ᠠᠯᠠᠱᠠ ᠮᠤᠩᠭᠤᠯᠴᠤᠤᠨ ᠤᠨ ᠰᠢᠨ᠎ᠠ ᠶᠢᠨ ᠴᠠᠢ ᠬᠢᠬᠦ ᠶᠤᠰᠤᠨ ᠤ ᠲᠤᠬᠠᠢ
ᠨᠡᠶᠢᠲᠡᠯᠡᠭᠰᠡᠨ ᠴᠠᠭ᠄
2018/7/11
       ᠰᠢᠨ᠎ᠠ ᠶᠢᠨ ᠨᠢᠭᠡᠨ ᠤ ᠶᠤᠰᠤᠨ ᠤ ᠠᠭᠤᠯᠵᠠᠯᠲᠠ ᠠᠴᠠ ᠭᠠᠲᠠᠨ᠎ᠠ ᠠᠯᠠᠱᠠ ᠨᠤᠲᠤᠭ ᠲᠤ ᠲᠤᠰᠬᠠᠢ ᠤᠷᠢᠯᠭ᠎ᠠ ᠪᠠᠷ  ︽ᠰᠢᠨ᠎ᠠ ᠶᠢᠨ ᠴᠠᠢ︾ ᠭᠡᠵᠤ ᠥᠪᠡᠲᠡᠭᠰᠢ ᠶᠡᠭᠡ ᠨᠠᠶᠢᠷ ᠬᠢᠨ᠎ᠠ᠃ ᠶᠠᠷᠤ ᠳᠡᠭᠡᠨ ︽ᠰᠢᠨ᠎ᠠ ᠶᠢᠨ ᠴᠠᠢ︾ ᠭᠡᠲᠡᠭ ᠢ ᠠᠶᠢᠯ ᠡᠷᠤᠭᠡ ᠬᠠᠷᠢᠯᠴᠠᠨ ᠬᠢᠲᠡᠭ ᠪᠥᠭᠡᠤᠨ ᠡᠲᠤᠷ ᠴᠠᠭ ᠢᠶᠠᠨ ᠲᠤᠭᠲᠠᠭᠠᠭᠰᠠᠨ ᠤ ᠲᠠᠷᠠᠭ᠎ᠠ᠂ ᠴᠠᠢ ᠬᠢᠬᠦ ᠠᠶᠢᠯ ᠤᠨ ᠡᠵᠠᠨ ᠨᠢ ᠲᠤᠰᠬᠠᠶᠢᠯᠠᠨ ᠵᠠᠯᠠᠬᠤ ᠭᠡᠰᠠᠨ ᠠᠶᠢᠯ ᠤᠳ ᠢᠶᠠᠷ ᠤᠷᠤᠵᠤ ᠬᠦᠬᠦᠷ ᠨᠠᠷᠠᠵᠤ ᠭᠡᠶᠢᠴᠢᠨ  ᠢᠶᠠᠨ ᠤᠷᠢᠨ᠎ᠠ᠃ ᠤᠷᠢᠭᠲᠠᠵᠤ ᠤᠴᠢᠬᠤ ᠭᠡᠶᠢᠴᠢᠨ ᠨᠢ ᠨᠢᠭᠡ ᠪᠤᠶᠤ ᠬᠤᠶᠠᠷ ᠯᠤᠩᠬᠤ ᠠᠷᠢᠬᠢ ᠠᠪᠴᠤ ᠤᠴᠢᠬᠤ ᠪᠥᠭᠡᠤᠨ ᠨᠢᠭᠡ ᠴᠠᠢ ᠨᠢᠭᠡ ᠬᠠᠲᠠᠭ ᠪᠠ ᠵᠤᠬᠢᠬᠤ ᠭᠡᠮᠵᠢᠶᠠᠨ ᠤ ᠰᠢᠬᠢᠷᠲᠠᠢ ᠪᠤᠭᠤᠷᠰᠤᠭ ᠵᠢᠮᠢᠰᠤᠨ ᠤ ᠵᠦᠢᠯ ᠢ ᠪᠠᠯᠡᠭᠯᠠᠵᠤ ᠪᠤᠯᠤᠨ᠎ᠠ᠃ ᠭᠡᠷᠪᠠ ᠲᠥᠷᠤᠯ ᠰᠠᠲᠤᠨ ᠤ ᠭᠡᠷ ᠲᠤ ᠤᠷᠢᠭᠲᠠᠵᠤ ᠤᠴᠢᠬᠤ ᠪᠤᠯᠪᠠᠯ ᠬᠦᠮᠤᠨ ᠪᠥᠷᠢ ᠳᠤ ᠨᠢᠵᠠᠭᠡᠤᠨ ᠬᠠᠲᠠᠭ ᠪᠠᠷᠢᠵᠤ ᠰᠢᠬᠢᠷ᠂ ᠪᠤᠷᠠᠮ᠂ ᠰᠢᠬᠢᠷᠲᠠᠢ ᠪᠤᠭᠤᠷᠰᠤᠭ ᠵᠠᠷᠭᠡ ᠶᠢᠨ ᠪᠠᠯᠡᠭ ᠬᠦᠷᠭᠡᠬᠦ ᠶᠤᠰᠤᠲᠠᠢ᠃ ᠥᠷᠬᠦᠯᠵᠢ ᠨᠠᠰᠢ ᠴᠠᠰᠢ ᠶᠠᠪᠤᠯᠴᠠᠲᠠᠭ ᠠᠶᠢᠯ ᠵᠠᠷᠭᠡᠯᠠᠲᠡᠭᠡ ᠤᠯᠤᠰ ᠪᠤᠯ ᠨᠢᠭᠡ ᠯᠤᠩᠬᠤ ᠠᠷᠢᠬᠢᠨ ᠤ ᠬᠠᠮᠲᠤ ᠲᠥᠬᠦᠮᠭᠡᠨ ᠪᠠᠯᠡᠭ ᠲᠠᠢ ᠤᠴᠢᠭᠰᠠᠨ ᠴᠤ ᠪᠤᠯᠤᠨ᠎ᠠ᠃        ︵ᠨᠢᠭᠡ︶ ᠤᠭᠲᠤᠬᠤ ᠴᠠᠢ ᠵᠠᠰᠠᠬᠤ                ᠴᠠᠭᠠᠨ ᠤ ᠭᠡᠶᠢᠴᠢᠨ ᠤᠶᠠᠭᠠᠨ ᠲᠠᠭᠡᠷ᠎ᠠ ᠢᠷᠠᠵᠤ ᠪᠠᠭᠤᠬᠤ ᠥᠶ᠎ᠠ ᠳᠤ ᠭᠡᠷ ᠤᠨ ᠡᠵᠠᠨ ᠤᠭᠲᠤᠨ ᠤᠤᠠᠴᠤ ᠮᠠᠠᠲᠤᠯᠠᠭᠡᠤᠨ ᠤᠨᠤᠭ᠎ᠠ ᠤᠨᠤᠰᠢ ᠶᠢ ᠨᠢ ᠲᠤᠰᠤᠨ ᠠᠪᠴᠤ ᠤᠶᠠᠩᠭᠤᠲᠠ ᠭᠡᠷ ᠲᠡᠭᠡᠨ ᠵᠠᠯᠠᠵᠤ ᠤᠷᠤᠭᠤᠯᠤᠨ᠎ᠠ᠃ ᠲᠠᠭᠡᠭᠡᠤᠨ ᠵᠠᠷᠭᠡ ᠲᠤᠰᠢᠶᠠᠯ ᠪᠠ ᠠᠬᠠᠮᠠᠤᠨ ᠵᠠᠯᠠᠭᠤ ᠨᠠᠰᠤᠨ ᠤ ᠲᠠᠰ ᠲᠠᠷᠠᠭᠠᠯᠠᠯ ᠢᠶᠠᠷ ᠪᠠᠶᠢᠷᠢᠯᠠᠭᠤᠯᠤᠭᠠᠤᠨ ᠬᠠᠲᠠᠭ  ᠢᠶᠠᠷ ᠵᠤᠯᠭᠠᠵᠤ ᠬᠦᠬᠦᠷ ᠵᠥᠷᠢᠬᠦᠯᠤᠨ᠄ ︽ᠲᠠ ᠨᠠᠷ ᠥᠷᠬᠦᠭᠡ ᠨᠠᠶᠢᠲᠠ ᠪᠠᠷ ᠢᠶᠠᠨ ᠰᠠᠶᠢᠨ ᠰᠢᠨᠠᠯᠠᠪᠠ ᠦᠦ︖ ᠰᠢᠨᠡᠯᠡᠭᠰᠠᠭᠡᠷ ᠪᠠᠶ᠎ᠠ ᠯᠡᠭᠱᠠᠨ ᠲᠤᠩᠭᠠᠯᠠᠭ ᠰᠠᠶᠢᠨ︖︾ ᠭᠡᠬᠦ ᠮᠠᠲᠤ ᠮᠠᠠᠲᠤᠴᠢᠯᠠᠯ ᠤᠨ ᠥᠭᠡ ᠭᠡᠯᠠᠵᠤ ᠬᠠᠷᠢᠯᠴᠠᠭᠠᠨ ᠤ ᠶᠤᠰᠤ ᠬᠦᠢᠴᠠᠤᠠᠭᠡᠭᠡᠤᠨ ᠤᠷᠢᠤᠨ ᠢᠶᠠᠷ ᠴᠠᠢ ᠪᠠᠨ ᠵᠠᠰᠠᠵᠤ᠂ ᠭᠠᠲᠤᠤ ᠪᠤᠭᠤᠷᠰᠤᠭ ᠢᠶᠠᠨ ᠲᠠᠯᠪᠢᠨ᠎ᠠ᠃ ᠴᠠᠢ ᠶᠢᠨ ᠲᠠᠷᠠᠭ᠎ᠠ ᠭᠡᠷ ᠤᠨ ᠡᠵᠠᠨ ᠠᠷᠢᠬᠢ ᠵᠠᠰᠠᠵᠤ ᠪᠠᠷᠠᠪᠠᠯ᠂ ᠭᠡᠶᠢᠴᠢᠨ ᠨᠢ ᠠᠷᠢᠬᠢ ᠲᠠᠭᠡᠵᠢ ᠪᠠᠨ ᠭᠠᠷᠭᠠᠵᠤ ᠭᠡᠷ ᠤᠨ ᠡᠵᠠᠨ ᠠᠴᠠ ᠡᠬᠢᠯᠠᠨ ᠶᠡᠭᠡ ᠪᠠᠭ᠎ᠠ ᠶᠢᠨ ᠲᠠᠰ ᠲᠠᠷᠠᠭᠠᠯᠠᠯ ᠢᠶᠠᠷ ᠬᠦᠮᠤᠨ ᠪᠥᠷᠢ ᠳᠤ ᠰᠢᠨ᠎ᠠ ᠶᠢᠨ ᠲᠠᠭᠡᠵᠢ ᠵᠠᠰᠠᠭᠠᠤᠨ ᠠᠪᠴᠢᠷᠠᠭᠰᠠᠨ ᠪᠠᠯᠡᠭ ᠬᠠᠲᠠᠭ ᠢᠶᠠᠨ ᠭᠡᠷ ᠤᠨ ᠡᠵᠠᠨ ᠳᠤ ᠪᠠᠷᠢᠲᠠᠭ ᠶᠤᠮ᠃                ︵ᠬᠤᠶᠠᠷ︶ ᠵᠤᠷᠢᠭ ᠲᠠᠭᠡᠵᠢ ᠵᠠᠰᠠᠬᠤ                ᠵᠤᠷᠢᠭ ᠲᠠᠭᠡᠵᠢ ᠵᠠᠰᠠᠬᠤ ᠠᠴᠠ ᠡᠮᠤᠨ᠎ᠠ ᠵᠠᠪᠠᠯ ᠵᠤᠷᠢᠭ ᠴᠠᠢ ᠵᠠᠰᠠᠬᠤ ᠶᠤᠰᠤᠲᠠᠢ᠃ ᠵᠤᠷᠢᠭ ᠴᠠᠢ ᠪᠠ ᠵᠤᠷᠢᠭ ᠲᠠᠭᠡᠵᠢ ᠭᠡᠲᠡᠭ ᠨᠢ ᠰᠢᠨ᠎ᠠ ᠶᠢᠨ ᠴᠠᠢ ᠶᠢᠨ ᠨᠠᠶᠢᠷ ᠡᠬᠢᠯᠠᠬᠦ ᠬᠦᠠᠲᠤᠯᠠᠯ ᠤᠨ ᠴᠠᠢ ᠶᠢᠨ ᠲᠠᠭᠡᠵᠢ ᠶᠢ ᠵᠢᠭᠠᠵᠤ ᠪᠠᠶᠢᠭ᠎ᠠ ᠶᠤᠮ᠃                ᠤᠭᠲᠤᠯᠭ᠎ᠠ ᠶᠢᠨ ᠴᠠᠢ ᠪᠠ ᠲᠠᠭᠡᠵᠢ ᠵᠠᠰᠠᠬᠤ ᠳᠠᠭᠠᠨ ᠭᠡᠶᠢᠴᠢᠨ ᠤ ᠢᠷᠡᠭᠰᠠᠨ ᠲᠠᠷᠠᠭᠠᠯᠠᠯ ᠢ ᠥᠠᠲᠤᠰᠤᠯᠠᠨ ᠤᠷᠢᠤᠨ ᠬᠤᠵᠢᠤᠨ ᠢᠶᠠᠷ ᠬᠦᠢᠴᠠᠤᠠᠭᠡᠵᠤ ᠪᠤᠯᠤᠨ᠎ᠠ᠃ ᠭᠡᠲᠠᠯ᠎ᠠ ᠵᠤᠷᠢᠭ ᠴᠠᠢ ᠪᠠ ᠵᠤᠷᠢᠭ ᠲᠠᠭᠡᠵᠢ ᠵᠠᠰᠠᠬᠤ ᠳᠤ ᠡᠷᠭᠡᠪᠰᠢ ᠤᠷᠢᠭᠲᠠᠨ ᠢᠷᠡᠭᠰᠠᠨ ᠭᠡᠶᠢᠴᠢᠨ ᠪᠥᠬᠦᠨ ᠢ ᠬᠠᠮᠲᠤ ᠰᠠᠭᠤᠯᠭᠠᠬᠤ ᠶᠤᠰᠤᠲᠠᠢ᠃ ᠲᠠᠭᠡᠭᠡᠤᠨ ᠤᠷᠢᠤᠨ ᠢᠶᠠᠷ ᠴᠠᠶᠢᠲᠠᠯ᠎ᠠ ᠰᠥᠯᠡᠭᠰᠠᠨ ᠢᠲᠠᠭᠡᠰᠢᠯᠢᠭ ᠴᠠᠢ ᠪᠠᠨ ᠲᠥᠬᠦᠷᠠᠩ ᠲᠥᠬᠦᠷᠠᠩ ᠠᠶᠠᠭᠠᠯᠠᠵᠤ ᠵᠠᠰᠠᠭᠠᠤᠨ ᠵᠤᠷᠢᠭ ᠴᠠᠢ ᠶᠢᠨ ᠪᠤᠭᠤᠷᠰᠤᠭ ᠢᠶᠠᠨ ᠲᠠᠯᠪᠢᠨ᠎ᠠ᠃ ᠵᠤᠷᠢᠭ ᠴᠠᠢ ᠶᠢᠨ ᠪᠤᠭᠤᠷᠰᠤᠭ ᠢ ᠪᠤᠯ ᠲᠤᠮᠤ ᠰᠢᠬ ᠲᠠᠪᠠᠭ ᠲᠤ ᠥᠷᠤᠵᠤ ᠲᠠᠭᠡᠷ᠎ᠠ  ᠨᠢ ᠥᠷᠤᠮ᠎ᠠ᠂ ᠱᠦᠭᠦᠷᠮᠡᠭ᠂ ᠰᠢᠬᠢᠷ ᠪᠤᠷᠠᠮ ᠪᠤᠯᠤᠨ ᠰᠢᠬᠢᠷᠲᠠᠢ ᠪᠤᠭᠤᠷᠰᠤᠭ᠂ ᠴᠢᠪᠠᠭ᠎ᠠ ᠶᠠᠩᠭᠠᠭ ᠵᠠᠷᠭᠡ ᠪᠠᠷ ᠥᠡᠭᠭᠡᠯᠠᠨ ᠨᠠᠶᠢᠷ ᠤᠨ ᠰᠢᠷᠠᠭᠡᠨ ᠤ ᠲᠤᠮᠲᠠ ᠲᠦᠪ ᠡᠷᠬᠢᠮᠰᠦᠭ ᠢᠶᠠᠷ ᠲᠠᠯᠪᠢᠲᠠᠭ ᠶᠤᠮ᠃ ᠵᠤᠷᠢᠭ ᠴᠠᠢ ᠵᠠᠰᠠᠵᠤ ᠪᠠᠷᠠᠭᠠᠤᠨ ᠠᠶᠠᠭ᠎ᠠ ᠲᠠᠪᠠᠭ ᠬᠤᠷᠢᠶᠠᠭᠰᠠᠨ ᠤ ᠲᠠᠷᠠᠭ᠎ᠠ ᠵᠤᠷᠢᠭ ᠲᠠᠭᠡᠵᠢ ᠵᠠᠰᠠᠨ᠎ᠠ᠃                ᠰᠢᠨ᠎ᠠ ᠶᠢᠨ ᠴᠠᠢ ᠶᠢᠨ ᠵᠤᠷᠢᠭ ᠲᠠᠭᠡᠵᠢ ᠶᠢ ᠮᠠᠰᠢ ᠡᠷᠬᠢᠮ ᠬᠦᠠᠲᠤᠯᠠᠯ ᠤᠨ ᠲᠠᠭᠡᠵᠢ ᠪᠠᠷ ᠥᠵᠡᠲᠡᠭ ᠤᠴᠢᠷ  ᠠᠴᠠ ᠭᠡᠷ ᠤᠨ ᠡᠵᠠᠨ ᠨᠢ ᠭᠤᠷᠪᠠᠨ ᠵᠢᠯ ᠬᠠᠲᠠᠭᠠᠯᠠᠭᠰᠠᠨ ᠬᠠᠲᠠᠭᠠᠮᠠᠯ ᠠᠷᠢᠬᠢ᠂ ᠡᠰᠠᠬᠦᠯ᠎ᠠ ᠠᠯᠢ ᠰᠠᠶᠢᠨ ᠠᠷᠢᠬᠢ  ᠪᠠᠨ ᠭᠠᠷᠭᠠᠵᠤ ᠲᠤᠮᠤ ᠬᠤᠨᠲᠠᠭ᠎ᠠ ᠪᠤᠶᠤ ᠵᠢᠵᠢᠭ ᠮᠥᠡᠭᠬᠦᠨ ᠠᠶᠠᠭ᠎ᠠ ᠪᠠᠷ ᠭᠡᠶᠢᠴᠢᠨ ᠳᠡᠭᠡᠨ ᠭᠤᠷᠪᠠ ᠤᠲᠠᠭ᠎ᠠ ᠵᠠᠰᠠᠬᠤ ᠪᠥᠭᠡᠤᠨ ᠬᠠᠮᠤᠭ ᠰᠠᠬᠦᠯᠴᠢ ᠶᠢᠨ ᠨᠢᠭᠡ ᠬᠤᠨᠲᠠᠭ᠎ᠠ ᠶᠢ ᠵᠠᠪᠠᠯ ᠤᠤᠭᠤᠯᠭᠠᠬᠤ ᠶᠤᠰᠤᠲᠠᠢ᠃               ︵ᠭᠤᠷᠪᠠ︶ ᠨᠠᠶᠢᠷ ᠬᠦᠭᠵᠢᠭᠡᠬᠦ             ᠵᠤᠷᠢᠭ ᠲᠠᠭᠡᠵᠢ ᠵᠠᠰᠠᠵᠤ ᠪᠠᠷᠠᠭᠰᠠᠨ ᠤ ᠲᠠᠷᠠᠭ᠎ᠠ ᠭᠡᠷ ᠤᠨ ᠡᠵᠠᠨ ᠠᠴᠠ ︽ᠥᠡᠭ ᠥᠷᠭᠡᠨ ᠠᠯᠠᠱᠠ︾ ᠭᠡᠲᠡᠭ ᠨᠠᠶᠢᠷ ᠤᠨ ᠡᠬᠢᠨ ᠤ ᠲᠠᠭᠤᠤ ᠪᠠᠨ ᠡᠬᠢᠯᠠᠨ᠄         ᠥᠡᠭ ᠥᠷᠭᠡᠨ ᠠᠯᠠᠱᠠ         ᠤᠯᠲᠠᠬᠤᠶ᠎ᠠ ᠪᠠᠷᠭᠡ ᠨᠤᠲᠤᠭ ᠮᠢᠨᠢ         ᠱᠠᠩ ᠲᠠᠯᠠᠢ ᠱᠠᠵᠢᠨ ᠤ ᠲᠥᠰᠢᠭ           ᠰᠢᠯᠭᠠᠵᠤ ᠰᠢᠮᠲᠠᠪᠠᠰᠤ ᠲᠥᠷᠤ ᠶᠢᠨ ᠲᠠᠨᠢ ᠶᠤᠰᠤ         ᠥᠨᠢᠷ ᠪᠠᠶᠠᠨ ᠤᠷᠢᠲᠤ ᠶᠢᠨ ᠪᠤᠶᠠᠨ           ᠤᠮᠤᠭ ᠲᠠᠬᠦᠯᠲᠠᠷ ᠥᠭᠲᠠᠮ᠎ᠠ ᠰᠢᠤ᠃           ᠪᠠᠭᠠᠲᠤᠷ ᠵᠢᠷᠤᠭᠡ ᠪᠠᠶ᠎ᠠ ᠳᠡᠭᠡᠨ ᠲᠥᠰᠢᠭ ᠲᠠᠢ         ᠪᠠᠭᠯᠠᠭᠠᠷ ᠮᠤᠲᠤ ᠡᠰᠢ ᠳᠡᠭᠡᠨ ᠲᠥᠰᠢᠭ ᠲᠠᠢ         ᠨᠠᠶᠠᠨ ᠥᠭᠡᠨ ᠤ ᠨᠠᠶᠢᠷ ᠲᠠᠢ ᠨᠢ ᠰᠠᠶᠢᠬᠠᠨ         ᠨᠠᠶᠢᠷ ᠬᠤᠷᠢᠮ ᠨᠢ ᠴᠠᠩᠭᠡᠯ ᠲᠠᠢ ᠨᠢ ᠰᠠᠶᠢᠬᠠᠨ         ᠲᠥᠮᠠᠨ ᠥᠭᠡᠨ ᠤ ᠲᠤᠪᠴᠢ ᠲᠠᠢ ᠨᠢ ᠰᠠᠶᠢᠬᠠᠨ           ᠲᠥᠷᠤᠯ ᠰᠠᠲᠤᠨ ᠤ ᠲᠤᠷᠠᠰᠬᠠᠯ ᠲᠠᠢ ᠨᠢ ᠰᠠᠶᠢᠬᠠᠨ         ᠰᠢᠠᠵᠢᠵᠤ ᠲᠠᠭᠤᠯᠠᠪᠠᠰᠤ ᠰᠢᠨᠠᠭᠡᠨ ᠴᠠᠩᠭᠡᠯᠭᠡ         ᠰᠢᠭᠰᠢᠬᠦᠯᠵᠤ ᠮᠤᠷᠲᠠᠪᠠᠰᠤ ᠢᠲᠠᠷᠭᠡᠨ ᠵᠠᠯᠠᠭᠤᠴᠤᠤᠨ           ᠲᠥᠪ ᠵᠢᠷᠭᠠᠭᠴᠢ ᠲᠥᠷᠤ ᠶᠢᠨ ᠲᠠᠨᠢ ᠶᠤᠰᠤ           ᠲᠠᠬᠦᠰ ᠬᠠᠮᠲᠤ ᠪᠠᠷ ᠢᠶᠠᠨ ᠵᠢᠷᠭᠠᠨ᠎ᠠ ᠰᠢᠤ᠃         ᠤᠷᠴᠢᠯᠠᠩ ᠭᠡᠲᠡᠭ ᠤᠯᠠᠷᠢᠲᠠᠭ ᠰᠢᠤ           ᠸᠴᠢᠷᠲᠠᠷ᠎ᠠ ᠯᠠᠮᠠ ᠳᠠᠭᠠᠨ ᠲᠠᠭᠠᠤᠠᠬᠠᠶ᠎ᠠ ᠭᠡᠵᠤ ᠲᠠᠭᠤᠯᠠᠵᠤ ᠪᠠᠷᠠᠭᠰᠠᠨ ᠤ ᠲᠠᠷᠠᠭ᠎ᠠ᠂ ᠡᠷᠬᠢᠮᠰᠦᠭ ᠨᠠᠶᠢᠷ ᠤᠨ ᠲᠥᠪ ᠶᠤᠰᠤ ᠪᠠᠷ ᠪᠤᠰᠴᠤ ᠵᠤᠭᠰᠤᠨ ᠬᠤᠨᠲᠠᠭ᠎ᠠ   ᠪᠠᠨ ᠡᠷᠬᠦᠵᠤ᠄             ︽ᠨᠠᠶᠢᠷᠯᠠᠬᠤ ᠯᠠ ᠵᠠᠶᠠᠭ᠎ᠠ ᠪᠠᠶᠢᠲᠠᠮ ᠽᠠᠢ᠂ ᠪᠠᠶᠠᠰᠬᠤ ᠳᠠᠭᠠᠨ ᠬᠠᠮᠲᠤ ᠰᠠᠷᠬᠦᠵᠠᠭᠡᠨ᠎ᠠ︾ ᠭᠡᠲᠡᠭ ᠲᠥᠷᠢᠯᠭᠡ ᠲᠠᠭᠤᠤ ᠪᠠᠨ ᠲᠠᠭᠤᠯᠠᠭᠠᠤᠨ ᠲᠠᠭᠤᠤ ᠲᠠᠢ ᠠᠷᠢᠬᠢ ᠪᠠᠨ ᠭᠡᠶᠢᠴᠢᠨ ᠳᠡᠭᠡᠨ ᠲᠠᠰ ᠲᠠᠷᠠᠭᠠᠯᠠᠨ ᠵᠠᠰᠠᠨ᠎ᠠ᠃ ᠭᠡᠷ ᠤᠨ ᠡᠵᠠᠨ ᠵᠠᠯᠭᠠᠭᠠᠤᠨ ᠲᠠᠷᠠᠭ᠎ᠠ ᠲᠠᠷᠠᠭ᠎ᠠ ᠪᠠᠷ ᠨᠠᠶᠢᠲᠠ ᠭᠤᠷᠪᠠᠨ ᠲᠠᠭᠤᠤ ᠲᠠᠭᠤᠯᠠᠵᠤ ᠲᠠᠭᠤᠤ ᠲᠠᠢ ᠠᠷᠢᠬᠢ ᠪᠠᠨ ᠲᠤᠰ ᠲᠤᠰ ᠵᠠᠰᠠᠵᠤ ᠪᠠᠷᠠᠭᠰᠠᠨ ᠤ ᠲᠠᠷᠠᠭ᠎ᠠ ᠰᠠᠶ᠋ᠢ ᠭᠡᠶᠢᠴᠢᠤᠨ ᠤᠨ ᠲᠤᠲᠤᠷ᠎ᠠ ᠠᠴᠠ ᠠᠯᠢ ᠨᠢᠭᠡ ᠨᠢ ᠵᠠᠯᠭᠠᠭ᠎ᠠ ᠪᠠᠷ ᠲᠠᠭᠤᠤ ᠡᠬᠢᠯᠠᠵᠤ ᠲᠠᠭᠤᠤ ᠲᠠᠢ ᠠᠷᠢᠬᠢ ᠪᠠᠨ ᠭᠡᠷ ᠤᠨ ᠡᠵᠠᠨ ᠠᠴᠠ ᠡᠬᠢᠯᠠᠨ ᠭᠡᠶᠢᠴᠢᠨ ᠪᠥᠬᠦᠨ ᠳᠤ ᠲᠠᠰ ᠲᠠᠷᠠᠭᠠᠯᠠᠨ ᠵᠠᠰᠠᠵᠤ ᠨᠠᠶᠢᠷ ᠬᠦᠭᠵᠢᠭᠡᠨ᠎ᠠ᠃                ᠨᠠᠶᠢᠷ ᠤᠨ ᠲᠠᠭᠤᠤ ᠲᠠᠭᠤᠯᠠᠬᠤ ᠪᠥᠷᠢ ᠳᠤ ᠲᠠᠬᠦᠰᠭᠡᠯ ᠲᠥᠷᠢᠯᠭᠡ ᠲᠠᠭᠤᠤ ᠤᠷᠤᠭᠤᠯᠵᠤ ᠲᠠᠭᠤᠯᠠᠲᠠᠭ ᠨᠢ ᠨᠢᠭᠡ ᠲᠠᠭᠤᠤ ᠪᠠᠨ ᠲᠠᠬᠦᠰᠭᠡᠭᠰᠠᠨ ᠢᠶᠠᠨ ᠮᠠᠲᠡᠭᠲᠠᠵᠤ᠂ ᠥᠭᠡᠷ᠎ᠠ ᠲᠠᠭᠤᠤ ᠡᠬᠢᠯᠠᠬᠦ ᠵᠠᠪᠰᠠᠷᠯᠠᠭ᠎ᠠ ᠭᠠᠷᠭᠠᠵᠤ ᠪᠠᠶᠢᠭ᠎ᠠ ᠠᠵᠢ᠃          ᠲᠥᠷᠢᠯᠭᠡ ᠲᠠᠭᠤᠤ ᠳᠡᠭᠦᠰᠬᠦ ᠲᠠᠢ ᠵᠠᠷᠭᠡ ᠪᠠᠷ ᠭᠡᠨ ᠴᠤ ᠭᠡᠰᠠᠨ ᠤᠷᠢᠤᠨ ᠢᠶᠠᠷ ᠥᠪᠠᠷ ᠤᠨ ᠲᠠᠭᠤᠤ ᠲᠠᠢ ᠠᠷᠢᠬᠢ ᠪᠠᠨ ᠵᠠᠰᠠᠬᠤ ᠶᠢ ᠪᠤᠲᠤᠵᠤ ᠨᠠᠶᠢᠷ ᠤᠨ ᠲᠠᠭᠤᠤ ᠨᠤᠭᠤᠳ ᠢ ᠪᠤᠯᠢᠶᠠᠯᠲᠤᠨ ᠡᠬᠢᠯᠠᠵᠤ ᠲᠠᠭᠤᠯᠠᠨ᠎ᠠ᠃ ᠭᠡᠨ ᠡᠬᠢᠯᠠᠵᠤ ᠲᠠᠭᠤᠯᠠᠭᠰᠠᠨ ᠴᠤ ᠤᠯᠠᠨ ᠢᠶᠠᠷ ᠢᠶᠠᠨ ᠲᠠᠬᠦᠨ ᠲᠠᠢ ᠬᠤᠭᠤᠯᠠᠢ ᠨᠠᠶᠢᠯᠠᠬᠦᠯᠵᠤ ᠬᠠᠪᠰᠤᠷᠤᠨ ᠲᠠᠭᠤᠯᠠᠲᠠᠭ ᠵᠠᠩᠰᠢᠯ ᠲᠠᠢ᠃ ᠭᠡᠬᠦ ᠳᠡᠭᠡᠨ ᠲᠠᠭᠤᠤ ᠡᠬᠢᠯᠡᠭᠰᠠᠨ ᠬᠦᠮᠤᠨ ᠵᠠᠪᠠᠯ ᠡᠬᠢᠯᠡᠭᠰᠠᠨ ᠲᠠᠭᠤᠤ ᠳᠠᠭᠠᠨ ᠡᠵᠠᠨ ᠪᠤᠯᠬᠤ ᠭᠤᠤᠯᠯᠠᠬᠤ ᠪᠠᠷ ᠲᠥᠷᠢᠬᠦ᠂  ᠤᠯᠠᠨ ᠲᠠᠭᠤᠤ ᠡᠬᠢᠯᠠᠬᠦ ᠪᠠᠷ ᠢᠶᠠᠨ ᠲᠥᠷᠢᠬᠦ᠂ ᠤᠶᠠᠩᠭᠠᠳᠤ ᠴᠠᠭᠡᠯᠭᠡᠨ ᠬᠤᠭᠤᠯᠠᠢ ᠪᠠᠷ  ᠢᠶᠠᠨ ᠲᠥᠷᠢᠬᠦ ᠶᠢ ᠡᠷᠬᠢᠮᠯᠠᠲᠡᠭ ᠲᠤᠯᠠ ᠨᠠᠶᠢᠷ ᠤᠯᠠᠮ ᠬᠦᠷ ᠬᠦᠭᠵᠢᠶᠠᠨ ᠲᠠᠢ ᠪᠤᠯᠵᠤ ᠶᠠᠭ ᠯᠠ ᠲᠠᠭᠤᠤ ᠶᠢᠨ ᠤᠷᠤᠯᠲᠤᠭᠠᠨ ᠰᠢᠬ ᠪᠤᠯᠲᠠᠭ ᠪᠢᠯᠠ᠃ ᠶᠠᠷᠤ ᠨᠢ ᠬᠤᠷᠢᠮ ᠨᠠᠶᠢᠷ ᠲᠤ ᠰᠤᠩᠭᠤᠨ ᠲᠠᠭᠤᠯᠠᠬᠤ ᠲᠠᠭᠤᠤ ᠨᠤᠭᠤᠳ ᠵᠠᠪᠠᠯ ᠲᠤᠬᠠᠢ ᠶᠢᠨ ᠬᠤᠷᠢᠮ ᠨᠠᠶᠢᠷ ᠤᠨ ᠶᠤᠰᠤᠯᠠᠯ ᠬᠦᠠᠲᠤᠯᠠᠯ ᠤᠨ ᠠᠭᠤᠯᠭ᠎ᠠ ᠲᠠᠢ ᠨᠢᠭᠲᠠ ᠤᠶᠠᠯᠲᠤᠭᠤᠯᠤᠭᠰᠠᠨ᠂ ᠤᠯᠠᠨ ᠲᠥᠮᠠᠠᠴᠢ ᠴᠢᠨᠠᠷ ᠲᠠᠢ ᠲᠠᠤᠭᠡᠲᠤ ᠢᠷᠤᠭᠡᠯ ᠮᠠᠭᠲᠠᠭᠠᠯ᠂ ᠪᠠᠯᠭᠡᠲᠠᠯ ᠵᠥᠡᠭᠨᠠᠯ᠂ ᠰᠤᠷᠭᠠᠯ ᠰᠠᠩᠭᠡᠷᠠᠬᠦᠯᠤᠯ ᠬᠢᠭᠡᠤᠨ ᠬᠦᠰᠠᠯ ᠮᠥᠷᠤᠭᠡᠲᠤᠯ ᠤᠨ ᠤᠤᠠᠬ᠎ᠠ  ᠰᠠᠨᠠᠭ᠎ᠠ ᠪᠥᠬᠦᠢ ᠲᠥᠪ ᠤᠶᠠᠩᠭᠠᠯᠠᠯᠲᠤ ᠤᠷᠲᠤ ᠶᠢᠨ ᠲᠠᠭᠤᠤ ᠪᠠᠶᠢᠬᠤ ᠶᠢ ᠡᠷᠬᠢᠮᠯᠠᠲᠡᠭ ᠪᠢᠯᠠ᠃ ᠡᠶᠢᠨ ᠬᠦ᠂ ᠬᠤᠷᠢᠮ ᠨᠠᠶᠢᠷ ᠤᠨ ᠲᠥᠪ ᠶᠠᠭᠡᠮᠰᠦᠭ ᠠᠭᠤᠷ ᠠᠮᠢᠰᠬᠤᠯ ᠢ ᠦᠳᠭᠡᠷᠡᠭᠦᠯᠵᠦ᠂ ᠢᠨᠠᠭ ᠲᠤᠷᠠᠯᠠᠯ ᠤᠨ ᠲᠠᠭᠤᠤ᠂ ᠬᠤᠴᠢ ᠱᠤᠭ ᠲᠠᠭᠤᠤ ᠵᠠᠷᠭᠡ ᠶᠢ ᠪᠠᠭᠲᠠᠭᠠᠭᠰᠠᠨ ᠬᠤᠬᠢᠷ ᠲᠠᠭᠤᠤ ᠨᠤᠭᠤᠳ ᠢ ᠶᠠᠷᠤ ᠲᠠᠭᠤᠯᠠᠲᠠᠭ ᠥᠭᠡᠢ ᠶᠤᠮ᠃             ᠴᠠᠭᠠᠨ ᠤ ᠨᠠᠶᠢᠷ ᠨᠠᠯᠢᠶᠠᠤᠨ ᠤᠲᠠᠲᠠᠯ᠎ᠠ ᠶᠠᠪᠤᠭᠲᠠᠭᠠᠤᠨ ᠭᠡᠶᠢᠴᠢᠤᠨ ᠠᠷᠢᠬᠢᠨ ᠳᠠᠭᠠᠨ ᠬᠠᠯᠠᠰᠬᠢᠭᠠᠤᠨ ᠢᠷᠠᠬᠦ  ᠶᠢᠨ ᠥᠶ᠎ᠠ ᠪᠠᠷ ᠤᠭᠤᠴᠠ ᠰᠢᠬᠦᠰᠤ ᠪᠠᠨ ᠲᠠᠯᠪᠢᠵᠤ᠂ ᠪᠤᠲᠠᠭ᠎ᠠ ᠬᠤᠭᠤᠯᠠ ᠵᠠᠰᠠᠨ᠎ᠠ᠃ ᠤᠭᠤᠴᠠᠨ ᠤ ᠲᠠᠷᠠᠭ᠎ᠠ ᠤᠯᠠᠩᠬᠢ ᠳᠠᠭᠠᠨ ᠬᠤᠨ ᠲᠠᠩ ︵ᠱᠥᠯᠤ ᠲᠠᠢ ᠪᠠᠩᠰᠢ︶ ᠬᠤᠭᠤᠯᠠ ᠵᠠᠰᠠᠨ᠎ᠠ᠃ ᠵᠠᠷᠢᠮ ᠳᠠᠭᠠᠨ ᠭᠡᠷᠴᠢᠭᠰᠡᠨ ᠭᠤᠯᠢᠷ ᠬᠤᠭᠤᠯᠠ ᠪᠤᠶᠤ ᠰᠢᠩᠭᠡᠭᠡᠨ ᠲᠤᠲᠤᠷᠭᠠᠨ ᠪᠤᠲᠠᠭ᠎ᠠ ᠬᠢᠵᠤ ᠵᠠᠰᠠᠳᠠᠭ ᠶᠤᠮ᠃ ᠬᠤᠭᠤᠯᠠᠨ ᠤ ᠲᠠᠷᠠᠭ᠎ᠠ ᠪᠠᠰᠠ ᠥᠷᠬᠦᠯᠵᠢᠯᠠᠨ ᠤᠲᠠᠲᠠᠯ᠎ᠠ ᠨᠠᠶᠢᠷᠯᠠᠵᠤ ᠪᠤᠯᠤᠨ᠎ᠠ᠃             ︵ᠲᠥᠷᠪᠠ︶ ᠨᠠᠶᠢᠷ ᠥᠠᠲᠤᠷᠯᠠᠬᠦ               ᠤᠭᠤᠴᠠ ᠰᠢᠬᠦᠰᠤ ᠪᠠ ᠬᠤᠭᠤᠯᠠᠨ ᠤ ᠲᠠᠷᠠᠭ᠎ᠠ ᠵᠠᠯᠭᠠᠭᠠᠤᠨ ᠪᠠᠰᠠ ᠨᠠᠶᠢᠷᠯᠠᠵᠤ ᠪᠠᠶᠢᠭᠠᠤᠨ ᠤᠲᠠᠯ ᠥᠭᠡᠢ ᠲᠠᠷᠬᠠᠲᠠᠭ᠂ ᠡᠰᠠᠬᠦᠯ᠎ᠠ ᠨᠠᠯᠢᠶᠠᠤᠨ ᠤᠲᠠᠲᠠᠯ᠎ᠠ ᠨᠠᠶᠢᠷᠯᠠᠵᠤ ᠪᠠᠶᠢᠭᠠᠤᠨ ᠲᠠᠷᠬᠠᠬᠤ ᠶᠠᠪᠤᠲᠠᠯ ᠴᠥᠭᠡᠨ ᠥᠭᠡᠢ᠃  ᠭᠡᠬᠦ ᠳᠡᠭᠡᠨ ᠲᠠᠷᠬᠠᠬᠤ ᠶᠢᠨ ᠥᠶ᠎ᠠ ᠪᠠᠷ ᠭᠡᠶᠢᠴᠢᠤᠨ ᠠᠴᠠ ᠳᠠᠷᠬᠠᠵᠦ ᠶᠠᠪᠤᠬᠤ ᠪᠠᠨ ᠲᠠᠭᠤᠤ ᠪᠠᠷ ᠮᠠᠲᠡᠭᠲᠠᠬᠦ ᠪᠥᠭᠡᠤᠨ ᠤᠯᠠᠩᠬᠢ ᠳᠠᠭᠠᠨ ᠬᠠᠷᠢᠵᠤ ᠮᠤᠷᠲᠠᠬᠤ ᠤᠤᠠᠬ᠎ᠠ ᠪᠥᠬᠦᠢ ︽ᠨᠠᠭᠤᠷ ᠲᠠᠭᠠᠨ ᠬᠠᠷᠢᠬᠤ ᠰᠢᠪᠠᠭᠤ︾᠂ ︽ᠨᠠᠶᠢᠷ ᠤᠨ ᠰᠠᠶᠢᠬᠠᠨ︾ ᠵᠠᠷᠭᠡ ᠲᠠᠭᠤᠤ ᠡᠬᠢᠯᠠᠵᠤ ᠲᠠᠭᠤᠯᠠᠨ᠎ᠠ᠃ ᠲᠤᠰ ᠲᠠᠭᠤᠤ ᠳᠤ᠄       ᠲᠠᠯ᠎ᠠ ᠭᠡᠵᠤ ᠶᠠᠪᠤᠯ᠎ᠠ           ᠲᠠ ᠨᠠᠷ ᠢᠶᠠᠨ ᠭᠡᠵᠤ ᠢᠷᠠᠯ᠎ᠠ           ᠲᠠᠨᠢᠯᠴᠠᠭᠰᠠᠨ ᠠᠬ᠎ᠠ ᠨᠠᠷ ᠲᠠᠢ ᠪᠠᠨ         ᠠᠷᠢᠬᠢ ᠴᠠᠭᠡᠨ ᠳᠡᠭᠡᠨ ᠨᠠᠶᠢᠷᠯᠠᠯ᠎ᠠ᠃           ᠠᠷᠤ ᠭᠡᠵᠤ ᠶᠠᠪᠤᠯ᠎ᠠ           ᠠᠬ᠎ᠠ ᠨᠠᠷ ᠢᠶᠠᠨ ᠭᠡᠵᠤ ᠢᠷᠠᠯ᠎ᠠ         ᠠᠬᠠᠮᠠᠤᠨ ᠲᠠ ᠨᠠᠷ ᠲᠠᠢ ᠪᠠᠨ         ᠠᠷᠢᠬᠢ ᠴᠠᠭᠡᠨ ᠳᠡᠭᠡᠨ ᠨᠠᠶᠢᠷᠯᠠᠯ᠎ᠠ           ᠮᠥᠡᠭᠬᠦ ᠭᠡᠲᠡᠭ ᠲᠠᠪᠲᠠᠮᠠᠯ ᠶᠤᠮ         ᠮᠥᠡᠭᠭᠡᠷᠠᠨ᠎ᠠ ᠭᠡᠲᠡᠭ ᠬᠤᠲᠠᠯ ᠶᠤᠮ᠃           ᠮᠥᠨ ᠴᠤ ᠠᠬ᠎ᠠ ᠲᠠ ᠨᠠᠷ ᠤᠨ ᠢᠶᠠᠨ           ᠮᠠᠠᠲᠤ ᠶᠢ ᠲᠠᠨᠢ ᠮᠠᠲᠠᠭᠡᠤᠨ ᠮᠤᠷᠲᠠᠶ᠎ᠠ           ᠤᠷᠤᠭᠰᠠᠨ ᠪᠤᠷᠤᠭᠠᠨ ᠠᠷᠢᠯᠲᠠᠭ ᠶᠤᠮ         ᠢᠷᠡᠭᠰᠠᠨ ᠭᠡᠶᠢᠴᠢᠨ ᠲᠠᠷᠬᠠᠲᠠᠭ ᠶᠤᠮ ᠭᠡᠵᠤ ᠲᠠᠭᠤᠯᠠᠬᠤ ᠳᠤ ᠭᠡᠷ ᠤᠨ ᠡᠵᠠᠨ ᠲᠠᠬᠦᠨ ᠤ ᠬᠠᠷᠢᠭᠤ ᠳᠤᠨᠢ ᠭᠡᠶᠢᠴᠢᠨ ᠢᠶᠠᠨ ᠬᠤᠷᠢᠭᠯᠠᠬᠤ ᠤᠤᠠᠬ᠎ᠠ ᠪᠥᠬᠦᠢ ᠲᠠᠭᠤᠤ ᠲᠠᠭᠤᠯᠠᠲᠠᠭ᠃ ᠤᠯᠠᠩᠬᠢ ᠳᠠᠭᠠᠨ ︽ᠬᠤᠨ ᠴᠠᠭᠠᠨ ᠰᠢᠪᠠᠭᠤ︾ ᠭᠡᠲᠡᠭ ᠲᠠᠭᠤᠤ ᠶᠢ ᠲᠠᠭᠤᠯᠠᠨ᠎ᠠ᠃ ᠲᠤᠰ ᠲᠠᠭᠤᠤ ᠳᠤ᠄         ᠬᠤᠨ ᠶᠤ᠋ ᠴᠠᠭᠠᠨ ᠰᠢᠪᠠᠭᠤ ᠨᠢ         ᠬᠤᠯᠤᠰᠤᠲᠠᠢ ᠨᠠᠭᠤᠷ ᠲᠠᠭᠠᠨ ᠱᠤᠮᠪᠠᠩᠬᠠᠨ ᠰᠠᠭᠤᠨ᠎ᠠ ᠬᠦᠢ᠂           ᠬᠤᠯᠠ ᠶᠢᠨ ᠶᠤ᠋ ᠭᠡᠶᠢᠴᠢᠤᠨ ᠮᠢᠨᠢ ᠢᠷᠠᠭᠡᠤᠨ ᠪᠠᠶᠢᠨ᠎ᠠ ᠳ᠋ᠠ ᠬᠦᠢ᠂         ᠬᠤᠨᠤᠭᠤᠲᠠ ᠥᠠᠵᠢᠬᠦᠲᠠ ᠪᠠᠷ ᠨᠠᠶᠢᠷᠯᠠᠨ ᠰᠠᠭᠤᠶ᠎ᠠ ᠬᠦᠢ           ᠲᠤᠩ ᠶᠤ᠋ ᠴᠠᠭᠠᠨ ᠰᠢᠪᠠᠭᠤ ᠨᠢ         ᠲᠤᠩᠭᠠᠯᠠᠭ ᠨᠠᠭᠤᠷ ᠲᠠᠭᠠᠨ ᠱᠤᠮᠪᠠᠩᠬᠠᠨ ᠰᠠᠭᠤᠨ᠎ᠠ ᠬᠦᠢ         ᠲᠥᠷᠤᠯ ᠶᠤ᠋ ᠰᠠᠲᠤᠨ ᠮᠢᠨᠢ ᠢᠷᠠᠭᠡᠤᠨ ᠪᠠᠶᠢᠨ᠎ᠠ ᠳ᠋ᠠ ᠬᠦᠢ         ᠬᠤᠨᠤᠵᠤ ᠥᠠᠵᠢᠭᠡᠤᠨ ᠮᠤᠷᠢᠯᠠᠭᠠᠷᠠᠢ ᠳ᠋ᠠ ᠬᠦᠢ ᠭᠡᠵᠤ ᠲᠠᠭᠤᠯᠠᠭᠰᠠᠨ ᠴᠤ ᠢᠷᠡᠭᠰᠠᠨ ᠭᠡᠶᠢᠴᠢᠤᠨ ᠵᠠᠪᠠᠯ ᠬᠠᠷᠢᠬᠤ ᠯᠠ ᠪᠤᠯᠤᠨ᠎ᠠ᠃ ᠭᠡᠶᠢᠴᠢᠤᠨ ᠲᠠᠷᠬᠠᠬᠤ ᠠᠴᠠ ᠡᠮᠤᠨ᠎ᠠ ᠭᠡᠷ ᠤᠨ ᠡᠵᠠᠨ ᠨᠢ ᠵᠠᠪᠠᠯ ᠮᠤᠷᠲᠠᠭᠤᠯᠬᠤ ᠶᠢᠨ ᠮᠤᠷᠢᠨ ᠴᠠᠢ ᠵᠠᠰᠠᠵᠤ ᠠᠷᠢᠬᠢ ᠪᠠᠷᠢᠭᠠᠤᠨ ᠭᠡᠶᠢᠴᠢᠨ ᠤ ᠪᠠᠯᠡᠭ ᠤᠨ ᠬᠠᠷᠢᠭᠤ ᠬᠠᠪᠴᠢᠭᠤᠯᠬᠤ ᠶᠤᠰᠤᠲᠠᠢ᠃ ᠪᠡᠯᠡᠭ ᠬᠠᠲᠠᠭ ᠲᠠᠢ ᠢᠷᠡᠭᠰᠠᠨ ᠬᠦᠮᠤᠨ ᠤ ᠬᠠᠲᠠᠭ ᠢ ᠨᠢ ᠪᠤᠴᠠᠭᠠᠬᠤ ᠶᠢᠨ ᠬᠠᠮᠲᠤ ᠵᠤᠬᠢᠬᠤ ᠬᠠᠷᠢᠭᠤ ᠪᠠᠯᠡᠭ ᠥᠭᠬᠦ ᠶᠤᠰᠤᠲᠠᠢ᠂ ᠡᠰᠠᠬᠦᠯ᠎ᠠ ᠲᠠᠩ ᠬᠠᠲᠠᠭ ᠢ ᠨᠢ ᠪᠤᠴᠠᠭᠠᠭᠰᠠᠨ ᠴᠤ ᠪᠤᠯᠤᠨ᠎ᠠ᠃ ᠲᠠᠭᠡᠭᠡᠤᠨ ᠭᠡᠶᠢᠴᠢᠤᠨ ᠡᠬᠦᠲᠠ ᠪᠠᠷ ᠭᠠᠷᠬᠤ ᠳᠤᠨᠢ ᠲᠥᠷᠤᠭᠡ ᠴᠢᠩᠭᠠᠯᠠᠬᠤ ᠠᠷᠢᠬᠢ ᠭᠡᠵᠤ ᠭᠡᠶᠢᠴᠢᠨ ᠨᠢᠭᠡ ᠪᠥᠷᠢ ᠳᠤ ᠨᠢᠵᠠᠭᠡᠤᠨ ᠬᠤᠨᠲᠠᠭ᠎ᠠ ᠠᠷᠢᠬᠢ ᠤᠤᠭᠤᠯᠭᠠᠨ᠎ᠠ᠃ ᠭᠡᠷ ᠤᠨ ᠡᠵᠠᠨ ᠪᠠᠰᠠ ᠭᠡᠶᠢᠴᠢᠨ ᠢᠶᠠᠨ ᠲᠠᠭᠠᠨ ᠭᠠᠷᠴᠤ ᠤᠶᠠᠭᠠᠨ ᠲᠠᠭᠡᠷ᠎ᠠ ᠬᠦᠷᠴᠤ ᠲᠠᠮᠡᠭᠡ ᠮᠤᠷᠢ ᠶᠢᠨ ᠤᠶᠠᠭ᠎ᠠ ᠶᠢ ᠨᠢ ᠲᠠᠶᠢᠯᠵᠤ ᠥᠲᠠᠨ ᠮᠤᠷᠲᠠᠭᠤᠯᠬᠤ ᠶᠤᠰᠤᠲᠠᠢ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号