ᠤᠶᠢᠷᠠᠳ ᠮᠤᠩᠭᠤᠯᠴᠦᠦᠠ ᠴᠡᠭᠡᠷ ᠶᠤᠰᠤ ᠪᠠᠷ ᠭᠡᠤᠭᠡᠤᠠ ᠢᠶᠠᠨ ᠭᠦᠮᠦᠵᠢᠭᠦᠯᠭᠦ ᠲᠤᠬᠠᠢ
ᠨᠡᠶᠢᠲᠡᠯᠡᠭᠰᠡᠨ ᠴᠠᠭ᠄
2020/7/29
      ᠤᠶᠢᠷᠠᠳ ᠮᠤᠩᠭᠤᠯᠴᠦᠦᠠ ᠴᠡᠭᠡᠷ ᠶᠤᠰᠤ ᠪᠠᠷ ᠭᠡᠤᠭᠡᠤᠠ ᠢᠶᠠᠨ ᠰᠤᠷᠭᠠᠨ ᠭᠦᠮᠦᠵᠢᠭᠦᠯᠵᠦ᠂ ᠠᠬ᠎ᠠ ᠵᠠᠬᠠᠰ ᠢᠶᠠᠨ ᠭᠦᠠᠳᠦᠯᠡᠨ᠂ ᠠᠵᠢᠯ ᠭᠦᠳᠡᠯᠮᠦᠷᠢ ᠳᠤ ᠰᠢᠭᠤᠷᠬᠠᠶᠢᠯᠠᠨ᠂ ᠠᠶᠢᠯ ᠤᠯᠠᠨ ᠲᠠᠢ ᠪᠠᠨ ᠡᠶ᠎ᠡ ᠨᠠᠶᠢᠷ ᠲᠠᠢ ᠶᠠᠪᠤᠯᠴᠠᠵᠦ᠂ ᠠᠵᠠ ᠵᠢᠷᠭᠠᠯᠳᠠᠢ ᠠᠮᠢᠳᠤᠷᠠᠬᠤ ᠶᠢ ᠰᠤᠷᠭᠠᠳᠠᠭ᠃ ᠨᠠᠶᠢᠭᠡᠮ ᠤᠨ ᠡᠪ ᠵᠤᠭᠢᠴᠠᠯ ᠨᠢ ᠶᠠᠭᠤᠨ ᠤ ᠲᠡᠷᠢᠭᠦᠨ ᠳᠤ ᠭᠡᠷ  ᠪᠦᠯᠢ ᠶᠢᠨ ᠡᠪ ᠵᠤᠭᠢᠴᠠᠯ ᠠᠴᠠ ᠡᠭᠢᠯᠡᠳᠡᠭ᠃ ᠮᠤᠩᠭᠤᠯᠴᠦᠦᠠ ᠠᠯᠢ ᠡᠷᠳᠠ ᠠᠴᠠ ᠠᠪᠤᠭᠠᠳ ᠤᠳᠤ ᠭᠦᠷᠳᠡᠯ᠎ᠠ ᠦᠷ᠎ᠠ ᠭᠡᠤᠭᠡᠤᠠ ᠲᠡᠭᠡᠨ ᠠᠷᠠᠳ ᠲᠦᠮᠡᠨ ᠪᠠ ᠡᠭᠡ ᠤᠯᠤᠰ ᠲᠠᠭᠠᠨ ᠦᠨᠠᠨᠴᠢ ᠰᠢᠳᠤᠷᠭᠤ ᠪᠠᠶᠢᠵᠦ᠂ ᠶᠤᠰᠤ ᠮᠤᠷᠠᠯ ᠲᠠᠢ ᠭᠦᠮᠦᠨ ᠪᠤᠯᠵᠦ ᠭᠦᠮᠦᠵᠢᠭᠳᠡᠭᠦ ᠶᠠᠪᠤᠳᠠᠯ ᠢ ᠴᠢᠩᠭ᠎ᠠ ᠱᠠᠭᠠᠷᠳᠠᠵᠦ ᠢᠷᠡᠭᠰᠡᠨ ᠶᠤᠮ᠃ ᠥᠭᠡᠷ᠎ᠠ ᠪᠠᠷ ᠭᠡᠯᠡᠪᠠᠯ᠂ ᠦᠷ᠎ᠠ ᠭᠡᠤᠭᠡᠤᠠ ᠲᠡᠭᠡᠨ ᠪᠤᠯᠪᠠᠰᠤᠨ ᠶᠤᠰᠤᠷᠬᠠᠭ ᠭᠦᠮᠦᠨ ᠪᠤᠯᠵᠦ ᠭᠦᠮᠦᠵᠢᠭᠳᠡᠭᠦ ᠤᠴᠢᠷ ᠶᠤᠰᠤ ᠶᠢ ᠠᠯᠢ ᠡᠷᠳᠠ ᠠᠴᠠ ᠠᠪᠤᠭᠠᠳ ᠦᠷᠭᠦᠯᠵᠢ ᠶᠢᠨ ᠴᠢᠨᠠᠷᠳᠠᠢ ᠪᠠᠷ ᠵᠢᠭᠠᠨ ᠰᠤᠷᠭᠠᠵᠦ ᠢᠷᠡᠭᠰᠡᠨ ᠲᠡᠤᠭᠡ ᠲᠠᠢ ᠪᠢᠯᠠ᠃ ᠭᠡᠭᠦ ᠳᠤ ᠤᠳᠤ ᠶᠢᠨ ᠤᠯᠠᠩᠭᠢ ᠭᠡᠤᠭᠡᠤᠠ ᠪᠠᠭᠠᠴᠦᠦᠠ ᠦᠨᠳᠦᠰᠦᠳᠡᠨ ᠤ ᠪᠠᠨ ᠴᠡᠭᠡᠷ ᠶᠤᠰᠤᠨ ᠤ ᠴᠠᠭᠠᠳᠤᠭᠢ ᠭᠦᠨ ᠤᠳᠬ᠎ᠠ ᠠᠭᠤᠯᠭ᠎ᠠ ᠶᠢ ᠤᠶᠢᠯᠠᠭᠠᠬᠤ ᠦᠭᠡᠢ ᠪᠠᠶᠢᠨ᠎ᠠ᠃ ᠮᠠᠨ ᠤ ᠮᠤᠩᠭᠤᠯᠴᠦᠦᠠ ᠤᠨ ᠴᠡᠭᠡᠷ ᠲᠤ ᠶᠠᠷᠢᠶᠠᠨ ᠦᠭᠡᠢ ᠵᠤᠷᠢᠯᠭ᠎ᠠ ᠲᠠᠢ ᠪᠠᠷ ᠪᠠᠶᠢᠭᠠᠯᠢ ᠠᠴᠠ ᠲᠠᠪᠠᠭᠰᠠᠨ ᠷᠢᠳᠢ ᠰᠢᠳᠢ ᠨᠠᠮᠠᠵᠦ ᠡᠭᠦᠨ ᠢ ᠵᠦᠷᠢᠴᠠᠪᠠᠯ ᠶᠠᠮᠠᠷ ᠶᠠᠮᠠᠷ ᠦᠷ᠎ᠠ ᠳ᠋ᠦᠩ ᠳᠤ ᠭᠦᠷᠦᠨ᠎ᠠ ᠭᠡᠵᠦ ᠰᠦᠷᠳᠡᠭᠦᠯᠳᠡᠭ᠃ ᠮᠠᠨ ᠤ ᠮᠤᠩᠭᠤᠯᠴᠦᠦᠠ ᠪᠤᠯ ᠠᠯᠢ ᠡᠷᠳᠡ ᠠᠴᠠ ᠠᠪᠤᠭᠠᠳ ᠠᠯᠢ ᠤᠯᠠᠨ ᠰᠤᠷᠭᠠᠯ ᠦᠭᠡ ᠪᠤᠯᠤᠨ ᠴᠡᠭᠡᠷᠯᠡᠭᠦ ᠵᠦᠢᠯ ᠢᠶᠠᠷ ᠭᠡᠤᠭᠡᠤᠠ ᠢᠶᠠᠨ ᠠᠮᠤᠷ ᠲᠦᠪᠰᠢᠨ᠂ ᠪᠤᠯᠪᠠᠰᠤᠨ ᠶᠤᠰᠤᠷᠬᠠᠭ ᠵᠠᠩ ᠲᠠᠳᠬᠠᠯ ᠲᠠᠢ ᠪᠤᠯᠭᠠᠨ ᠭᠦᠮᠦᠵᠢᠭᠦᠯᠵᠦ ᠢᠷᠡᠭᠰᠡᠨ ᠲᠠᠤᠭᠡ ᠲᠠᠢ ᠶᠤᠮ᠃ ᠡᠳᠡᠭᠡᠷ ᠪᠦᠭᠦᠨ ᠨᠢ ᠤᠳᠤ ᠶᠢᠨ ᠤᠶᠤᠨ ᠤ ᠪᠤᠯᠪᠠᠰᠤᠨ ᠤ ᠪᠠᠶᠢᠭᠤᠯᠤᠯᠳᠠ ᠪᠤᠯᠤᠨ ᠡᠪ ᠵᠤᠭᠢᠴᠠᠯᠳᠠᠢ ᠨᠠᠶᠢᠭᠡᠮ ᠢ ᠴᠤᠭᠴᠠᠯᠠᠨ ᠪᠠᠶᠢᠭᠤᠯᠬᠤ ᠶᠠᠪᠤᠳᠠᠯ ᠳᠤ ᠵᠤᠭᠢᠬᠤ ᠭᠡᠮᠵᠢᠶᠠᠨ ᠤ ᠦᠢᠯᠡᠳᠦᠯ ᠦᠵᠡᠭᠦᠯᠵᠦ ᠪᠠᠶᠢᠬᠤ ᠨᠢ ᠲᠠᠮᠵᠢᠭ ᠦᠭᠡᠢ ᠶᠤᠮ᠃      ︽ᠪᠤᠯᠠᠭ  ᠤᠨ ᠭᠥᠪᠡᠭᠡ  ᠳᠤ ᠰᠢᠭᠡᠵᠦ ᠪᠠᠭᠠᠪᠠᠯ ᠠᠮᠠᠨ  ᠳᠤ ᠰᠢᠷᠬ᠎ᠠ ᠭᠠᠷᠤᠨ᠎ᠠ︾ ᠭᠡᠳᠡᠭ ᠴᠡᠭᠡᠷᠯᠡᠭᠦ ᠶᠤᠰᠤ  ᠪᠠᠷ ᠭᠡᠤᠭᠡᠤᠠ  ᠲᠡᠭᠡᠨ ᠬᠠᠷᠠᠬᠠᠨ ᠪᠠᠭ᠎ᠠ  ᠠᠴᠠ  ᠨᠢ ᠡᠭᠢᠯᠠᠨ᠂ ᠤᠷᠴᠢᠨ ᠲᠤᠭᠤᠷᠢᠨ  ᠤ ᠠᠷᠢᠭᠤᠨ ᠴᠡᠪᠡᠷ  ᠢ ᠡᠷᠭᠢᠮᠯᠠᠭᠦ ᠶᠤᠰᠤ ᠮᠤᠷᠠᠯ  ᠤᠨ ᠭᠦᠮᠦᠵᠢᠯ ᠭᠢᠵᠦ ᠪᠠᠶᠢᠭ᠎ᠠ ᠨᠢᠭᠡ ᠵᠦᠢᠯ  ᠤᠨ ᠰᠤᠷᠭᠠᠨ ᠭᠦᠮᠦᠵᠢᠭᠦᠯᠭᠦ ᠠᠷᠭ᠎ᠠ ᠪᠠᠷᠢᠯ ᠪᠤᠯᠤᠨ᠎ᠠ᠃ ᠡᠷᠳᠠᠡ  ᠤ ᠮᠤᠩᠭᠤᠯᠴᠦᠦᠠ ᠤᠷᠳᠤ ᠬᠤᠭᠤᠴᠠᠭᠠᠨ  ᠤ ᠨᠡᠭᠦᠳᠡᠯ ᠤᠨ ᠠᠮᠢᠳᠤᠷᠠᠯ  ᠢ ᠥᠩᠭᠡᠷᠡᠭᠦᠯᠵᠦ᠂ ᠨᠡᠭᠦᠵᠦ ᠰᠠᠭᠤᠬᠤ ᠶᠠᠪᠤᠴᠠ  ᠳᠠᠭᠠᠨ ᠪᠤᠯᠠᠭ  ᠤᠨ ᠡᠭᠢᠨ  ᠳᠤ ᠪᠠᠭᠤᠬᠤ᠂ ᠪᠤᠯᠠᠭ  ᠤᠨ ᠤᠰᠤᠨ  ᠳᠤ ᠴᠠᠭᠠᠨ ᠢᠳᠡᠭᠡᠨ  ᠤ ᠵᠦᠢᠯ  ᠢ ᠬᠢᠬᠦ  ᠶᠢ ᠮᠠᠰᠢ ᠴᠢᠩᠭ᠎ᠠ ᠴᠠᠭᠡᠷᠯᠠᠵᠦ᠂ ᠬᠤᠶᠢᠴᠢ ᠦᠶ᠎ᠠ  ᠶᠢᠨ ᠪᠠᠭᠠᠴᠦᠦᠠ ᠭᠡᠤᠭᠡᠤᠠ  ᠢᠶᠠᠨ ᠴᠢᠩᠭ᠎ᠠ  ᠪᠠᠷ ᠴᠠᠭᠡᠷᠯᠡᠭᠦ  ᠶᠢ ᠰᠤᠷᠭᠠᠳᠠᠭ ᠶᠤᠮ᠃ ᠪᠤᠯᠠᠭ  ᠤᠨ ᠭᠥᠪᠡᠭᠡ  ᠳᠤ ᠪᠠᠭᠠᠵᠦ ᠰᠢᠭᠡᠪᠠᠯ᠂ ᠭᠦᠮᠦᠨ  ᠤ ᠬᠠᠮᠠᠷ ᠠᠮᠠᠨ  ᠳᠤ ᠰᠢᠷᠬ᠎ᠠ ᠭᠠᠷᠬᠤ ᠶᠤᠰᠤ ᠤᠴᠢᠷ ᠦᠭᠡᠢ ᠪᠤᠯᠪᠠᠴᠦ ᠡᠨᠡ  ᠨᠢ ᠬᠠᠮᠤᠭ ᠠᠮᠢᠳᠠᠨ  ᠤ ᠠᠷᠢᠭᠤᠨ ᠤᠮᠳᠠ ᠪᠤᠯᠤᠭᠰᠠᠨ ᠪᠤᠯᠠᠭ ᠤᠨ ᠤᠰᠤ  ᠶᠢ ᠪᠤᠵᠠᠷᠳᠠᠭᠤᠯᠵᠦ ᠪᠤᠯᠬᠤ ᠦᠭᠡᠢ ᠭᠡᠰᠡᠠ ᠤᠷᠴᠢᠨ ᠲᠤᠭᠤᠷᠢᠨ  ᠤ ᠠᠷᠢᠭᠤᠨ ᠴᠡᠪᠡᠷ  ᠢ ᠬᠠᠮᠠᠭᠠᠯᠠᠬᠤ ᠶᠤᠰᠤ ᠮᠤᠷᠠᠯ  ᠤᠨ ᠭᠦᠮᠦᠵᠢᠯ ᠭᠢᠵᠦ ᠪᠠᠶᠢᠭ᠎ᠠ ᠭᠡᠷᠡᠭ ᠶᠠᠪᠤᠳᠠᠯ ᠪᠤᠯᠤᠨ᠎ᠠ᠃ ᠭᠡᠪᠠᠴᠦ ᠪᠢᠳᠠ ᠴᠡᠭᠡᠷ ᠶᠤᠰᠤᠨ  ᠤ ᠤᠭ ᠵᠤᠷᠢᠯᠭ᠎ᠠ  ᠶᠢ ᠠᠩᠬᠠᠷᠬᠤ ᠦᠭᠡᠢ᠂ ᠵᠥᠪᠭᠡᠨ ᠲᠡᠭᠦᠨ  ᠢ ᠵᠦᠷᠢᠴᠡᠭᠰᠡᠨ ᠦᠷ᠎ᠠ ᠳ᠋ᠦᠩ  ᠢ  ᠯᠠ ᠠᠩᠬᠠᠷᠴᠦ᠂ ᠴᠡᠭᠡᠷ ᠶᠤᠰᠤ  ᠶᠢ ᠦᠭᠡᠶᠢᠰᠭᠡᠪᠠᠯ ᠲᠠᠰᠤ ᠪᠤᠷᠤᠭᠤᠳᠠᠭᠰᠠᠨ ᠶᠠᠪᠤᠳᠠᠯ ᠪᠤᠯᠤᠨ᠎ᠠ᠃ ᠡᠷᠳᠡᠨ  ᠤ ᠮᠤᠩᠭᠤᠯᠴᠦᠦᠠ ᠡᠶᠢᠮᠦᠷᠬᠦ ᠴᠡᠭᠡᠷ ᠶᠤᠰᠤ  ᠶᠢ ᠭᠡᠷᠡᠭᠵᠢᠭᠦᠯᠭᠦ  ᠶᠢᠨ ᠲᠦᠯᠦᠭᠡ ᠵᠤᠷᠢᠯᠭ᠎ᠠ ᠲᠠᠢ ᠪᠠᠷ ᠷᠢᠳᠢ ᠰᠢᠳᠢ ᠨᠡᠮᠡᠭᠰᠡᠨ ᠪᠠᠶᠢᠨ᠎ᠠ᠃ ᠪᠢᠳᠡ ᠨᠠᠷᠢᠪᠴᠢᠯᠡᠨ ᠰᠢᠠᠵᠢᠪᠠᠯ ᠮᠤᠩᠭᠤᠯᠴᠤᠳ  ᠤᠨ ᠴᠡᠭᠡᠷ ᠶᠤᠰᠤᠨ  ᠤ ᠦᠢᠯᠡᠳᠦᠯ ᠴᠢᠨᠠᠷ  ᠢ ᠰᠢᠨᠵᠢᠯᠡᠭᠦ ᠤᠬᠠᠭᠠᠨ  ᠤ ᠡᠭᠦᠳᠡᠨ  ᠠᠴᠠ᠂ ᠶᠤᠰᠤ ᠰᠤᠷᠳᠠᠬᠤᠨ ᠤ ᠲᠠᠯ᠎ᠠ ᠠᠴᠠ ᠭᠦᠠᠵᠡᠭᠡᠢ ᠤᠶᠢᠯᠠᠭᠠᠵᠦ ᠪᠤᠯᠬᠤ ᠶᠤᠮ᠃      ᠤᠶᠢᠷᠠᠳ ᠮᠤᠩᠭᠤᠯᠴᠦᠦᠠ ᠤᠨ ᠵᠠᠩ ᠦᠢᠯᠠ ᠪᠠ ᠲᠡᠭᠦᠨ ᠤ ᠭᠡᠪᠰᠢᠭᠰᠡᠠ ᠶᠤᠰᠤᠨ ᠳᠤ ᠴᠡᠭᠡᠷᠯᠡᠭᠦ ᠦᠭᠡᠢ ᠶᠠᠭᠤᠮ᠎ᠠ ᠭᠡᠵᠦ ᠶᠠᠷᠦ ᠪᠠᠷᠤᠭ ᠪᠠᠶᠢᠬᠤ ᠦᠭᠡᠢ᠃ ᠡᠭᠦᠨ ᠳᠤ ᠠᠭᠤᠯᠠ ᠨᠢᠷᠤᠭᠤ᠂ ᠡᠷᠭᠢ ᠬᠠᠳ᠋ᠨ᠂ ᠭᠤᠤᠯ ᠭᠤᠷᠤᠬ᠎ᠠ᠂ ᠡᠪᠠᠰᠤ ᠮᠤᠳᠤᠨ᠂ ᠠᠳᠤᠭᠤᠰᠤᠨ ᠠᠮᠢᠳᠠᠨ᠂ ᠡᠳᠦᠷ ᠰᠠᠷ᠎ᠠ᠂ ᠥᠭᠡ ᠶᠠᠷᠢᠶ᠎ᠠ᠂ ᠦᠢᠯᠠ ᠠᠵᠢᠯᠯᠠᠭ᠎ᠠ᠂ ᠪᠠᠶᠢᠭᠠᠯᠢ ᠶᠢᠨ ᠦᠵᠡᠭᠳᠡᠯ᠂ ᠢᠳᠡᠰᠢ ᠤᠤᠭᠤᠰᠢ᠂ ᠪᠠᠶ᠎ᠠ ᠮᠠᠬᠠᠪᠤᠤᠠ ᠤᠨ ᠢᠯᠡᠷᠡᠯ᠂ ᠠᠷᠢᠭᠤᠨ ᠴᠡᠪᠡᠷ᠂ ᠠᠮᠤᠷ ᠲᠦᠪᠰᠢᠨ ᠵᠡᠷᠭᠡ ᠨᠡᠶᠢᠭᠡᠮ ᠪᠠᠶᠢᠭᠠᠯᠢ ᠶᠢᠨ ᠪᠦᠭᠦ ᠲᠠᠯ᠎ᠠ ᠳᠤ ᠬᠠᠮᠤᠷᠤᠭᠳᠠᠬᠤ ᠤᠯᠠᠨ ᠠᠭᠤᠯᠭ᠎ᠠ ᠶᠢ ᠪᠦᠷ ᠪᠠᠭᠳᠠᠭᠠᠳᠠᠭ ᠪᠠᠶᠢᠨ᠎ᠠ᠃      ᠮᠤᠩᠭᠤᠯ ᠦᠨᠳᠦᠰᠦᠳᠡᠨ ᠪᠤᠯ ᠪᠠᠶᠢᠭᠠᠯᠢ ᠶᠢᠷᠳᠢᠠᠴᠦ ᠲᠠᠢ ᠡᠶᠠᠳᠠᠠ ᠵᠤᠭᠢᠴᠠᠯᠳᠤᠵᠦ ᠠᠵᠦ ᠲᠦᠷᠦᠵᠦ ᠢᠷᠡᠭᠰᠡᠨ ᠪᠤᠯᠪᠠᠰᠤᠨ ᠦᠨᠳᠦᠰᠦᠳᠡᠨ ᠶᠤᠮ᠃ ᠡᠨᠡ ᠲᠤᠬᠠᠢ ᠤᠶᠢᠷᠠᠳ ᠮᠤᠩᠭᠤᠯᠴᠦᠦᠠ ᠤᠨ ᠴᠡᠭᠡᠷ ᠶᠤᠰᠤᠨ ᠳᠤ ᠲᠤᠳᠤᠷᠬᠠᠢ ᠲᠤᠰᠬᠠᠭᠳᠠᠵᠦ ᠪᠠᠶᠢᠨ᠎ᠠ᠃ ᠪᠠᠭ᠎ᠠ ᠭᠡᠤᠭᠡᠤᠠ ᠪᠤᠶᠤ ᠵᠠᠯᠠᠭᠤ ᠨᠠᠰᠤᠳᠠᠢ ᠭᠦᠮᠦᠰ ᠠᠬᠠᠮᠠᠳ ᠭᠦᠮᠦᠨ ᠤ ᠨᠠᠷ᠎ᠠ ᠶᠢ ᠰᠢᠭᠤᠤᠠ ᠲᠠᠭᠤᠳᠠᠬᠤ ᠶᠢ ᠴᠡᠭᠡᠷᠯᠠᠵᠦ᠂ ᠨᠠᠰᠤ ᠵᠢᠯ ᠢ ᠨᠢ ᠦᠵᠠᠵᠦ ᠭᠦᠠᠳᠦᠳᠭᠡᠨ ᠲᠠᠭᠤᠳᠠᠨ᠎ᠠ᠃ ᠨᠡᠩ ᠢᠯᠠᠩᠭᠤᠶ᠎ᠠ ᠪᠠᠷᠢ ᠪᠤᠯᠤᠭᠰᠠᠳ ᠬᠠᠳᠠᠮ ᠤᠨ ᠲᠠᠯ᠎ᠠ ᠶᠢᠨ ᠠᠬᠠᠮᠠᠳ ᠭᠦᠮᠦᠰ ᠤᠨ ᠨᠠᠷ᠎ᠠ ᠶᠢ ᠰᠢᠭᠤᠤᠠ ᠲᠠᠭᠤᠳᠠᠪᠠᠯ ᠮᠠᠭᠤ ᠢᠷᠸ᠎ᠠ ᠲᠠᠢ ᠶᠤᠮ ᠭᠡᠵᠦ ᠴᠡᠭᠡᠷᠯᠡᠳᠡᠭ ᠶᠤᠮ᠃ ᠭᠡᠷᠪᠡ ᠠᠳᠠᠯᠢ ᠨᠡᠷ᠎ᠡ ᠲᠠᠢ ᠤᠠᠳᠤᠤ ᠭᠦᠮᠦᠨ ᠤ ᠨᠠᠷ᠎ᠠ ᠶᠢ ᠭᠡᠯᠡᠭᠦ ᠴᠢᠬᠤᠯᠠᠳᠠᠢ ᠪᠤᠯ ᠤᠠᠳᠤᠤ ᠨᠢᠭᠡ ᠦᠭᠡ ᠪᠠᠷ ᠰᠤᠯᠢᠬᠤ ᠪᠤᠶᠤ ᠲᠦᠯᠦᠭᠡᠯᠡᠭᠦᠯᠵᠦ ᠭᠡᠯᠡᠨ᠎ᠠ᠃ ᠡᠭᠦᠨ ᠠᠴᠠ ᠤᠠᠳᠤᠤ ᠪᠡᠯᠭᠡ ᠦᠭᠡᠢ ᠦᠭᠡ ᠶᠢ ᠴᠡᠭᠡᠷᠯᠠᠵᠦ ᠭᠡᠯᠡᠳᠡᠭ᠃ ᠡᠭᠦᠨ ᠠᠴᠠ ᠭᠠᠳᠠᠨ᠎ᠠ ᠪᠠᠰᠠ ᠭᠤᠤᠯ ᠭᠤᠷᠤᠬ᠎ᠠ᠂ ᠪᠤᠯᠠᠭ ᠷᠠᠰᠢᠶᠠᠨ ᠵᠡᠷᠭᠡ ᠨᠢ ᠯᠤᠤᠰᠳᠤ ᠶᠢᠨ ᠤᠷᠤᠠ ᠭᠡᠵᠦ ᠶᠡᠭᠡ ᠡᠷᠭᠢᠮᠨᠠᠨ ᠰᠢᠳᠦᠵᠦ᠂ ᠲᠡᠳᠡᠭᠡᠷ ᠭᠠᠵᠠᠷ ᠢ ᠲᠡᠭᠢᠵᠦ ᠢᠷᠡᠭᠰᠡᠨ ᠪᠠᠶᠢᠳᠠᠭ᠃ ᠤᠳᠤ ᠴᠦ ᠭᠡᠰᠡᠨ ᠵᠠᠷᠢᠮ ᠭᠠᠵᠠᠷ ᠲᠤ ᠲᠦᠷᠦᠯ ᠰᠠᠳᠤᠨ ᠢᠶᠠᠷ ᠢᠶᠠᠨ ᠪᠤᠯᠠᠭ ᠲᠠᠭᠢᠬᠤ ᠦᠵᠡᠭᠳᠡᠯ ᠪᠦᠷ ᠪᠠᠶᠢᠨ᠎ᠠ᠃ ᠡᠭᠦᠨ ᠳᠤ ᠪᠤᠯᠠᠭ ᠤᠨ ᠡᠭᠢᠨ᠂ ᠬᠠᠵᠠᠭᠤ ᠳᠤ ᠪᠤᠶᠤ ᠤᠰᠤᠨ ᠳᠤ ᠮᠥᠷ ᠦᠵᠡᠭᠦ ︵ᠰᠢᠭᠡᠬᠦ︶ ᠠᠴᠠ ᠣᠨᠴᠠ ᠴᠠᠭᠡᠷᠯᠠᠨ᠎ᠠ᠃ ᠤᠶᠢᠷᠠᠳ ᠮᠤᠩᠭᠤᠯᠴᠦᠦᠠ ᠪᠠᠰᠠ ᠭᠠᠵᠠᠷ ᠤᠰᠤᠨ ᠤ ᠰᠠᠪᠳᠠᠭ ᠠᠳᠦ᠋ᠢᠨ᠎ᠠ ᠭᠡᠵᠦ ᠮᠤᠳᠤ ᠶᠢ ᠭᠦᠭᠡ ᠪᠠᠷ ᠨᠢ ᠭᠡᠷᠴᠢᠵᠦ ᠲᠠᠭᠠᠷᠢᠬᠤ ᠶᠢ ᠴᠡᠭᠡᠷᠯᠡᠭᠦ ᠶᠢᠨ ᠬᠠᠮᠳᠤ ᠠᠩ ᠳᠤ ᠭᠠᠷᠪᠠᠯ ᠬᠠᠷᠢᠨ ᠠᠮᠢᠳᠠᠨ ᠢ ᠢᠯᠡᠭᠦᠦ ᠠᠯᠠᠵᠦ ᠤᠯᠠᠨ ᠭᠦᠨᠦᠭᠡᠭᠦ ᠶᠢ ᠴᠡᠭᠡᠷᠯᠡᠳᠡᠭ ᠲᠤᠭᠳᠠᠭᠰᠠᠨ ᠶᠤᠰᠤ ᠵᠢᠷᠤᠮ ᠲᠠᠢ ᠪᠠᠶᠢᠵᠦ᠂ ᠭᠡᠭᠡᠯᠳᠡᠢ ᠭᠦᠷᠦᠭᠡᠰᠦ ᠪᠤᠶᠤ ᠨᠢᠯᠬ᠎ᠠ ᠭᠦᠷᠦᠭᠡᠰᠦ ᠶᠢ ᠠᠩᠨᠠᠳᠠᠭ ᠦᠭᠡᠢ᠃ ᠪᠠᠰᠠ ᠭᠠᠵᠠᠷ ᠤᠨ ᠭᠦᠷᠦᠰᠦ ᠶᠢ ᠮᠠᠯᠳᠠᠨ ᠭᠦᠯᠪᠠᠷᠢᠭᠦᠯᠭᠦ ᠶᠢ ᠲᠤᠩ ᠴᠡᠭᠡᠷᠯᠡᠳᠡᠭ᠃ ᠡᠳᠡᠭᠡᠷ ᠨᠢ ᠪᠠᠶᠢᠭᠠᠯᠢ ᠶᠢᠨ ᠤᠷᠴᠢᠨ ᠲᠤᠭᠤᠷᠢᠨ ᠢ ᠬᠠᠮᠠᠭᠠᠯᠠᠵᠦ ᠠᠮᠢ ᠠᠬᠤᠢ ᠶᠢᠨ ᠲᠡᠩᠴᠡᠭᠦᠷᠢ ᠶᠢ ᠪᠠᠳᠤᠯᠠᠵᠦ ᠪᠠᠶᠢᠬᠤ ᠤᠴᠢᠷ ᠪᠢᠯᠠ᠃ ᠡᠨᠡ ᠮᠠᠳᠤᠴᠢᠯᠠᠨ ᠨᠢᠭᠡ ᠭᠠᠵᠠᠷ ᠤᠯᠠᠨ ᠬᠤᠳᠳᠤᠭ ᠮᠠᠯᠳᠠᠬᠤ ᠶᠢ ᠴᠡᠭᠡᠷᠯᠡᠭᠦ᠂ ᠤᠷᠤᠰᠬᠠᠯ ᠤᠰᠤ ᠨᠠᠭᠤᠷ ᠴᠦᠭᠦᠷᠦᠮ ᠤᠷᠤᠭᠤ ᠰᠢᠭᠡᠵᠦ ᠪᠠᠭᠠᠬᠤ᠂ ᠪᠠᠶ᠎ᠠ ᠪᠠᠨ ᠤᠭᠢᠶᠠᠬᠤ ᠪᠤᠶᠤ ᠤᠶᠢᠷ᠎ᠠ ᠬᠠᠪᠢ ᠶᠢᠨ ᠮᠤᠳᠤ ᠶᠢ ᠭᠡᠷᠴᠢᠭᠦ ᠶᠢ ᠴᠡᠭᠡᠷᠯᠡᠳᠡᠭ ᠴᠡᠭᠡᠷ ᠶᠤᠰᠤ ᠨᠢ ᠪᠦᠷ ᠪᠠᠶᠢᠭᠠᠯᠢ ᠶᠢᠨ ᠤᠩᠭᠤᠠ ᠪᠠᠶᠢᠳᠠᠯ ᠢ ᠬᠠᠮᠠᠭᠠᠯᠠᠭᠰᠠᠨ ᠰᠢᠨᠵᠢᠯᠡᠭᠦ ᠤᠬᠠᠭᠠᠠᠴᠢ ᠠᠷᠭ᠎ᠠ ᠪᠤᠯᠤᠨ᠎ᠠ᠃      ᠤᠶᠢᠷᠠᠳ ᠮᠤᠩᠭᠤᠯᠴᠦᠦᠠ ᠤᠨ ᠵᠠᠷᠢᠮ ᠶᠤᠰᠤ ᠶᠢ ᠨᠠᠷᠢᠪᠴᠢᠯᠠᠨ ᠰᠢᠨᠵᠢᠯᠠᠪᠠᠯ ᠲᠠᠷᠠ ᠨᠢ ᠭᠦᠮᠦᠰ ᠤᠨ ᠠᠮᠤᠷ ᠲᠦᠪᠰᠢᠨ ᠪᠠᠶᠢᠬᠤ ᠪᠠ ᠡᠪᠠᠳᠴᠢᠨ ᠲᠠᠬᠤᠯ ᠠᠴᠠ ᠰᠡᠷᠭᠡᠶᠢᠯᠡᠭᠰᠡᠨ ᠵᠤᠷᠢᠯᠭ᠎ᠠ ᠲᠠᠢ ᠪᠠᠶᠢᠳᠠᠭ᠃ ᠵᠢᠱᠢᠶᠠᠯᠠᠪᠠᠯ᠄ ᠭᠡᠤᠭᠡᠤᠠ ᠨᠤᠬᠠᠢ ᠵᠠᠶᠢᠳᠠᠯᠠᠬᠤ ᠪᠤᠶᠤ ᠨᠤᠬᠠᠢ ᠲᠠᠢ ᠨᠠᠭᠠᠳᠬᠤ ᠶᠢ ᠴᠡᠭᠡᠷᠯᠠᠳᠡᠭ ᠨᠢ ᠨᠤᠬᠠᠢ ᠳᠤ ᠵᠠᠭᠤᠯᠭᠠᠬᠤ ᠠᠴᠠ ᠰᠡᠷᠭᠡᠶᠢᠯᠡᠭᠰᠡᠨ ᠤᠴᠢᠷ ᠶᠤᠮ᠃ ᠵᠤᠠ ᠤ ᠴᠠᠭ ᠲᠤ ᠪᠠᠭ᠎ᠠ ᠭᠡᠤᠭᠡᠤᠠ ᠡᠷᠭᠢ ᠲᠤᠤᠷ᠎ᠠ ᠤᠴᠢᠵᠦ ᠨᠠᠭᠠᠳᠬᠤ ᠶᠢ ᠴᠡᠭᠡᠷᠯᠠᠳᠡᠭ ᠨᠢ ᠡᠷᠭᠢ ᠨᠤᠷᠠᠵᠦ ᠲᠠᠷᠤᠭᠳᠠᠬᠤ ᠠᠴᠠ ᠰᠡᠷᠭᠡᠶᠢᠯᠡᠵᠦ᠂ ᠭᠡᠤᠭᠡᠤᠠ ᠵᠠᠮ ᠲᠡᠭᠡᠷ᠎ᠠ ᠨᠥᠭᠡ ᠮᠠᠯᠳᠠᠵᠦ ᠪᠤᠯᠬᠤ ᠦᠭᠡᠢ ᠭᠡᠵᠦ ᠴᠡᠭᠡᠷᠯᠡᠳᠡᠭ ᠨᠢ ᠵᠠᠮ ᠤᠨ ᠭᠦᠮᠦᠰ ᠤᠨ ᠠᠮᠤᠷ ᠲᠦᠪᠰᠢᠨ ᠢ ᠪᠤᠳᠤᠯᠭᠢᠯᠡᠬᠰᠠᠨ ᠶᠤᠮ᠃ ᠪᠤᠳᠠᠭ᠎ᠠ ᠢᠳᠡᠵᠦ ᠪᠠᠶᠢᠭᠠᠳ ᠦᠭᠡ ᠶᠠᠷᠢᠬᠤ ᠶᠢ ᠴᠡᠭᠡᠷᠯᠡᠭᠦ᠂ ᠬᠤᠭᠤᠯᠠ ᠢᠳᠡᠵᠦ ᠪᠠᠷᠠᠮᠠᠭᠴᠠ ᠭᠡᠪᠳᠡᠭᠦ᠂ ᠡᠰᠡᠭᠦᠯ᠎ᠠ ᠢᠳᠡᠵᠦ ᠪᠠᠶᠢᠭᠠᠳ ᠨᠤᠮ ᠦᠵᠡᠭᠦ ᠶᠢ ᠴᠡᠭᠡᠷᠯᠡᠭᠦ ᠵᠡᠷᠭᠡ ᠤᠯᠠᠨ ᠴᠡᠭᠡᠷ ᠨᠢ ᠴᠦᠮ ᠭᠦᠮᠦᠰ ᠤᠨ ᠡᠷᠠᠭᠦᠯ ᠮᠠᠡᠳᠦ ᠶᠢ ᠬᠠᠮᠠᠭᠠᠯᠠᠬᠤ ᠳᠤ ᠲᠤᠰᠠᠳᠠᠢ ᠪᠠᠶᠢᠵᠦ᠂ ᠤᠳᠤ ᠶᠢᠨ ᠡᠮ ᠡᠮᠨᠡᠯᠭᠡ ᠶᠢᠨ ᠤᠬᠠᠭᠠᠨ ᠲᠠᠢ ᠵᠤᠭᠢᠴᠠᠵᠦ ᠪᠠᠶᠢᠨ᠎ᠠ᠃      ᠤᠶᠢᠷᠠᠳ ᠮᠤᠩᠭᠤᠯᠴᠦᠦᠠ ᠭᠠᠯ ᠢ ᠠᠵᠦ ᠠᠮᠢᠳᠤᠷᠠᠯ ᠤᠨ ᠦᠭᠡᠳᠠ ᠡᠰᠡᠷᠡᠭ ᠤᠨ ᠪᠡᠯᠭᠡᠳᠡᠯ ᠭᠡᠵᠦ ᠭᠠᠯ ᠢ ᠲᠡᠭᠢᠵᠦ ᠪᠠᠶᠢᠳᠠᠭ᠃ ᠭᠠᠯ ᠳᠤ ᠬᠤᠭ ᠪᠤᠭ ᠤᠷᠤᠭᠤᠯᠬᠤ ᠠᠴᠠ ᠴᠡᠭᠡᠷᠯᠡᠭᠦ ᠪᠥᠭᠡᠳ ᠪᠠᠰᠠ ᠭᠠᠯ ᠤᠨ ᠪᠤᠷᠬᠠᠨ ᠠᠭᠤᠷᠯᠠᠨ᠎ᠠ ᠭᠡᠤᠠ ᠭᠠᠯ ᠳᠤ ᠤᠰᠤ ᠭᠢᠭᠦ᠂ ᠭᠠᠯ ᠢ ᠬᠤᠳᠬᠤᠬᠤ ᠶᠢ ᠴᠠᠭᠡᠷᠯᠠᠨ᠎ᠠ᠃ ᠪᠠᠰᠠ ᠮᠠᠯ ᠰᠠᠯᠵᠦ ᠭᠡᠭᠡᠭᠳᠡᠷᠠᠨ᠎ᠠ ᠭᠡᠤᠠ ᠭᠠᠯ ᠰᠠᠯᠭᠠᠬᠤ ᠶᠢ ᠴᠡᠭᠡᠷᠯᠡᠳᠡᠭ᠃      ᠤᠶᠢᠷᠠᠳ ᠮᠤᠩᠭᠤᠯᠴᠦᠦᠠ ᠪᠠᠰᠠ ᠦᠢᠯᠠ ᠤᠴᠢᠷ ᠤᠨ ᠶᠠᠪᠤᠭᠳᠠᠬᠤ ᠤᠷᠤᠨ ᠵᠠᠢ᠂ ᠴᠠᠭ ᠬᠤᠭᠤᠴᠠᠭᠠᠨ ᠳᠤ ᠬᠤᠯᠪᠤᠭᠳᠠᠬᠤ ᠴᠠᠭᠡᠷᠯᠡᠭᠦ ᠶᠤᠰᠤᠨ ᠪᠠᠶᠢᠳᠠᠭ᠃ ᠲᠠᠷᠠ ᠨᠢ ᠲᠠᠷᠤᠢ ᠭᠦᠮᠦᠨ ᠦᠭᠦᠪᠠᠯ ᠡᠭᠦᠳᠡ ᠪᠠᠷ ᠭᠠᠷᠭᠠᠳᠠᠭ ᠦᠭᠡᠢ᠃ ᠮᠤᠩᠭᠤᠯ ᠭᠡᠷ ᠪᠤᠯ ᠪᠠᠭᠤᠯᠭᠠᠵᠦ ᠪᠠᠶᠢᠭᠠᠳ ᠭᠠᠷᠭᠠᠳᠠᠭ ᠪᠠ ᠪᠠᠶᠢᠰᠢᠩ ᠭᠡᠷ ᠪᠤᠯ ᠴᠤᠩᠬᠤ ᠪᠠᠷ ᠭᠦᠯ ᠢ ᠨᠢ ᠭᠠᠳᠠᠭᠰᠢ ᠬᠠᠨᠳᠤᠭᠤᠯᠵᠦ ᠭᠠᠷᠭᠠᠨ᠎ᠠ᠃ ᠡᠭᠦᠨ ᠠᠴᠠ ᠭᠠᠳᠠᠨ᠎ᠠ ᠪᠢᠳ᠋ᠨ ᠴᠡᠭᠡᠷ ᠶᠤᠰᠤᠨ ᠤ ᠨᠠᠶᠢᠭᠡᠮ ᠤᠨ ᠦᠢᠯᠡᠳᠦᠯ ᠢ ᠤᠮᠳᠤᠭᠠᠶᠢᠯᠠᠵᠦ ᠪᠤᠯᠬᠤ ᠦᠭᠡᠢ᠃      ᠤᠶᠢᠷᠠᠳ ᠮᠤᠩᠭᠤᠯᠴᠦᠦᠠ ᠤᠨ ᠴᠡᠭᠡᠷ ᠶᠤᠰᠤ ᠨᠢ ᠭᠦᠮᠦᠰ ᠤᠨ ᠦᠢᠯᠠ ᠠᠵᠢᠯᠯᠠᠭ᠎ᠠ᠂ ᠦᠭᠡ ᠶᠠᠷᠢᠶ᠎ᠠ ᠶᠢ ᠵᠤᠭᠢᠴᠠᠩᠭᠤᠢ ᠪᠠᠶᠢᠯᠭᠠᠨ᠂ ᠭᠦᠮᠦᠨ ᠤ ᠬᠠᠷᠢᠴᠠᠭ᠎ᠠ ᠶᠢ ᠲᠤᠭᠢᠷᠠᠭᠤᠯᠵᠦ᠂ ᠭᠦᠮᠦᠰ ᠤᠨ ᠠᠵᠢᠯ ᠦᠢᠯᠡᠰ᠂ ᠠᠮᠢᠳᠤᠷᠠᠯ ᠲᠡᠮᠡᠴᠠᠯ ᠤᠨ ᠤᠷᠤᠭᠰᠢᠳᠠᠢ ᠪᠠᠶᠢᠬᠤ ᠶᠢ ᠪᠠᠳᠤᠯᠠᠬᠤ ᠶᠢᠨ ᠬᠠᠮᠳᠤ ᠡᠮᠭᠢ ᠲᠢᠭᠯᠢᠮ ᠢ ᠬᠠᠮᠠᠭᠠᠯᠠᠭᠰᠠᠨ ᠪᠠᠶᠢᠳᠠᠭ᠃ ᠵᠢᠱᠢᠶᠠᠯᠠᠪᠠᠯ᠄ ᠠᠬᠠᠮᠠᠳ ᠲᠡᠭᠡᠳᠦᠰ ᠤᠨ ᠨᠠᠷ᠎ᠠ ᠶᠢ ᠴᠡᠭᠡᠷᠯᠡᠭᠦ᠂ ᠠᠬᠠᠮᠠᠳ ᠤᠨ ᠲᠡᠷᠭᠡᠳᠠ ᠭᠡᠳᠡᠷᠭᠦ ᠪᠠᠨ ᠭᠡᠪᠳᠡᠭᠦ ᠶᠢ ᠴᠡᠭᠡᠷᠯᠡᠭᠦ ᠭᠡᠭᠦ ᠮᠡᠳᠦᠰ ᠤᠨ ᠭᠦᠠᠳᠦᠯᠡᠭᠦ ᠮᠡᠠᠳᠤᠯᠡᠭᠦ ᠶᠤᠰᠤ ᠲᠠᠢ ᠬᠤᠯᠪᠤᠭᠳᠠᠭᠰᠠᠨ ᠴᠡᠭᠡᠷ ᠤᠳ ᠪᠠ ᠪᠤᠰᠤᠤᠠ ᠤᠨ ᠪᠡᠯᠡᠭ ᠭᠡᠰᠢᠭ ᠢ ᠭᠦᠷᠳᠡᠭᠦ ᠳᠡᠭᠡᠨ ᠶᠠᠮᠠᠷ ᠴᠦ ᠶᠤᠰᠤ ᠭᠦᠢᠴᠡᠳᠭᠡᠯ ᠭᠢᠬᠦ ᠦᠭᠡᠢ ᠠᠪᠬᠤ ᠶᠢ ᠴᠡᠭᠡᠷᠯᠡᠭᠦ᠂ ᠠᠶᠢᠯ ᠤᠨ ᠤᠶᠠᠭᠠᠨ ᠲᠡᠭᠡᠷ᠎ᠠ ᠪᠠᠭᠤᠵᠦ ᠭᠡᠷ ᠵᠦᠭ ᠶᠠᠪᠤᠬᠤ ᠳᠠᠭᠠᠨ ᠯᠠᠪᠳᠠᠭᠤᠨ ᠲᠤᠭᠳᠠᠭᠤᠨ ᠪᠠᠶᠢᠬᠤ ᠶᠢ ᠠᠩᠬᠠᠷᠴᠦ ᠥᠪᠡᠷ ᠵᠠᠭᠤᠷ᠎ᠠ  ᠪᠠᠨ ᠢᠪᠡᠷ ᠰᠢᠪᠠᠷ ᠶᠠᠷᠢᠯᠴᠠᠬᠤ᠂ ᠢᠨᠢᠶᠠᠯᠳᠦᠭᠦ ᠪᠤᠶᠤ ᠢᠰᠭᠡᠷᠭᠦ᠂ ᠨᠢᠷᠤᠭᠤ ᠪᠠᠨ ᠡᠭᠦᠷᠭᠦ ᠵᠡᠷᠭᠡ ᠶᠢ ᠴᠡᠭᠡᠷᠯᠡᠭᠦ᠂ ᠵᠤᠴᠢᠳ ᠢᠷᠡᠭᠦ ᠳᠤ ᠬᠠᠶᠢᠰᠦᠨ ᠲᠤᠯᠭ᠎ᠠ᠂ ᠠᠶᠠᠭ᠎ᠠ ᠰᠢᠨᠠᠭ᠎ᠠ ᠪᠠᠨ ᠬᠠᠷᠵᠢᠭᠢᠨᠠᠭᠤᠯᠬᠤ᠂ ᠭᠦᠪᠡᠭᠦᠨ ᠭᠡᠤᠭᠡᠳ ᠢᠶᠠᠨ ᠴᠤᠭᠢᠵᠦ ᠬᠠᠷᠢᠶᠠᠬᠤ ᠶᠢ ᠴᠡᠭᠡᠷᠯᠡᠭᠦ ᠵᠡᠷᠭᠡ ᠪᠤᠰᠤᠤᠠ ᠢ ᠭᠦᠠᠳᠦᠳᠭᠡᠭᠰᠡᠨ ᠶᠤᠰᠤᠷᠬᠠᠭ ᠪᠤᠯᠪᠠᠰᠤᠨ ᠲᠠᠷᠤᠤ ᠭᠢᠴᠢᠶᠠᠩᠭᠦᠢ ᠪᠠᠶᠢᠬᠤ ᠶᠢ ᠰᠤᠷᠭᠠᠮᠵᠢᠯᠠᠭᠰᠠᠨ ᠴᠡᠭᠡᠷ ᠪᠤᠯ ᠲᠠᠷᠠ ᠭᠡᠪ ᠢᠶᠠᠷ ᠢᠶᠠᠨ ᠠᠬ᠎ᠠ ᠶᠠᠭᠡᠰ ᠢᠶᠠᠨ ᠭᠦᠠᠳᠦᠯᠡᠵᠦ ᠠᠶᠢᠯ ᠤᠯᠠᠨ ᠳᠠᠭᠠᠨ ᠡᠯᠢᠭᠡᠰᠡᠭ᠂ ᠶᠤᠰᠤᠷᠬᠠᠭ᠂ ᠪᠣᠯᠪᠠᠰᠤᠨ᠂ ᠠᠵᠢᠯᠴᠢ ᠭᠦᠳᠡᠯᠮᠦᠷᠢᠴᠢ ᠪᠠᠷ ᠦᠰᠦᠨ ᠪᠤᠶᠢᠵᠢᠬᠤ ᠶᠢ ᠰᠤᠷᠳᠠᠯᠴᠢᠯᠠᠭᠰᠠᠨ ᠪᠠᠶᠢᠨ᠎ᠠ᠃      ᠮᠠᠨ ᠤ ᠮᠤᠩᠭᠤᠯ ᠦᠨᠳᠦᠰᠦᠳᠠᠨ ᠡᠷᠳᠡ ᠦᠶ᠎ᠠ ᠠᠴᠠ ᠪᠠᠨ ᠠᠪᠤᠭᠠᠳ ᠪᠠᠶᠢᠭᠠᠯᠢ ᠶᠢᠨ ᠤᠷᠴᠢᠨ ᠲᠤᠭᠤᠷᠢᠨ᠂ ᠠᠭᠤᠯᠠ ᠤᠰᠤ᠂ ᠤᠷᠭᠤᠮᠠᠯ ᠪᠤᠳᠠᠰ ᠭᠦᠷᠳᠡᠯ᠎ᠠ ᠡᠨᠡ ᠮᠡᠳᠦ ᠶᠢᠨ ᠴᠡᠭᠡᠷ ᠶᠤᠰᠤ ᠪᠠᠷ ᠬᠠᠶᠢᠷᠠᠯᠠᠨ ᠬᠠᠮᠠᠭᠠᠯᠠᠵᠦ᠂ ᠲᠠᠩᠰᠤᠭ ᠪᠠᠶᠠᠨ ᠪᠠᠶᠢᠯᠭᠠᠬᠤ ᠶᠢᠨ ᠲᠦᠯᠦᠭᠡ ᠥᠪᠡᠷ ᠤᠨ ᠦᠷ᠎ᠠ ᠤᠭᠰᠠᠭ᠎ᠠ ᠪᠠᠨ ᠰᠤᠷᠭᠠᠨ ᠭᠦᠮᠦᠵᠢᠭᠦᠯᠵᠦ ᠢᠷᠡᠭᠰᠡᠨ ᠡᠪᠦᠭᠡ ᠲᠡᠭᠡᠳᠦᠰ ᠤᠨ ᠰᠡᠴᠠᠨ ᠤᠬᠠᠭᠠᠨ ᠢ ᠪᠢᠳᠡ ᠡᠭᠦᠷᠢᠳᠠ ᠪᠢᠰᠢᠷᠠᠠ ᠭᠦᠠᠳᠦᠯᠡᠭᠦ ᠮᠥᠷᠳᠡᠭᠡᠨ ᠭᠦᠭᠵᠢᠭᠦᠯᠦᠨ ᠵᠠᠯᠭᠠᠮᠵᠢᠯᠠᠬᠤ ᠶᠤᠰᠤᠳᠠᠢ ᠪᠢᠯᠠ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号