— ᠠᠵᠢᠯ ᠬᠢᠵᠦ ᠬᠦᠮᠦᠨ ᠪᠤᠯᠳᠠᠭ ᠠᠷᠤ ᠲᠠᠪᠠᠵᠦ ᠬᠦᠯᠦᠭ ᠪᠤᠯᠳᠠᠭ | | ᠠᠯᠠᠱᠠ ᠵᠡᠬᠦᠨ ᠬᠤᠰᠢᠭᠤᠨ ᠤ ᠮᠤᠩᠭᠤᠯ ᠦᠨᠳᠦᠰᠦᠳᠡᠨ ᠤ ᠰᠤᠷᠭᠠᠭᠤᠯᠢ ᠶᠢᠨ ᠪᠠᠭᠰᠢ ᠰᠠᠷᠠᠨᠴᠡᠴᠡᠭ ᠪᠠᠭ᠎ᠠ | ᠰᠤᠷᠭᠠᠭᠤᠯᠢ ᠶᠢᠨ ᠨᠢᠭᠡᠳᠦᠭᠡᠷ ᠤᠨ ᠤ ᠰᠤᠷᠤᠭᠴᠢᠳ ᠲᠠᠭᠠᠨ ᠡᠪᠦᠯ ᠤᠨ ᠠᠮᠠᠷᠠᠯᠳᠠ ᠳᠤ ︽ᠠᠵᠢᠯ ᠬᠢᠵᠦ ᠬᠦᠮᠦᠨ | ᠪᠤᠯᠳᠠᠭ᠂ ᠠᠷᠤ ᠲᠠᠪᠠᠵᠦ ᠬᠦᠯᠦᠭ ᠪᠤᠯᠳᠠᠭ︾ ᠬᠡᠬᠦ ᠰᠡᠳᠦᠪ ᠢᠶᠠᠷ ᠲᠠᠰᠬᠠᠯ ᠦᠯᠡᠳᠡᠭᠡᠵᠦ᠂ ᠰᠤᠷᠤᠭᠴᠢᠳ ᠢᠶᠠᠨ | ᠠᠮᠠᠷᠠᠯᠳᠠ ᠶᠢᠨ ᠬᠤᠭᠤᠴᠠᠭᠠᠨ ᠳᠤ ᠠᠵᠢᠯ ᠬᠦᠳᠡᠯᠮᠦᠷᠢ ᠳᠤ ᠤᠷᠤᠯᠴᠠᠵᠦ᠂ ᠠᠪᠤ ᠡᠵᠢ ᠳᠡᠭᠡᠨ ᠲᠡᠮ ᠲᠤᠰᠠ | ᠪᠤᠯᠬᠤ ᠶᠢ ᠰᠠᠨᠠᠭᠠᠴᠢᠯᠠᠭᠰᠠᠨ ᠪᠠᠶᠢᠨ᠎ᠠ᠃ ︽ᠤᠳᠤᠬᠠᠨ ᠤ ᠪᠠᠶᠢᠳᠠᠯ ᠠᠴᠠ ᠦᠵᠡᠪᠡᠯ ᠰᠤᠷᠤᠭᠴᠢᠳ ᠤᠨ ᠠᠵᠢᠯ | ᠬᠦᠳᠡᠯᠮᠦᠷᠢ ᠳᠤ ᠤᠷᠤᠯᠴᠠᠭᠰᠠᠨ ᠪᠠᠶᠢᠳᠠᠯ ᠨᠢ ᠲᠤᠩ ᠰᠠᠶᠢᠨ ᠪᠠᠶᠢᠨ᠎ᠠ᠃ ᠵᠠᠷᠢᠮ ᠬᠡᠤᠬᠡᠳ ︿ᠪᠢ ᠡᠨᠡ ᠠᠵᠢᠯ ᠢ | ᠤᠯᠠᠨ ᠰᠢᠬ ᠤᠳᠠᠭ᠎ᠠ ᠬᠢᠭᠡᠳ᠂ ᠬᠢᠵᠦ ᠰᠤᠷᠤᠭᠰᠠᠨ ᠤ ᠲᠠᠷᠠᠭ᠎ᠠ ᠨᠠᠳᠠᠳᠤ ᠵᠢᠷᠤᠭ ᠰᠢᠩᠭᠡᠭᠡᠯᠳᠡ ᠠᠪᠤᠭᠠᠴᠢ﹀ ᠬᠡᠮᠡᠨ | ᠠᠪᠤ ᠡᠵᠢ ᠳᠡᠭᠡᠨ ᠨᠠᠶᠢᠳᠠᠵᠦ ᠪᠠᠶᠢᠨ᠎ᠠ ᠬᠡᠬᠦ ᠶᠢ ᠰᠤᠨᠤᠰᠤᠭᠠᠳ ᠶᠡᠭᠡ ᠪᠠᠶᠠᠷᠯᠠᠭᠰᠠᠨ᠃ ᠪᠢ ᠡᠶᠢᠮᠤ ᠬᠡᠷ ᠤᠨ ᠲᠠᠰᠬᠠᠯ | ᠦᠯᠡᠳᠡᠭᠡᠭᠰᠡᠨ ᠨᠢ ᠭᠡᠤᠭᠡᠳ ᠤᠳ ᠦᠨᠡᠭᠡᠷ ᠠᠵᠢᠯ ᠬᠦᠳᠡᠯᠮᠦᠷᠢ ᠳᠤ ᠤᠷᠤᠯᠴᠠᠬᠤ ᠪᠠᠷ ᠲᠠᠮᠵᠢᠨ ᠪᠡᠶ᠎ᠡ ᠪᠠᠨ | ᠲᠠᠭᠠᠭᠠᠬᠤ ᠴᠢᠳᠠᠪᠤᠷᠢ ᠪᠠᠨ ᠲᠠᠪᠳᠠᠨ ᠪᠤᠯᠪᠠᠰᠤᠷᠠᠭᠤᠯᠵᠦ᠂ ᠠᠵᠢᠯ ᠬᠦᠳᠡᠯᠮᠦᠷᠢ ᠳᠤ ᠤᠷᠤᠯᠴᠠᠭᠰᠠᠨ ᠤ ᠲᠠᠷᠠᠭ᠎ᠠ | ᠦᠪᠡᠷ ᠤᠨ ᠬᠡᠰᠡᠨ ᠲᠦᠷᠦᠭᠳᠡᠯ ᠤᠯᠤᠯᠳᠠ ᠲᠠᠢ ᠪᠤᠯᠵᠦ᠂ ᠬᠦᠳᠡᠯᠮᠦᠷᠢ ᠶᠢ ᠬᠠᠶᠢᠷᠠᠯᠠᠵᠦ ᠬᠦᠨᠳᠦᠯᠡᠬᠦ | ᠰᠡᠳᠬᠢᠯᠭᠡ ᠶᠢ ᠨᠢ ᠪᠦᠷᠢᠯᠳᠦᠬᠦᠯᠬᠦ ᠵᠤᠷᠢᠯᠭ᠎ᠠ ᠲᠠᠢ ᠶᠤᠮ︾ ᠬᠡᠵᠦ ᠰᠠᠷᠠᠨᠴᠡᠴᠡᠭ ᠪᠠᠭᠰᠢ ᠶᠠᠷᠢᠯ᠎ᠠ᠃ | ᠬᠡᠤᠭᠡᠳ ᠤᠳ ᠢ ᠬᠠᠷᠠᠬᠠᠨ ᠪᠠᠭ᠎ᠠ ᠠᠴᠠ ᠨᠢ ᠠᠵᠢᠯ ᠬᠦᠳᠡᠯᠮᠦᠷᠢ ᠳᠤ ᠲᠤᠷ᠎ᠠ ᠪᠠᠬ᠎ᠠ ᠲᠠᠢ ᠪᠤᠯᠬᠤ ᠶᠢ | ᠰᠠᠨᠠᠭᠠᠴᠢᠯᠠᠭᠰᠠᠨ ᠡᠨᠡᠬᠦ ᠡᠪᠦᠯ ᠤᠨ ᠠᠮᠠᠷᠠᠯᠳᠠ ᠶᠢᠨ ᠲᠠᠰᠬᠠᠯ ᠨᠢ ᠭᠡᠤᠭᠡᠳ ᠪᠠ ᠬᠡᠷ ᠪᠦᠯᠢ ᠶᠢᠨ ᠬᠤᠪᠢ ᠠᠴᠠ | ᠠᠪᠴᠦ ᠬᠡᠯᠡᠪᠡᠯ ᠬᠠᠮᠤᠭ ᠤᠨ ᠰᠠᠶᠢᠨ᠂ ᠮᠦᠨᠴᠦ ᠬᠠᠮᠤᠭ ᠠᠴᠠ ᠰᠤᠨᠢᠷᠬᠠᠯᠳᠠᠢ ᠲᠠᠰᠬᠠᠯ ᠪᠤᠯᠤᠭᠰᠠᠨ ᠪᠠᠶᠢᠵᠦ | ᠲᠠᠭᠠᠷᠠᠬᠤ ᠶᠤᠮ᠃ | | | | | | ᠡᠨᠡ ᠠᠵᠢᠯ ᠢ ᠪᠢ ᠬᠢᠵᠤ ᠴᠢᠳᠠᠨ᠎ᠠ | | | | | | ᠪᠢ ᠬᠠᠪᠰᠤᠷᠴᠤ ᠥᠭᠬᠦᠶ᠎ᠠ | | | ( ᠵᠣᠬᠢᠶᠠᠭᠴᠢ᠄ ᠰᠡᠴᠡᠨ ) | | | | | | | | |