ᠤᠢᠢᠷᠠᠳ ᠮᠤᠩᠭᠤᠯᠴᠤᠳ ᠤᠨ ᠭᠠᠯ ᠬᠦᠷᠬᠡᠬᠦ ᠶᠤᠰᠤᠨ
ᠨᠡᠶᠢᠲᠡᠯᠡᠭᠰᠡᠨ ᠴᠠᠭ᠄
2020/7/29
      ᠣᠶᠢᠷᠠᠳᠴᠣᠳ ᠠᠶᠢᠯ ᠬᠡᠷ ᠤᠨ ᠬᠢᠨᠢ ᠦᠢᠷ᠎ᠡ ᠬᠠᠪᠢ ᠳᠤ ᠤᠨᠳᠤᠤ ᠠᠶᠢᠯ ᠨᠡᠬᠦᠵᠦ ᠢᠷᠡᠬᠦ ᠳᠤ ᠤᠭ ᠤᠨ ᠪᠠᠶᠢᠭᠰᠠᠨ ᠲᠡᠷᠡᠭᠦ ᠰᠠᠭᠤᠭᠠᠯᠢ ᠠᠶᠢᠯ ᠤᠨ ᠡᠮᠡᠭᠲᠠᠢ ︽ᠭᠠᠯ ᠬᠦᠷᠬᠡᠬᠦ︾ ᠶᠤᠰᠤ ᠬᠦᠢᠴᠡᠳᠬᠡᠵᠦ ᠨᠢᠬᠡ ᠴᠦᠦᠬᠦᠨ ᠴᠠᠢ᠂ ᠨᠢᠬᠡ ᠳᠠᠪᠠᠭ ᠪᠤᠭᠤᠷᠰᠤᠭ ᠪᠤᠯᠤᠨ ᠳᠤᠰᠤᠨ ᠱᠦᠬᠦᠷᠮᠡᠭ᠂ ᠰᠢᠬᠢᠷ ᠦᠵᠦᠮ ᠮᠡᠳᠦ ᠵᠦᠢᠯ ᠠᠴᠠ ᠪᠠᠶᠢᠬᠤ ᠶᠢᠨ ᠬᠢᠷᠢ ᠪᠠᠷ ᠠᠪᠴᠤ ᠰᠢᠨ᠎ᠡ ᠪᠠᠭᠤᠭᠰᠠᠨ ᠠᠶᠢᠯ ᠤᠨ ᠪᠠᠭᠤᠷᠢ ᠳᠡᠬᠡᠷ᠎ᠡ ᠤᠳᠴᠤ ︽ᠪᠠᠭᠤᠷᠢ ᠳᠠᠨᠢ ᠦᠯᠵᠡᠶᠢᠳᠡᠢ ᠪᠤᠯᠬᠤ ᠪᠤᠯᠳᠤᠭᠠᠢ︾ ᠬᠡᠵᠦ ᠢᠷᠦᠬᠡᠬᠡᠳ ᠮᠡᠨᠳᠦ ᠪᠤᠯᠬᠤ ᠶᠢᠨ ᠳᠠᠭᠠᠤ ᠠᠪᠴᠦ ᠢᠷᠡᠭᠰᠡᠨ ᠴᠠᠢ ᠠᠴᠠ ᠪᠠᠨ ᠠᠶᠠᠭᠠᠯᠠᠨ᠂ ᠢᠷᠡᠭᠰᠡᠨ ᠠᠶᠢᠯ ᠤᠨ ᠬᠦᠮᠦᠰ ᠲᠤ ᠪᠠᠷᠢᠵᠦ᠂ ᠳᠠᠪᠠᠭ ᠲᠠᠢ ᠪᠤᠭᠤᠷᠰᠤᠭ᠂ ᠰᠢᠬᠢᠷ ᠦᠵᠦᠮ᠂ ᠳᠤᠰᠤᠨ ᠱᠦᠬᠦᠷᠮᠡᠭ ᠢᠶᠠᠨ ᠳᠠᠯᠪᠢᠳᠠᠭ᠃ ᠢᠩᠭᠢᠵᠦ ᠴᠠᠢ ᠤᠤᠭᠤᠬᠤ ᠵᠠᠭᠤᠷ᠎ᠠ ᠬᠤᠯᠠ ᠦᠢᠷ᠎ᠡ ᠪᠠᠨ ᠰᠤᠷᠠᠯᠴᠠᠨ᠂ ᠰᠠᠶᠢᠨ ᠰᠠᠶᠢᠬᠠᠨ ᠢᠶᠠᠨ ᠮᠡᠳᠡᠯᠴᠡᠵᠦ᠂ ᠳᠡᠷᠠ ᠠᠶᠢᠯ ᠤᠨ ᠬᠦᠮᠦᠰ ᠲᠤ ᠳᠠᠮ ᠪᠤᠯᠵᠦ ᠠᠴᠢᠶ᠎ᠡ ᠶᠢ ᠨᠢ ᠪᠠᠭᠤᠯᠭᠠᠯᠴᠠᠵᠦ᠂ ᠠᠵᠢᠯ ᠳᠤᠨᠢ ᠬᠠᠪᠰᠤᠷᠤᠯᠴᠠᠨ ᠬᠡᠷ ᠡᠷᠦᠬᠡ ᠶᠢ ᠨᠢ ᠪᠤᠰᠬᠠᠵᠦ᠂ ᠠᠴᠢᠶ᠎ᠡ ᠪᠠᠷᠠᠭ᠎ᠠ ᠶᠢ ᠨᠢ ᠠᠬᠤᠶᠢᠯᠠᠵᠦ ᠦᠭᠳᠡᠭ ᠵᠠᠩᠰᠢᠯ ᠲᠠᠢ ᠶᠤᠮ᠃       ︽ᠭᠠᠯ ᠬᠦᠷᠬᠡᠬᠦ︾ ᠬᠡᠳᠡᠭ ᠦᠬᠡ ᠠᠴᠠ ᠦᠵᠡᠪᠡᠯ᠂ ᠡᠷᠳᠡ ᠳᠡᠬᠡᠳᠦ ᠦᠶ᠎ᠡ ᠳᠤ ᠭᠠᠯ ᠴᠤᠭ ᠬᠦᠷᠬᠡᠵᠦ ᠪᠠᠶᠢᠭᠰᠠᠨ ᠪᠠᠶᠢᠳᠠᠯ ᠢᠯᠡ ᠮᠡᠳᠡᠭᠳᠡᠳᠡᠭ᠃ ᠶᠠᠭᠤᠨ ᠳᠤ ᠬᠡᠪᠡᠯ᠂ ᠡᠷᠳᠡ ᠦᠶ᠎ᠡ ᠳᠤ ᠬᠦᠮᠦᠰ ᠭᠠᠯ ᠭᠠᠷᠭᠠᠬᠤ ᠪᠠᠭᠠᠵᠢ ᠵᠡᠪᠰᠡᠭ ᠳᠤᠳᠠᠮᠠᠭ ᠳᠡᠬᠡᠷ᠎ᠡ ᠪᠠᠨ ᠨᠡᠬᠦᠳᠡᠯ ᠤᠨ ᠠᠶᠠᠨ ᠳᠤ ᠭᠠᠯ ᠳᠡᠬᠡᠬᠡᠵᠦ ᠶᠠᠪᠤᠬᠤ ᠪᠤᠯᠤᠮᠵᠢ ᠪᠠᠶᠢᠬᠤ ᠦᠬᠡᠢ ᠪᠤᠯᠬᠤᠷ ᠡᠷᠬᠡᠪᠰᠢ ᠤᠳᠤᠭᠰᠠᠨ ᠭᠠᠵᠠᠷ ᠪᠤᠶᠤ ᠪᠠᠭᠤᠭᠰᠠᠨ ᠭᠠᠵᠠᠷ ᠤᠨ ᠢᠶᠠᠨ ᠠᠶᠢᠯ ᠬᠤᠷᠰᠢᠶ᠎ᠡ ᠠᠴᠠ ᠭᠠᠯ ᠵᠠᠯᠭᠠᠬᠤ ᠵᠠᠶᠢᠯᠠᠰᠢ ᠦᠬᠡᠢ ᠱᠠᠭᠠᠷᠳᠠᠯᠭ᠎ᠠ ᠭᠠᠷᠳᠠᠭ ᠪᠠᠶᠢᠵᠠᠢ᠃ ᠡᠶᠢᠮᠦ ᠠᠴᠠ ᠡᠨᠡᠬᠦ ᠪᠤᠳᠠᠳᠠᠢ ᠤᠶᠢᠯᠡ ᠠᠵᠢᠯᠯᠠᠭ᠎ᠠ ᠨᠢ ᠶᠠᠪᠣᠭᠠᠨ ᠳᠠᠭᠠᠨ ᠬᠤᠪᠢᠷᠠᠵᠦ ᠰᠢᠭᠤᠳ ᠭᠠᠯ ᠴᠤᠭ ᠬᠦᠷᠬᠡᠬᠦ ᠪᠢᠰᠢ᠂ ᠬᠠᠷᠢᠨ ᠳᠡᠷᠡ ᠶᠤᠰᠤᠨ ᠤ ᠨᠡᠷ᠎ᠡ ᠳᠡᠬᠡᠷ᠎ᠡ ᠴᠠᠢ ᠪᠤᠭᠤᠷᠰᠤᠭ ᠬᠦᠷᠬᠡᠵᠦ᠂ ᠨᠡᠬᠦᠵᠦ ᠢᠷᠡᠭᠰᠡᠨ ᠠᠶᠢᠯ ᠤᠨ ᠮᠡᠨᠳᠦ ᠶᠢ ᠮᠡᠳᠡᠵᠦ ᠰᠠᠶᠢᠨ ᠰᠠᠶᠢᠬᠠᠨ ᠶᠠᠪᠤᠯᠴᠠᠬᠤ ᠨᠠᠶᠢᠷ ᠲᠠᠢ ᠰᠡᠳᠬᠢᠯᠬᠡ ᠪᠠᠷ ᠨᠢᠬᠡ ᠤᠷᠴᠢᠨ ᠳᠤ ᠬᠠᠮᠳᠤ ᠶᠢᠨ ᠠᠮᠢᠳᠤᠷᠠᠯ ᠢᠶᠠᠨ ᠵᠤᠬᠢᠶᠠᠬᠤ ᠶᠢᠨ ᠡᠬᠢᠯᠡᠯ ᠪᠤᠶᠤ ᠳᠡᠷᠡ ᠤᠳᠬ᠎ᠠ ᠶᠢᠨ ᠦᠢᠯᠡ ᠠᠵᠢᠯᠯᠠᠭ᠎ᠠ ᠶᠢᠨ ᠳᠡᠬᠡᠷᠡᠬᠢ ᠢᠯᠡᠷᠡᠯ ᠪᠤᠯᠤᠭᠰᠠᠨ ᠪᠠᠶᠢᠨ᠎ᠠ᠃    ︽ᠭᠠᠯ ᠬᠦᠷᠬᠡᠬᠦ︾ ᠳᠤ ᠤᠭ ᠤᠨ ᠪᠠᠶᠢᠷᠢᠰᠢᠵᠦ ᠪᠠᠶᠢᠭᠰᠠᠨ ᠠᠶᠢᠯ ᠠᠴᠠ ᠬᠡᠳᠦᠨ ᠬᠦᠮᠦᠨ ᠤᠳᠤᠭᠰᠠᠨ ᠪᠤᠯᠪᠠᠴᠤ ᠶᠡᠷᠦ ᠶᠢᠨ ᠪᠠᠶᠢᠳᠠᠯ ᠳᠤ ᠤᠭ ᠬᠡᠷ ᠤᠨ ᠡᠵᠡᠭᠳᠡᠢ ᠬᠠᠵᠠᠭᠤ ᠳᠠᠭᠠᠨ ᠪᠠᠭ᠎ᠠ ᠬᠦᠪᠡᠬᠦᠳ ᠠᠴᠠ ᠨᠢᠬᠡ ᠶᠢ ᠳᠠᠭᠠᠭᠤᠯᠤᠭᠠᠳ ᠤᠳᠳᠠᠭ᠃ ᠬᠡᠬᠦ ᠳᠡᠭᠡᠨ ᠡᠷᠬᠡᠪᠰᠢ ᠠᠶᠢᠯ ᠨᠡᠬᠦᠵᠦ ᠢᠷᠡᠬᠦ ᠲᠠᠢ ᠵᠡᠷᠬᠡ ᠠᠮᠵᠢᠵᠦ ᠤᠳᠬᠤ ᠠᠴᠠ ᠪᠢᠰᠢ᠂ ᠬᠠᠷᠢᠨ ᠢᠷᠡᠵᠦ ᠪᠠᠭᠤᠭᠠᠳ ᠬᠡᠷ ᠢᠶᠠᠨ ᠪᠠᠷᠢᠵᠦ ᠠᠴᠢᠶ᠎ᠡ ᠪᠠᠷᠠᠭ᠎ᠠ ᠪᠠᠨ ᠳᠢᠭᠯᠡᠵᠦ᠂ ᠭᠠᠯ ᠳᠦᠯᠡᠵᠦ ᠬᠠᠶᠢᠰᠤ ᠪᠠᠨ ᠨᠡᠷᠡᠭᠰᠡᠨ ᠤ ᠬᠤᠶᠢᠨ᠎ᠠ ᠤᠳᠳᠠᠭ ᠦᠬᠡᠢ᠃ ᠬᠡᠷᠪᠡ ᠬᠤᠯᠠ ᠠᠴᠠ ᠠᠶᠢᠯ ᠠᠮᠢᠳᠠᠨ ᠨᠡᠬᠦᠵᠦ ᠢᠷᠡᠮᠡᠭᠴᠡ ᠦᠢᠷ᠎ᠡ ᠬᠤᠰᠢᠶ᠎ᠡ ᠠᠶᠢᠯ ᠨᠢ ︽ᠭᠠᠯ ᠬᠦᠷᠬᠡᠬᠦ︾ ᠦᠬᠡᠢ ᠪᠤᠯᠪᠠᠯ ︽ᠴᠠᠢ ᠴᠤ ᠦᠬᠡᠢ᠂ ᠴᠢᠷᠡᠢ ᠴᠤ ᠦᠬᠡᠢ ᠶᠠᠮᠠᠷ ᠠᠶᠢᠯ ᠪᠤᠢ︖︾ ᠬᠡᠵᠦ ᠬᠡᠯᠡᠳᠡᠭ ᠪᠤᠯᠬᠤᠷ ᠡᠨᠡ ᠦᠢᠯᠡ ᠶᠢ ᠶᠡᠬᠡᠳᠡ ᠬᠦᠨᠳᠦᠳᠬᠡᠨ ᠦᠵᠡᠵᠦ᠂ ᠴᠠᠭ ᠳᠡᠬᠡᠷ᠎ᠡ ᠨᠢ ᠠᠮᠵᠢᠨ᠂ ᠴᠢᠳᠠᠬᠤ ᠶᠢᠨ ᠳᠤᠳᠤᠷ᠎ᠠ ᠠᠮᠵᠢᠵᠦ ᠬᠦᠢᠴᠡᠳᠬᠡᠳᠡᠭ ᠶᠤᠰᠤ ᠲᠠᠢ᠂ ᠬᠡᠷᠪᠡ ᠶᠠᠮᠠᠷ ᠨᠢᠬᠡ ᠤᠴᠢᠷ ᠰᠢᠯᠳᠠᠭᠠᠨ ᠠᠴᠠ ᠪᠤᠯᠤᠭᠠᠳ ᠴᠠᠭ ᠳᠠᠷᠤᠢ ᠨᠢ ︽ᠭᠠᠯ ᠬᠦᠷᠬᠡᠵᠦ︾ ᠴᠢᠳᠠᠭᠰᠠᠨ ᠦᠬᠡᠢ ᠪᠤᠯᠪᠠᠯ ᠨᠡᠬᠦᠵᠦ ᠢᠷᠡᠭᠰᠡᠨ ᠠᠶᠢᠯ ᠪᠦᠷᠢᠨ ᠳᠦᠪᠭᠢᠨᠡᠵᠦ ᠪᠤᠯᠤᠭᠰᠠᠨ ᠤ ᠳᠠᠷᠠᠭ᠎ᠠ ᠠᠷᠢᠬᠢ ᠴᠡᠭᠡ᠂ ᠠᠯᠴᠢᠭᠤᠷ ᠢᠶᠠᠨ ᠠᠪᠤᠭᠠᠳ ᠳᠡᠷᠡ ᠠᠶᠢᠯ ᠳᠤ ᠵᠤᠯᠭᠠᠵᠦ᠂ ᠴᠠᠭ ᠳᠠᠷᠤᠢ ᠨᠢ ︽ᠭᠠᠯ ᠬᠦᠷᠬᠡᠵᠦ︾ ᠤᠴᠢᠷ ᠰᠢᠯᠳᠠᠭᠠᠨ ᠢᠶᠠᠨ ᠬᠡᠯᠡᠬᠡᠳ ᠠᠭᠤᠴᠢᠯᠠᠯ ᠭᠤᠶᠤᠳᠠᠭ ᠪᠠ ᠶᠤᠰᠤᠨ ᠶᠠᠪᠤᠳᠠᠯ ᠢᠶᠠᠨ ᠨᠦᠬᠦᠪᠦᠷᠢᠯᠡᠨ ᠬᠦᠢᠴᠡᠳᠬᠡᠳᠡᠭ ᠵᠠᠩᠰᠢᠯ ᠲᠠᠢ ᠪᠠᠶᠢᠳᠠᠭ᠃ ︽ᠭᠠᠯ ᠬᠦᠷᠬᠡᠬᠦ︾ ᠶᠤᠰᠤ ᠶᠢ ᠦᠢᠯᠡᠳᠬᠦ ᠳᠤ ᠳᠡᠨᠢᠳᠠᠭ ᠦᠬᠡᠢ ᠠᠶᠢᠯ ᠬᠡᠵᠦ ᠢᠯᠭᠠᠳᠠᠭ ᠦᠬᠡᠢ ᠪᠦᠬᠡᠳ ᠬᠡᠷᠪᠡ ᠲᠠᠨᠢᠵᠦ ᠮᠡᠳᠡᠬᠦ ᠠᠶᠢᠯ ᠪᠤᠶᠤ ᠬᠤᠰᠢᠶ᠎ᠡ ᠪᠠᠭᠤᠷᠢ ᠲᠠᠢ ᠬᠤᠯᠪᠤᠭ᠎ᠠ ᠨᠢᠬᠡ ᠲᠠᠢ ᠶᠠᠪᠤᠭᠰᠠᠨ ᠠᠶᠢᠯ ᠪᠤᠯᠪᠠᠯ ︽ᠳᠦᠷᠦᠯ ᠳᠦᠷᠦᠯ ᠪᠢᠰᠢ ᠪᠠᠭᠤᠷᠢ ᠳᠦᠷᠦᠯ︾᠂ ︽ᠠᠬ᠎ᠠ ᠳᠡᠬᠦᠦ ᠠᠯᠳᠠᠨ ᠬᠠᠰᠢᠶ᠎ᠡ︾᠂ ︽ᠬᠤᠰᠢᠶ᠎ᠡ ᠬᠤᠯᠪᠤᠭ᠎ᠠ︾ ᠬᠡᠵᠦ᠂ ᠳᠡᠷᠡ ᠠᠶᠢᠯ ᠤᠨ ᠨᠡᠬᠦᠵᠦ ᠢᠷᠡᠬᠦ ᠠᠴᠠ ᠨᠢ ᠡᠮᠦᠨ᠎ᠡ ᠡᠷᠳᠡ ᠠᠮᠵᠢᠨ᠂ ᠪᠠᠭᠤᠬᠤ ᠪᠠᠭᠤᠷᠢ ᠶᠢᠨ ᠬᠢᠨᠢ ᠴᠢᠯᠠᠭᠤ ᠰᠢᠷᠤᠢ ᠶᠢ ᠳᠡᠭᠰᠢᠯᠡᠨ᠂ ᠳᠦᠷ ᠵᠠᠭᠤᠷ᠎ᠠ ᠳᠦᠯᠡᠬᠦ ᠳᠦᠯᠡᠭᠡ᠂ ᠮᠦᠰᠦ ᠴᠠᠰᠣ ᠨᠢ ᠪᠠᠯᠡᠳᠬᠡᠵᠦ ᠲᠠᠯᠪᠢᠳᠠᠭ ᠪᠠ ᠢᠷᠡᠵᠦ ᠶᠠᠪᠤᠬᠤ ᠴᠢᠮᠡᠭᠡ ᠶᠢ ᠨᠢ ᠮᠡᠳᠡᠪᠡᠯ ᠡᠮᠦᠨ᠎ᠡ ᠠᠴᠠ ᠨᠢ ᠳᠤᠰᠴᠤ ᠤᠳᠤᠭᠠᠳ ᠬᠠᠮᠵᠢᠯᠴᠠᠨ ᠨᠡᠬᠦᠯᠬᠡᠵᠦ ᠢᠷᠡᠳᠡᠭ ᠶᠠᠪᠤᠳᠠᠯ ᠴᠤ ᠪᠠᠶᠢᠳᠠᠭ᠃        ︽ᠭᠠᠯ ᠬᠦᠷᠬᠡᠬᠦ ᠶᠤᠰᠤᠨ︾ ᠢ ᠦᠵᠡᠬᠦ ᠳᠤ ᠳᠦᠬᠦᠮᠬᠡᠨ ᠦᠢᠯᠡ ᠠᠵᠢᠯᠯᠠᠭ᠎ᠠ ᠪᠠᠷ ᠪᠡᠶᠡᠯᠡᠭᠳᠡᠬᠦ ᠡᠩ ᠤᠨ ᠨᠢᠬᠡ ᠶᠤᠰᠤᠨ ᠪᠤᠯᠪᠠᠴᠤ ᠨᠡᠶᠢᠬᠡᠮ ᠤᠨ ᠬᠠᠷᠢᠴᠠᠭ᠎ᠠ᠂ ᠠᠶᠢᠯ ᠠᠶᠢᠯ ᠤᠨ ᠬᠤᠭᠤᠷᠤᠨᠳᠠᠬᠢ ᠡᠪ ᠵᠤᠬᠢᠴᠠᠯ ᠤᠨ ᠳᠠᠯ᠎ᠠ ᠪᠠᠷ ᠳᠤᠩ ᠴᠤ ᠬᠦᠨ ᠬᠦᠨᠵᠡᠬᠡᠢ ᠤᠳᠬ᠎ᠠ ᠠᠭᠤᠯᠭ᠎ᠠ ᠲᠠᠢ ᠶᠤᠰᠤᠨ ᠪᠤᠯᠤᠨ᠎ᠠ᠃ ᠡᠬᠦᠨ ᠳᠤ ︽ᠠᠶᠢᠯ ᠬᠦᠮᠦᠨ ᠤ ᠠᠮᠢ ᠨᠢ ᠨᠢᠬᠡ᠂ ᠬᠤᠰᠢᠶ᠎ᠡ ᠬᠦᠮᠦᠨ ᠤ ᠬᠤᠯᠪᠤᠭ᠎ᠠ ᠨᠢᠬᠡ︾ ᠬᠡᠳᠡᠭ ᠰᠠᠶᠢᠬᠠᠨ ᠦᠬᠡ ᠪᠠᠶᠢᠳᠠᠭ ᠪᠤᠯᠬᠤᠷ ᠮᠠᠯᠴᠢᠨ ᠠᠵᠦ ᠪᠠᠷ ᠠᠮᠢ ᠳᠦᠷᠦᠵᠤ᠂ ᠨᠡᠬᠦᠳᠡᠯ ᠰᠠᠭᠤᠳᠠᠯ ᠢᠶᠠᠷ ᠪᠠᠭᠤᠷᠢ ᠰᠡᠯᠪᠢᠵᠦ ᠶᠠᠪᠤᠬᠤ ᠤᠯᠤᠰ ᠲᠤ ᠬᠠᠷᠢᠯᠴᠠᠨ ᠨᠢᠬᠡ ᠨᠢᠬᠡᠨ ᠤ ᠪᠠᠨ ᠮᠠᠯ ᠬᠠᠷ᠎ᠠ ᠳᠤ ᠨᠢᠳᠦᠨ ᠠᠮᠠᠨ ᠪᠤᠯᠬᠤ᠂ ᠨᠢᠬᠡ ᠨᠢᠬᠡᠨ ᠤ ᠪᠠᠨ ᠠᠵᠢᠯ ᠠᠬᠤᠢ ᠳᠤ ᠳᠤᠰᠠ ᠳᠡᠮ ᠪᠤᠯᠬᠤ ᠶᠠᠪᠤᠳᠠᠯ ᠳᠤᠩ ᠴᠢᠬᠤᠯᠠ ᠪᠠᠶᠢᠳᠠᠭ᠃ ᠡᠶᠢᠮᠦ ᠠᠴᠠ ᠡᠨᠡᠬᠦ ᠶᠤᠰᠤᠨ ᠨᠢ ᠮᠠᠯᠴᠢᠨ ᠬᠦᠮᠦᠰ ᠤᠨ ᠬᠤᠭᠤᠷᠤᠨᠳᠤ ᠪᠠᠨ ᠳᠡᠮᠵᠢᠯᠴᠡᠬᠦ᠂ ᠬᠠᠷᠢᠯᠴᠠᠨ ᠬᠠᠪᠰᠤᠷᠤᠯᠴᠠᠬᠤ᠂ ᠪᠦᠯᠬᠦᠮᠳᠡᠵᠦ ᠨᠢᠠᠠᠳᠡᠷᠡᠬᠤ ᠰᠠᠶᠢᠨ ᠰᠠᠶᠢᠬᠠᠨ ᠤᠯᠠᠮᠵᠢᠯᠠᠯ ᠪᠤᠯᠬᠤ ᠪᠦᠬᠡᠳ ᠬᠠᠮᠳᠤ ᠶᠢᠨ ᠬᠠᠷᠢᠴᠠᠭ᠎ᠠ ᠬᠤᠯᠪᠤᠭ᠎ᠠ ᠶᠢ ᠶᠠᠭᠠᠬᠢᠭᠰᠠᠨ ᠴᠤ ᠠᠯᠳᠠᠵᠦ ᠪᠤᠯᠬᠤ ᠦᠬᠡᠢ ᠬᠡᠰᠡᠨ ᠦᠵᠡᠯ ᠪᠤᠳᠤᠯ ᠤᠨ ᠤᠳᠬ᠎ᠠ ᠤᠴᠢᠷ ᠢ ᠵᠠᠩ ᠦᠢᠯᠡ ᠶᠢᠨ ᠶᠤᠰᠤᠨ ᠶᠠᠪᠤᠳᠠᠯ ᠢᠶᠠᠷ ᠢᠷᠡᠵᠦ ᠳᠤᠰᠬᠠᠨ ᠬᠠᠷᠠᠭᠤᠯᠵᠦ ᠪᠠᠶᠢᠭ᠎ᠠ ᠵᠦᠢᠯ ᠪᠤᠯᠤᠨ᠎ᠠ᠃ ᠦᠬᠡᠷ᠎ᠡ ᠪᠠᠷ ᠬᠡᠯᠡᠪᠡᠯ᠂ ᠭᠠᠯ ᠬᠦᠷᠬᠡᠬᠦ ᠶᠤᠰᠤ ᠬᠢᠬᠦ ᠶᠢᠨ ᠵᠤᠷᠢᠯᠭ᠎ᠠ ᠨᠢ ᠠᠶᠢᠯ ᠬᠤᠰᠢᠶ᠎ᠡ ᠪᠠᠷ ᠢᠶᠠᠨ ᠰᠠᠶᠢᠨ ᠰᠠᠶᠢᠬᠠᠨ ᠶᠠᠪᠤᠯᠴᠠᠬᠤ ᠶᠢ ᠬᠦᠰᠡᠭᠰᠡᠨ ᠨᠢᠬᠡ ᠳᠠᠯ᠎ᠠ ᠪᠠᠶᠢᠬᠤ ᠮᠦᠷᠳᠡᠬᠡᠨ ᠨᠦᠬᠦᠬᠡ ᠳᠠᠯ᠎ᠠ ᠪᠠᠷ ᠮᠠᠯᠴᠢᠨ ᠠᠵᠦ ᠪᠠᠷ ᠠᠮᠢᠳᠤᠷᠠᠬᠤ ᠬᠦᠮᠦᠰ ᠲᠤ ᠨᠢᠬᠡ ᠨᠢᠬᠡᠨ ᠤ ᠪᠠᠨ ᠮᠠᠯ ᠳᠤ ᠨᠢᠳᠦᠨ ᠠᠮᠠᠨ ᠪᠤᠯᠬᠤ᠂ ᠠᠵᠢᠯ ᠬᠦᠳᠡᠯᠮᠦᠷᠢ ᠳᠤ ᠬᠠᠪᠰᠤᠷᠤᠮᠵᠢ ᠪᠤᠯᠬᠤ ᠶᠢᠨ ᠳᠠᠭᠠᠤ ᠶᠠᠮᠠᠷ ᠨᠢᠬᠡᠨ ᠬᠡᠨᠡᠳᠳᠡ ᠶᠢᠨ ᠤᠴᠢᠷ ᠶᠠᠪᠤᠳᠠᠯ ᠳᠤᠬᠢᠶᠠᠯᠳᠤᠬᠤ ᠦᠶ᠎ᠡ ᠳᠤ ᠬᠤᠭᠤᠷᠤᠨᠳᠤ ᠪᠠᠨ ᠤᠬᠠᠭᠠᠨ ᠰᠠᠨᠠᠭᠠᠨ ᠤ ᠦᠢᠯᠡ ᠠᠵᠢᠯᠯᠠᠭ᠎ᠠ ᠶᠢᠨ ᠰᠠᠯᠠᠮᠵᠢ ᠪᠤᠯᠬᠤ ᠮᠡᠳᠦ ᠤᠯᠠᠨ ᠳᠠᠯ᠎ᠠ ᠶᠢᠨ ᠠᠰᠢᠭᠳᠠᠢ ᠪᠠᠶᠢᠳᠠᠭ᠃ ᠳᠡᠶᠢᠮᠦ ᠪᠤᠯᠬᠤᠷ ᠡᠨᠠ ᠶᠤᠰᠤᠨ ᠳᠤ ︽ᠬᠠᠭᠠᠷᠬᠠᠢ ᠪᠠᠨ ᠬᠠᠳᠬᠤᠪᠠᠯ ᠤᠷᠠᠨ᠂ ᠬᠤᠶᠢᠨᠠᠬᠢ ᠢᠶᠠᠨ ᠪᠤᠳᠤᠪᠠᠯ ᠰᠡᠴᠡᠨ︾ ᠬᠡᠳᠡᠭ ᠢᠶᠠᠷ ᠬᠤᠶᠠᠷ ᠠᠶᠢᠯ ᠤᠨ ᠠᠯᠢ ᠠᠯᠢ ᠨᠢ ᠴᠤ ᠦᠢᠷᠡᠬᠢ ᠪᠠᠨ ᠬᠤᠯᠪᠤᠵᠦ᠂ ᠬᠤᠶᠢᠨᠠᠬᠢ ᠪᠠᠨ ᠪᠤᠳᠤᠭᠰᠠᠨ ᠤᠴᠢᠷ ᠬᠤᠯᠪᠤᠭᠳᠠᠵᠦ ᠪᠠᠶᠢᠳᠠᠭ᠃ ᠨᠡᠬᠦᠵᠦ ᠢᠷᠡᠭᠰᠡᠨ ᠠᠶᠢᠯ ᠴᠤ ᠪᠠᠭᠤᠬᠤ ᠪᠠᠭᠤᠷᠢ᠂ ᠰᠠᠭᠤᠬᠤ ᠰᠠᠭᠤᠷᠢ ᠪᠠᠨ ᠤᠯᠵᠦ᠂ ᠬᠡᠷ ᠡᠷᠦᠬᠡ ᠠᠮᠢᠳᠤᠷᠠᠯ ᠠᠬᠤᠢ ᠪᠠᠨ ᠳᠤᠬᠢᠷᠠᠭᠤᠯᠵᠦ ᠪᠤᠯᠤᠭᠠᠳ ᠦᠢᠷ᠎ᠡ ᠬᠤᠰᠢᠶ᠎ᠠ ᠠᠶᠢᠯ ᠠᠮᠢᠳᠠᠳ ᠢᠶᠠᠨ ᠳᠠᠭᠤᠳᠠᠵᠦ ︽ᠭᠠᠯ ᠤᠨ ᠴᠠᠢ︾᠂ ︽ᠰᠢᠨ᠎ᠡ ᠪᠠᠭᠤᠷᠢ ᠶᠢᠨ ᠴᠠᠢ︾ ᠦᠭᠴᠦ ᠬᠡᠶᠢᠴᠢᠯᠡᠳᠡᠭ᠃ ᠳᠡᠬᠡᠬᠦ ᠳᠡᠭᠡᠨ ︽ᠪᠠᠭᠤᠷᠢ ᠶᠢᠨ ᠰᠠᠶᠢᠨ ᠢᠶᠠᠷ ᠪᠠᠶᠠᠵᠢᠨ᠎ᠠ᠂ ᠪᠤᠶᠠᠨ ᠤ ᠰᠠᠶᠢᠨ ᠢᠶᠠᠷ ᠳᠦᠯᠵᠢᠨ᠎ᠠ︾ ᠬᠡᠬᠦ ᠪᠤᠶᠤ ︽ᠪᠠᠭᠤᠷᠢ ᠶᠢᠨ ᠰᠠᠶᠢᠨ ᠢᠶᠠᠷ ᠪᠠᠶᠠᠵᠢᠵᠦ᠂ ᠪᠤᠷᠤᠭᠠᠨ ᠤ ᠮᠠᠭᠤ ᠪᠠᠷ ᠦᠬᠡᠶᠢᠷᠡᠨ᠎ᠡ︾ ᠬᠡᠵᠦ᠂ ᠮᠠᠯ ᠭᠠᠷᠭᠠᠵᠦ ᠠᠷᠢᠬᠢ ᠳᠠᠷᠠᠰᠤ ᠪᠠᠨ ᠪᠡᠯᠡᠳᠬᠡᠨ ︽ᠭᠠᠯ ᠤᠨ ᠴᠠᠢ︾ ᠶᠢᠨ ᠳᠠᠩᠭᠠᠷᠠᠢ ᠬᠡᠳᠡᠭ ᠪᠦᠬᠡᠳ ᠳᠡᠷᠡ ᠴᠠᠶᠢᠯᠠᠯᠭ᠎ᠠ ᠳᠡᠬᠡᠷ᠎ᠡ ᠦᠢᠷ᠎ᠡ ᠬᠠᠪᠢ ᠶᠢᠨ ᠠᠬᠠᠮᠠᠳ ᠨᠠᠰᠤᠳᠠᠨ ᠪᠤᠶᠤ ᠨᠠᠷ᠎ᠡ ᠬᠦᠨᠳᠦᠲᠠᠢ ᠬᠦᠮᠦᠰ ᠢ ᠵᠠᠯᠠᠵᠦ᠂ ᠪᠠᠭᠤᠭᠰᠠᠨ ᠪᠠᠭᠤᠷᠢ ᠪᠠᠨ ᠢᠷᠦᠬᠡᠯᠬᠡᠳᠡᠭ ᠪᠠ ᠭᠠᠯ ᠬᠦᠷᠬᠡᠭᠰᠡᠨ ᠠᠶᠢᠯ ᠠᠮᠢᠳᠠᠨ ᠳᠤ ᠠᠴᠢᠯᠠᠯ ᠤᠨ ᠰᠡᠳᠬᠢᠯ ᠢᠶᠠᠨ ᠢᠯᠡᠳᠬᠡᠳᠡᠭ ᠵᠠᠩᠰᠢᠯ ᠲᠠᠢ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号