᠪ ᠨᠤᠮᠤᠬᠠᠨ ᠲᠠᠯᠠᠢ ᠶᠢᠨ ᠤᠷᠤᠨ ᠤ ᠠᠷᠠᠯᠵᠢᠶ᠎ᠠ ᠬᠤᠳᠠᠯᠳᠤᠭᠠᠨ ᠤ ᠰᠤᠷᠭᠠᠭᠤᠯᠢ ᠶᠢᠨ ᠡᠯᠡᠰᠦ ᠮᠠᠩᠬᠠᠨ ᠳᠠᠬᠢ ᠳᠡᠮᠡᠴᠡᠬᠡᠨ ᠦᠨᠳᠦᠷᠯᠡᠯ᠎ᠡ
ᠨᠡᠶᠢᠲᠡᠯᠡᠭᠰᠡᠨ ᠴᠠᠭ᠄
2020/8/28
            ᠵᠢᠷᠤᠭ ᠪᠤᠯ᠂ ᠰᠢᠯᠢᠳᠡᠭ ᠠᠮᠵᠢᠯᠳᠠ ᠪᠠᠨ ᠲᠡᠮᠳᠡᠭᠯᠡᠨ ᠲᠤᠷᠠᠰᠬᠠᠵᠦ ᠪᠠᠶᠢᠭ᠎ᠠ ᠨᠢ᠃       ᠤᠢᠢᠷ᠎ᠠ  ᠶᠢᠨ ᠡᠳᠦᠷ᠂ ᠶᠢᠰᠦᠳᠦᠬᠡᠷ ᠬᠤᠭᠤᠴᠠᠭᠠᠨ  ᠤ ᠠᠽᠢᠶ᠎ᠠ ᠲᠢᠪ ᠨᠤᠮᠤᠬᠠᠨ ᠲᠠᠯᠠᠢ  ᠶᠢᠨ ᠤᠷᠤᠨ  ᠤ ᠠᠷᠠᠯᠵᠢᠶ᠎ᠠ ᠬᠤᠳᠠᠯᠳᠤᠭᠠᠨ  ᠤ ᠰᠤᠷᠭᠠᠭᠤᠯᠢ ᠶᠢᠨ ᠡᠯᠡᠰᠦ ᠮᠠᠩᠬᠠᠨ ᠳᠠᠬᠢ ᠳᠡᠮᠡᠴᠡᠬᠡᠨ ᠲᠡᠬᠦᠰ ᠠᠮᠵᠢᠯᠳᠠ ᠲᠠᠢ ᠦᠨᠳᠦᠷᠯᠡᠵᠦ᠂ 1400 ᠭᠠᠷᠤᠢ ᠤᠷᠤᠯᠴᠠᠭᠰᠠᠳ ᠬᠡᠳᠦᠨ ᠡᠳᠦᠷ  ᠤᠨ ᠬᠠᠳᠠᠭᠤᠵᠢᠯᠳᠡᠢ ᠴᠢᠷᠮᠠᠶᠢᠯᠭ᠎ᠠ  ᠪᠠᠷ ᠠᠷᠠᠯᠵᠢᠶ᠎ᠠ ᠬᠤᠳᠠᠯᠳᠤᠭᠠᠨ  ᠤ ᠬᠦᠷᠢᠶᠡᠨ ᠳᠠᠬᠢ ᠰᠤᠳᠤᠨᠴᠤᠳ  ᠤᠨ ᠴᠤᠭ ᠵᠢᠪᠬᠤᠭ᠎ᠠ  ᠶᠢ ᠪᠠᠳᠠᠷᠠᠭᠤᠯᠤᠭᠰᠠᠨ ᠪᠠᠶᠢᠨ᠎ᠠ᠃       ︽ᠲᠤᠰ ᠤᠷᠤᠯᠳᠤᠭᠠᠨ ᠳᠤ ᠭᠤᠷᠪᠠᠳᠡᠬᠢ ᠤᠳᠠᠭ᠎ᠠ ᠪᠠᠨ ᠤᠷᠤᠯᠴᠠᠵᠦ ᠪᠤᠢ᠂ ᠠᠯᠠᠱᠠ ᠶᠢᠨ ᠬᠦᠭᠵᠢᠯᠳᠠ ᠴᠦ ᠵᠢᠯ ᠠᠴᠠ ᠵᠢᠯ ᠬᠤᠪᠢᠷᠠᠯᠳᠠ ᠲᠠᠢ ᠪᠤᠯᠵᠠᠢ᠃ ᠬᠠᠮᠲᠦ ᠨᠢᠭᠡᠴᠡ ᠶᠢᠨ ᠤᠷᠤᠯᠳᠤᠭᠠᠨ ᠳᠤ ᠮᠠᠨ ᠤ ᠰᠤᠷᠭᠠᠭᠤᠯᠢ ᠶᠢᠨ ᠬᠢᠨ ᠨᠢᠬᠡᠳᠦᠬᠡᠷ ᠲᠤ ᠲᠤᠳᠤᠷᠡᠵᠠᠢ᠂ ᠡᠨᠡᠬᠦ ᠠᠮᠵᠢᠯᠳᠠ ᠨᠢ ᠪᠢᠳᠠᠨ ᠤ ᠡᠳᠦᠷ ᠲᠤᠳᠤᠮ ᠤᠨ ᠬᠠᠳᠠᠭᠤᠵᠢᠯᠳᠡᠢ ᠪᠤᠯᠪᠠᠰᠤᠷᠡᠯ ᠪᠤᠯᠤᠨ ᠬᠠᠮᠲᠦ ᠶᠢᠨ ᠬᠦᠴᠦᠨ ᠠᠴᠠ ᠰᠠᠯᠵᠦ ᠴᠢᠳᠠᠬᠤ ᠦᠬᠡᠢ᠂ ᠲᠠᠷᠠᠭ᠎ᠠ ᠵᠢᠯ ᠤᠨ ᠤᠷᠤᠯᠳᠤᠭᠠᠨ ᠳᠤ ᠪᠠᠰᠠ ᠰᠠᠶᠢᠨ ᠦᠷ᠎ᠠ ᠪᠦᠲᠦᠮᠵᠢ ᠤᠯᠬᠤ ᠪᠠᠷ ᠦᠷᠬᠦᠯᠵᠢᠯᠡᠨ ᠴᠢᠷᠮᠠᠶᠢᠨ᠎ᠠ︾᠃ ᠱᠠᠩᠬᠠᠢ ᠶᠢᠨ ᠵᠠᠮ ᠬᠠᠷᠢᠯᠴᠠᠭᠠᠨ ᠤ ᠶᠡᠭᠡ ᠰᠤᠷᠭᠠᠭᠤᠯᠢ ᠶᠢᠨ ᠠᠨᠲ᠋ᠠᠢ ᠠᠵᠦ ᠠᠬᠤᠢ ᠬᠢᠬᠡᠳ ᠬᠠᠮᠢᠶᠠᠷᠤᠯᠳᠠ ᠶᠢᠨ ᠰᠤᠷᠭᠠᠭᠤᠯᠢ ᠶᠢᠨ ᠤᠷᠤᠯᠴᠠᠭᠴᠢ ᠯᠢ ᠵᠧᠨ ᠬᠤᠸᠠ᠂ ᠨᠢᠳᠤ ᠠᠯᠳᠠᠮ᠎ᠠ ᠲᠡᠭᠷᠢ ᠡᠯᠡᠰᠤ ᠶᠢ ᠲᠤᠭᠤᠯᠬᠤ ᠨᠢ ᠤᠯᠠᠨ ᠤ ᠰᠢᠨᠳᠠᠰᠤ ᠪᠤᠯᠤᠨ ᠵᠤᠷᠢᠭ ᠰᠦᠰᠦ ᠶᠢ ᠰᠢᠯᠭᠠᠵᠦ ᠪᠤᠢ᠂ ᠤᠷᠤᠯᠳᠤᠭᠠᠨ ᠢᠶᠠᠷ ᠲᠠᠮᠵᠢᠨ ᠪᠢᠳᠠ ᠨᠦᠬᠦᠷᠯᠡᠯ ᠤᠨ ᠬᠦᠴᠦᠨ ᠢ ᠪᠡᠶᠡᠴᠢᠯᠡᠨ ᠤᠢᠢᠯᠠᠭᠠᠵᠦ᠂ ᠬᠤᠶᠢᠰᠢᠳᠠ ᠶᠢᠨ ᠬᠠᠮᠳᠤᠷᠠᠨ ᠠᠵᠢᠯᠯᠠᠬᠤ ᠳᠤ ᠲᠤᠩ ᠰᠠᠶᠢᠨ ᠦᠢᠯᠡᠳᠦᠯ ᠦᠵᠡᠬᠦᠯᠬᠦ ᠪᠤᠯᠤᠨ᠎ᠠ ᠬᠡᠵᠦ ᠪᠠᠶᠢᠯ᠎ᠠ᠃ ᠲᠤᠮᠳᠠᠲᠦ ᠤᠯᠤᠰ ᠤᠨ ᠨᠠᠶᠢᠬᠡᠮ ᠤᠨ ᠰᠢᠨᠵᠢᠯᠡᠬᠦ ᠤᠬᠠᠭᠠᠨ ᠤ ᠬᠦᠷᠢᠶᠠᠯᠠᠩ ᠤᠨ ᠷᠧᠨ ᠢᠥᠢ ᠵᠧ ᠰᠤᠷᠪᠤᠯᠵᠢᠯᠠᠭᠴᠢ ᠳᠤ᠂ ᠦᠪᠦᠷ ᠮᠤᠩᠭᠤᠯ ᠤᠨ ᠬᠦᠮᠦᠨ ᠪᠤᠯᠤᠭᠰᠠᠨ ᠤ ᠬᠤᠪᠢ ᠳᠤ᠂ ᠲᠤᠰ ᠤᠷᠤᠯᠳᠤᠭᠠᠨ ᠮᠠᠨ ᠤ ᠦᠪᠦᠷ ᠮᠤᠩᠭᠤᠯ ᠳᠤ ᠶᠠᠪᠤᠭᠳᠠᠭᠰᠠᠨ ᠨᠢ ᠨᠠᠳᠠ ᠳᠤ ᠲᠤᠩ ᠤᠮᠤᠭᠰᠢᠯᠳᠡᠢ ᠰᠠᠨᠠᠭᠳᠠᠵᠠᠢ᠂ ᠠᠯᠠᠱᠠ ᠪᠤᠯ ᠠᠷᠢᠭᠤᠨ ᠲᠠᠭᠱᠠᠨ ᠤᠷᠤᠨ ᠪᠤᠯᠬᠤᠷ ᠲᠤᠰ ᠤᠳᠠᠭᠠᠨ ᠤ ᠤᠷᠤᠯᠳᠤᠭᠠᠨ ᠨᠢ ᠤᠯᠤᠰ ᠤᠨ ᠲᠤᠳᠤᠭᠠᠲᠦ ᠭᠠᠳᠠᠭᠠᠲᠦ ᠶᠢᠨ ᠬᠦᠮᠦᠰ ᠤᠨ ᠰᠤᠨᠢᠷᠬᠠᠯ ᠢ ᠶᠠᠬᠡᠳᠠ ᠲᠠᠳᠠᠵᠦ᠂ ᠠᠯᠠᠱᠠ ᠶᠢᠨ ᠨᠡᠷ᠎ᠠ ᠠᠯᠳᠡᠷᠰᠢᠯ᠂ ᠴᠢᠨᠠᠭᠰᠢᠯᠠᠨ ᠪᠦᠬᠦ ᠦᠪᠦᠷ ᠮᠤᠩᠭᠤᠯ ᠤᠨ ᠨᠡᠷ᠎ᠠ ᠠᠯᠳᠡᠷᠰᠢᠯ ᠢ ᠮᠠᠠᠳᠤᠭᠤᠯᠵᠠᠢ᠂ ᠡᠶᠢᠮᠦᠷᠬᠦ ᠤᠷᠤᠯᠳᠤᠭᠠᠨ ᠳᠤ ᠬᠤᠶᠢᠰᠢᠳᠠ ᠢᠯᠡᠬᠦᠬᠡᠨ ᠤᠷᠤᠯᠴᠠᠬᠤ ᠶᠢ ᠬᠦᠰᠡᠵᠦ ᠪᠠᠶᠢᠨ᠎ᠠ ᠬᠡᠵᠦ ᠪᠠᠶᠢᠯ᠎ᠠ᠃       ᠲᠤᠰ ᠤᠳᠠᠭᠠᠨ ᠤ ᠤᠷᠤᠯᠳᠤᠭᠠᠨ ᠳᠤ᠂ ᠨᠠᠶᠢᠳᠠ 75 ᠲᠦᠯᠦᠬᠡᠯᠡᠭᠴᠢ ᠶᠢᠨ ᠠᠩᠬᠢ ᠤᠷᠤᠯᠴᠠᠵᠦ᠂ 3 ᠡᠳᠦᠷ ᠤᠨ ᠲᠡᠮᠡᠴᠡᠬᠡᠨ ᠢᠶᠠᠷ ᠲᠠᠮᠵᠢᠨ᠂ 28 ᠲᠦᠯᠦᠬᠡᠯᠡᠭᠴᠢ ᠶᠢᠨ ᠠᠩᠬᠢ ︽ᠡᠯᠡᠰᠦ ᠮᠠᠩᠬᠠᠨ ᠤ ᠴᠠᠬᠤᠯᠠᠢ︾ ᠱᠠᠩ ᠬᠦᠷᠳᠡᠵᠦ᠂ 3 ᠲᠦᠯᠦᠬᠡᠯᠡᠭᠴᠢ ᠶᠢᠨ ᠠᠩᠬᠢ ︽ᠰᠠᠯᠬᠢ ᠶᠢ ᠰᠦᠷᠤᠨ ᠤᠷᠤᠭᠰᠢᠯᠠᠭᠰᠠᠨ︾ ᠱᠠᠩ ᠬᠦᠷᠳᠡᠭᠰᠡᠨ ᠪᠠᠶᠢᠨ᠎ᠠ᠃       ᠠᠽᠢᠶ᠎ᠠ ᠲᠢᠪ ᠨᠤᠮᠤᠬᠠᠨ ᠲᠠᠯᠠᠢ ᠶᠢᠨ ᠤᠷᠤᠨ ᠤ ᠠᠷᠠᠯᠵᠢᠶ᠎ᠠ ᠬᠤᠳᠠᠯᠳᠤᠭᠠᠨ ᠤ ᠰᠤᠷᠭᠠᠭᠤᠯᠢ ᠶᠢᠨ ᠡᠯᠡᠰᠦ ᠮᠠᠩᠬᠠᠨ ᠳᠠᠬᠢ ᠳᠡᠮᠡᠴᠡᠬᠡᠨ ᠪᠤᠯ MBA ᠰᠤᠷᠤᠭᠴᠢᠳ ᠤᠨ ᠲᠤᠮᠳᠠ ᠦᠷᠨᠢᠬᠦᠯᠵᠦ ᠪᠦᠬᠦᠢ ᠨᠢᠬᠡ ᠲᠦᠷᠦᠯ ᠤᠨ ᠰᠤᠶᠤᠯ ᠤᠨ ᠤᠷᠤᠯᠳᠤᠭᠠᠨ ᠪᠤᠯᠤᠨ᠎ᠠ᠃ ᠡᠯ᠎ᠠ ᠰᠤᠷᠭᠠᠭᠤᠯᠢ ᠨᠢᠭᠡᠴᠡ ᠶᠢᠨ ᠬᠢᠨ 70 ᠺᠢᠯᠦᠮᠧᠲᠷ ᠤᠨ ᠡᠯᠡᠰᠦᠨ ᠵᠠᠮ ᠢ ᠲᠤᠭᠤᠯᠬᠤ ᠪᠠᠷ ᠲᠠᠮᠵᠢᠨ ︽ᠪᠤᠬᠢᠷᠳᠤᠯ ᠦᠬᠡᠢ᠂ ᠬᠠᠮᠵᠢᠯᠴᠠᠬᠤ᠂ ᠪᠠᠷᠢᠮᠳᠠᠯᠠᠬᠤ ᠪᠠ ᠬᠠᠷᠢᠭᠤᠴᠠᠬᠤ︾ ᠤᠢᠢᠯᠠᠭᠠᠭᠳᠠᠬᠤᠨ ᠢ ᠪᠡᠶ᠎ᠠ ᠪᠠᠷ ᠢᠶᠠᠨ ᠦᠢᠯᠡᠳᠦᠯᠬᠡᠵᠢᠬᠦᠯᠦᠭᠰᠡᠨ ᠪᠠᠶᠢᠨ᠎ᠠ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号