ᠶᠠᠳᠤᠭ᠎ᠠ ᠶᠢᠨ ᠠᠶᠠᠯᠭᠤᠨ ᠳᠤ ᠵᠠᠯᠠᠭᠤ ᠨᠠᠰᠤ ᠪᠠᠨ ᠰᠤᠷᠢᠨ᠎ᠠ
ᠨᠡᠶᠢᠲᠡᠯᠡᠭᠰᠡᠨ ᠴᠠᠭ᠄
2020/4/15
                                      ᠰᠠᠷᠴᠢᠨ ᠶᠠᠳᠤᠭ᠎ᠠ ᠪᠤᠯᠪᠠᠰᠤᠷᠠᠵᠤ ᠪᠠᠶᠢᠨ᠎ᠠ᠃       ᠬᠥᠭᠵᠢᠮ ᠭᠡᠭᠴᠢ ᠬᠥᠮᠦᠨ ᠤ ᠠᠮᠢᠳᠤᠷᠠᠯ ᠳᠤ ᠰᠠᠶᠢᠨ ᠰᠠᠶᠢᠬᠠᠨ ᠡᠷᠴᠢ ᠬᠥᠴᠤᠨ ᠢ ᠤᠯᠭᠤᠳᠠᠬ᠃ ᠡᠷᠡᠨ ᠤ ᠠᠶᠢᠵᠠᠮ ᠲᠠᠢ ᠠᠯᠬᠤᠭ᠎ᠠ ᠨᠢᠭᠡᠳᠤᠨ ᠵᠤᠯᠪᠤᠭ᠎ᠠ ᠲᠠᠢ ᠤᠷᠤᠬᠰᠢᠯᠠᠵᠤ ᠬᠥᠰᠡᠯᠡᠩᠳᠤ ᠢᠷᠡᠭᠡᠳᠤᠢ ᠪᠠᠨ ᠴᠤᠬᠴᠠᠯᠠᠬᠤ ᠪᠠᠷ ᠴᠤᠴᠠᠯᠳᠠ ᠥᠬᠡᠢ ᠴᠢᠷᠮᠠᠶᠢᠵᠤ᠂ ᠥᠪ ᠰᠤᠶᠤᠯ ᠤᠨ ᠡᠷᠳᠡᠨᠢᠰ ᠤᠨ ᠰᠠᠩ ᠳᠤ ᠤᠷ᠎ᠠ ᠤᠬᠠᠭᠠᠨ ᠢᠶᠠᠨ ᠰᠤᠷᠢᠵᠦ᠂ ᠠᠷᠠᠳ ᠤᠨ ᠤᠷᠠᠯᠢᠬ ᠰᠤᠶᠤᠯ ᠤᠨ ᠤᠢᠢᠯᠡᠰ ᠲᠤ ᠥᠪᠡᠷ ᠤᠨ ᠬᠤᠪᠢ ᠨᠠᠮᠠᠷᠢ‌‍ᠪᠠᠨ ᠡᠷᠬᠦᠵᠤ ᠶᠠᠪᠤᠭ᠎ᠠ ᠮᠠᠰᠢ ᠤᠯᠠᠨ ᠤᠷᠠᠯᠢᠬᠴᠢᠨ ᠪᠠᠶᠢᠳᠠᠬ᠃ ᠲᠡᠬᠦᠨ ᠤ ᠲᠤᠳᠤᠷᠠᠬᠢ ᠨᠢᠭᠡ ᠪᠤᠯ ᠵᠠᠯᠠᠭᠤ ᠶᠠᠳᠤᠭᠠᠴᠢᠨ ᠰᠡᠷᠴᠢᠨ ᠪᠠᠶᠢᠭ᠎ᠠ ᠶᠤᠮ᠃       ᠪᠠᠶᠠᠨᠬᠤᠳᠠ ᠶᠢᠨ ᠹᠸᠢ ᠼᠦᠢ ᠰᠠᠭᠤᠭᠠᠯᠢ ᠲᠤᠭᠤᠷᠢᠬ ᠲᠤ ᠳᠡᠳᠡᠨ ᠤ ᠭᠡᠷ ᠢ ᠡᠷᠢᠭᠡᠳ ᠰᠤᠷᠪᠤᠯᠵᠢᠯᠠᠭ᠎ᠠ ᠠᠪᠬᠤ ᠪᠠᠷ ᠬᠥᠷᠬᠦ ᠳᠤ ᠲᠡᠷᠡ ᠶᠠᠬ ᠲᠥᠮᠡᠡ ᠲᠥᠬᠦᠷᠢᠭ ᠢᠶᠠᠷ ᠠᠪᠤᠬᠰᠠᠠ ᠲᠤᠮᠤ ᠶᠠᠳᠤᠭ᠎ᠠ ᠪᠠᠨ ᠬᠥᠭᠵᠢᠮᠳᠡᠨ ᠪᠤᠯᠪᠠᠰᠤᠷᠠᠵᠤ ᠪᠠᠶᠢᠯ᠎ᠠ᠃ ᠰᠡᠷᠴᠢᠨ ᠪᠤᠯ ᠶᠡᠭᠡ ᠰᠤᠷᠭᠠᠭᠤᠯᠢ ᠶᠢᠨ ᠭᠤᠷᠪᠠᠳᠤᠭᠠᠷ ᠤᠨ ᠤ ᠰᠤᠷᠤᠬᠴᠢ ᠶᠤᠮ᠃ ᠲᠡᠷᠡ ᠡᠳᠦᠷ ᠪᠤᠯᠭᠠᠠ ᠥᠪᠡᠷ ᠤᠨ ᠲᠤᠰᠬᠠᠢ ᠮᠡᠷᠭᠡᠵᠢᠯ ᠪᠤᠯᠤᠬᠰᠠᠠ ᠶᠠᠳᠤᠭ᠎ᠠ ᠪᠠᠨ ᠪᠤᠯᠪᠠᠰᠤᠷᠠᠵᠤ ᠰᠠᠭᠤᠬᠤ ᠠᠴᠠ ᠥᠵᠡᠪᠡᠯ ᠥᠨᠡᠭᠡᠷ ᠪᠠᠭ᠋ᠠᠷᠬᠠᠵᠦ ᠲᠤᠷᠠᠯᠠᠭᠰᠠᠨ ᠠᠵᠢᠯ ᠳᠠᠭᠠᠨ ᠬᠠᠶᠢᠷᠠᠳᠠᠢ ᠭᠡᠳᠡᠭ ᠨᠢ ᠢᠯᠡᠷᠭᠡᠢ ᠪᠠᠶᠢᠯ᠎ᠠ᠃       ᠰᠡᠷᠴᠢᠨ 1998 ᠤᠨ ᠳᠤ ᠠᠯᠠᠱᠠ ᠵᠡᠬᠦᠨ ᠬᠤᠰᠢᠭᠤᠨ ᠤ ᠤᠤᠯ ᠤᠨ ᠲᠥᠬᠦᠮ ᠰᠤᠮᠤᠨ ᠤ ᠲᠥᠬᠦᠮ ᠭᠠᠴᠠᠭᠠᠠ ᠤ ᠰᠠᠶᠢᠨ ᠰᠥᠵᠢ ᠬᠡᠮᠡᠬᠦ ᠨᠤᠳᠤᠭ ᠲᠤ ᠲᠥᠷᠦᠵᠤ᠂ 2015 ᠤᠨ ᠳᠤ ᠥᠨᠳᠦᠷ ᠲᠤᠮᠳᠠᠳᠤ ᠳᠤ ᠪᠠᠶᠢᠬᠤ ᠳᠠᠭᠠᠨ ᠠᠯᠠᠱᠠ ᠶᠢᠨ ᠠᠷᠠᠳ ᠤᠨ ᠳᠠᠭᠤᠴᠢᠳ ᠤᠨ ᠨᠡᠶᠢᠬᠡᠮᠯᠢᠭ ᠤᠨ ᠶᠠᠳᠤᠭ᠎ᠠ ᠶᠢᠨ ᠪᠠᠭᠰᠢ ᠰᠠᠷᠠᠨ᠎ᠠ ᠪᠠᠷ ᠶᠠᠳᠤᠭ᠎ᠠ ᠵᠢᠭᠠᠯᠭᠠᠵᠦ᠂ ᠶᠠᠳᠤᠭᠠᠴᠢᠨ ᠪᠤᠯᠬᠤ ᠠᠩᠬᠠᠠ ᠤ ᠠᠶᠠᠨ ᠢᠶᠠᠨ ᠡᠬᠢᠯᠡᠬᠦᠯᠵᠦ᠂ ᠤᠳᠤ ᠤᠷ᠎ᠠ ᠤᠬᠠᠭᠠᠨ᠂ ᠠᠪᠢᠶᠠᠰ ᠴᠢᠳᠠᠪᠤᠷᠢ ᠪᠠᠷ ᠢᠶᠠᠨ ᠶᠠᠳᠤᠭ᠎ᠠ ᠶᠢᠨ ᠤᠶᠠᠩᠭᠠᠯᠢᠬ ᠡᠬᠡᠰᠢᠭ ᠤᠨ ᠭᠤᠸ᠎ᠠ ᠰᠠᠶᠢᠬᠠᠠ ᠢ ᠭᠠᠶᠢᠬᠠᠭᠤᠯᠵᠤ ᠶᠠᠪᠤᠨ᠎ᠠ᠃       ᠰᠡᠷᠴᠢᠨ 2017 ᠤᠨ ᠳᠤ ᠥᠪᠤᠷ ᠮᠤᠩᠭᠤᠯ ᠤᠨ ᠤᠷᠠᠯᠢᠬ ᠤᠨ ᠳᠡᠭᠡᠳᠤ ᠰᠤᠷᠭᠠᠭᠤᠯᠢ ᠶᠢᠨ ᠥᠨᠳᠦᠰᠦᠳᠡᠨ ᠤ ᠳᠠᠭᠤᠤ ᠬᠥᠭᠵᠢᠮ ᠤᠨ ᠮᠡᠷᠭᠡᠵᠢᠯ ᠤᠨ ᠰᠠᠯᠪᠤᠷᠢ ᠳᠤ ᠰᠢᠯᠭᠠᠠ ᠤᠷᠤᠵᠡᠢ᠃ ᠬᠥᠮᠦᠨ ᠶᠠᠷᠤᠨᠢ ᠥᠪᠡᠷ ᠤᠨ ᠲᠤᠷ᠎ᠠ ᠰᠤᠨᠢᠷᠬᠠᠯ ᠲᠠᠢ ᠵᠦᠢᠯ ᠢᠶᠠᠨ ᠬᠢᠬᠦ ᠪᠠᠷ ᠢᠶᠠᠨ ᠮᠠᠰᠢ ᠶᠡᠭᠡ ᠵᠤᠷᠢᠬ ᠬᠥᠴᠦᠨ ᠲᠠᠢ ᠪᠤᠯᠵᠤ᠂ ᠲᠡᠬᠦᠨ ᠢ ᠪᠠᠨ ᠤᠯᠠᠮ ᠰᠢᠯᠢᠳᠡᠭ ᠰᠤᠳᠤᠨ ᠪᠤᠯᠭᠠᠵᠤ᠂ ᠤᠷᠤᠢ ᠳᠤᠨᠢ ᠭᠠᠷᠬᠤ ᠪᠠᠷ ᠴᠢᠷᠮᠠᠶᠢᠳᠠᠬ᠃ ᠲᠡᠷᠡ ᠬᠠᠷᠠᠬᠠᠠ ᠪᠠᠭ᠎ᠠ ᠠᠴᠠ ᠪᠠᠨ ᠡᠯᠧᠺᠲᠷᠣᠨ ᠬᠦᠭᠵᠢᠮ᠂ ᠲᠤᠪᠰᠢᠭᠤᠷ ᠤᠨ ᠮᠡᠷᠭᠡᠵᠢᠯ ᠢ ᠰᠤᠷᠴᠤ᠂ ᠤᠷᠠᠯᠢᠬ ᠰᠤᠶᠤᠯ ᠤᠨ ᠨᠥᠯᠦᠭᠡ ᠪᠠᠷ ᠬᠥᠭᠵᠢᠮ ᠨᠢ ᠲᠡᠬᠦᠨ ᠤ ᠠᠮᠢᠳᠤᠷᠠᠯ ᠳᠤ ᠲᠤᠳᠠᠬᠳᠠᠵᠤ ᠪᠤᠯᠤᠰᠢ ᠥᠬᠡᠢ ᠴᠢᠬᠤᠯᠠ ᠵᠦᠢᠯ ᠪᠤᠯᠤᠬᠰᠠᠠ ᠪᠠᠶᠢᠨ᠎ᠠ᠃       ᠵᠤᠷᠢᠬᠳᠠᠢ ᠬᠥᠮᠦᠨ ᠵᠤᠷᠢᠬᠰᠠᠠ ᠳᠠᠭᠠᠨ ᠬᠥᠷᠳᠡᠭ ᠭᠡᠳᠡᠭ᠃ ᠵᠢᠳᠬᠦᠭᠰᠡᠡ ᠵᠦᠢᠯ ᠳᠡᠭᠡᠨ ᠥᠵᠤᠬᠦᠷ ᠲᠤᠨᠢ ᠭᠠᠷᠬᠤ ᠠᠴᠠ ᠨᠠᠰᠢ ᠪᠤᠴᠠᠬᠤ ᠥᠬᠡᠢ ᠪᠠᠶᠢᠳᠠᠬ ᠨᠢ ᠵᠠᠯᠠᠭᠤ ᠶᠠᠳᠤᠭᠠᠴᠢᠨ ᠰᠡᠷᠴᠢᠨ ᠤ ᠡᠷᠬᠢᠮ ᠨᠠᠨᠳᠢᠨ ᠰᠥᠰᠥ ᠵᠤᠷᠢᠬ ᠪᠠᠶᠢᠵᠦ ᠲᠠᠭᠠᠷᠠᠨ᠎ᠠ᠃ ᠲᠡᠷᠡ ᠥᠪᠤᠷ ᠮᠤᠩᠭᠤᠯ ᠤᠨ ᠤᠷᠠᠯᠢᠬ ᠤᠨ ᠳᠡᠭᠡᠳᠤ ᠰᠤᠷᠭᠠᠭᠤᠯᠢ ᠳᠤ ᠤᠷᠤᠬᠰᠠᠠ ᠤ ᠪᠠᠨ ᠲᠠᠷᠠᠭ᠎ᠠ ᠬᠥᠭᠵᠢᠮ ᠤᠨ ᠮᠡᠷᠭᠡᠵᠢᠯ ᠢᠶᠠᠷ ᠢᠶᠠᠨ ᠪᠤᠰᠤᠳ ᠠᠴᠠ ᠤᠷᠦ᠋ᠢᠯᠠᠨ ᠠᠯᠳᠠᠷᠳᠤ ᠳᠠᠭᠤᠴᠢᠨ ᠴᠡᠴᠡᠭᠮ᠎ᠠ ᠪᠠᠭᠰᠢ ᠶᠢᠨ ᠭᠠᠷ ᠤᠨ ᠱᠠᠪᠢ ᠨᠢ ᠪᠤᠯᠵᠤ᠂ ᠥᠨᠳᠦᠰᠤᠳᠡᠨ ᠤ ᠳᠠᠭᠤᠤ ᠳᠠᠭᠤᠯᠠᠬᠤ ᠠᠷᠭ᠎ᠠ᠂ ᠤᠬᠤᠷ ᠳᠠᠭᠤᠤ ᠵᠡᠷᠭᠡ ᠶᠢ ᠭᠤᠷᠪᠠᠨ ᠵᠢᠯ ᠲᠠᠭᠠᠨ ᠰᠤᠷᠴᠤ᠂ ᠰᠢᠨᠳᠠᠷᠠᠰᠢ ᠦᠬᠡᠢ ᠴᠢᠷᠮᠠᠶᠢᠯᠭ᠎ᠠ ᠪᠠᠷ ᠢᠶᠠᠨ ᠤᠷ᠎ᠠ ᠠᠪᠢᠶᠠᠰ ᠢᠶᠠᠨ ᠲᠡᠭᠡᠭᠰᠢᠯᠡᠬᠦᠯᠦᠭᠰᠡᠭᠡᠷ ᠢᠷᠡᠵᠡᠢ᠃ 2019 ᠤᠨ ᠳᠤ ︽ᠳ᠋ᠥ᠋ᠨᠬᠤᠸᠠᠩ ᠬᠤᠨᠳᠠᠭᠠᠳᠤ︾ ᠲᠠᠪᠤᠳᠤᠭᠠᠷ ᠤᠳᠠᠭᠠᠠ ᠤ ᠪᠡᠭᠡᠵᠢᠩ ᠤᠨ ᠤᠯᠠᠠ ᠤᠯᠤᠰ ᠤᠨ ᠥᠨᠳᠦᠰᠦᠳᠡᠨ ᠤ ᠬᠥᠭᠵᠢᠮ ᠤᠨ ᠤᠷᠤᠯᠳᠤᠭᠠᠠ ᠳᠤ ᠮᠥᠡᠭᠬᠦᠨ ᠮᠧᠳᠠᠯ ᠬᠥᠷᠳᠡᠵᠤ᠂ ᠪᠥᠬᠦ ᠤᠯᠤᠰ ᠤᠨ ᠭᠡᠳᠤᠨ ᠵᠠᠭᠤᠨ ᠬᠥᠮᠦᠨ ᠤ ᠲᠤᠳᠤᠷ᠎ᠠ ᠠᠴᠠ ᠴᠤᠯᠭᠤᠷᠠᠨ ᠭᠠᠷᠤᠬᠰᠠᠠ ᠨᠢ ᠲᠡᠬᠦᠨ ᠳᠤ ᠠᠪᠴᠤ ᠭᠡᠯᠡᠪᠡᠯ ᠲᠤᠮᠤᠬᠠᠨ ᠵᠤᠷᠢᠭᠵᠢᠭᠤᠯᠤᠯ ᠪᠤᠯᠤᠭᠰᠠᠨ ᠢᠶᠠᠷ ᠪᠠᠷᠠᠬᠤ ᠦᠭᠡᠢ ᠤᠯᠤᠰ ᠤᠨ ᠳᠡᠰ ᠤᠨ ᠠᠩᠬᠠᠠ ᠤ ᠱᠠᠩᠨᠠᠯ ᠨᠢ ᠪᠤᠯᠵᠡᠢ᠃       ᠰᠡᠷᠴᠢᠨ ᠤ ᠠᠪᠤ ᠲᠠᠯᠠᠨᠪᠠᠶᠠᠷ ᠰᠤᠷᠪᠤᠯᠵᠢᠯᠠᠬᠴᠢ ᠳᠤ᠄ ︽ᠡᠨᠡ ᠭᠡᠤᠭᠡᠳ ᠪᠠᠭ᠎ᠠ ᠠᠴᠠ ᠪᠠᠨ ᠬᠥᠭᠵᠢᠮ ᠬᠤᠭᠤᠷ ᠲᠤ ᠲᠤᠷᠠᠳᠠᠢ᠂ ᠲᠡᠷᠡ ᠥᠶ᠎ᠡ ᠳᠤ ᠰᠤᠷᠭᠠᠭᠤᠯᠢ ᠠᠴᠠ ᠪᠠᠨ ᠬᠠᠷᠢᠭᠠᠳ ᠢᠷᠡᠬᠦ ᠪᠤᠯᠭᠠᠠ ᠳᠤᠨᠢ ᠪᠢ ᠤᠷᠤ᠂ ᠪᠣᠶᠢᠳᠠᠩ ᠳᠡᠭᠡᠷ᠎ᠠ ᠨᠢ ᠲᠤᠪᠰᠢᠭᠤᠷ ᠪᠤᠶᠤ ᠮᠤᠳᠤᠨ ᠴᠤᠭᠤᠷ ᠵᠡᠷᠭᠡ ᠬᠥᠭᠵᠢᠮ ᠢ ᠤᠢᠢᠷᠠᠳᠤᠭᠤᠯᠤᠨ ᠲᠠᠯᠪᠢᠴᠢᠬᠠᠳᠠᠭ᠃ ᠲᠡᠷᠡ ᠶᠠᠮᠠᠷ ᠬᠥᠭᠵᠢᠮ ᠭᠠᠷ ᠲᠤᠨᠢ ᠥᠷᠳᠤᠪᠡᠯ ᠯᠠᠪᠳᠠᠢ ᠠᠪᠴᠤ ᠭᠡᠳᠤ ᠤᠳᠠᠭ᠎ᠠ ᠪᠤᠯᠪᠠᠰᠤᠷᠠᠳᠠᠬ ᠳᠡᠳᠬᠠᠯ ᠲᠠᠢ︾ ᠭᠡᠵᠤ ᠢᠨᠢᠶᠠᠮᠰᠦᠭᠯᠡᠡ ᠶᠠᠷᠢᠯ᠎ᠠ᠃ ᠰᠡᠷᠴᠢᠨ᠄ ︽ᠠᠩᠬ᠎ᠠ ᠡᠬᠢᠯᠡᠭᠡᠳ ᠪᠢ ᠡᠷᠡᠭᠳᠡᠢ ᠬᠥᠮᠦᠨ ᠶᠠᠳᠤᠭ᠎ᠠ ᠬᠥᠭᠵᠢᠮᠳᠡᠨ᠎ᠠ ᠭᠡᠵᠤ ᠪᠠᠭ᠎ᠠ ᠲᠤᠷ᠎ᠠ ᠥᠬᠡᠢ ᠯᠡ ᠪᠠᠶᠢᠬᠰᠠᠠ᠂ ᠭᠡᠪᠡᠴᠤ ᠵᠢᠩᠬᠢᠨᠢ ᠰᠡᠳᠬᠢᠯᠭᠡ ᠪᠠᠷ ᠢᠶᠠᠨ ᠨᠢᠭᠡ ᠬᠥᠭᠵᠢᠮ ᠢ ᠬᠥᠭᠵᠢᠮᠳᠡᠬᠦ ᠨᠢ ᠬᠠᠮᠤᠬ ᠤᠨ ᠴᠢᠬᠤᠯᠠ᠂ ᠶᠠᠳᠤᠭ᠎ᠠ ᠪᠤᠯ ᠪᠤᠰᠤᠳ ᠬᠦᠭᠵᠢᠮ ᠠᠴᠠ ᠤᠨᠴᠠᠭᠠᠢ ᠮᠥᠷᠳᠡᠭᠡᠨ ᠳᠠᠭᠤ ᠬᠥᠡᠭᠬᠢᠨᠡᠬᠦᠷ ᠨᠢ ᠶᠡᠭᠡ ᠲᠤᠷᠬᠢᠵᠤ ᠤᠯᠠᠠ ᠳᠤ ᠲᠠᠭᠠᠰᠢᠶᠠᠬᠳᠠᠳᠠᠬ ᠪᠤᠯᠬᠤᠷ ᠡᠬᠦᠨ ᠢ ᠪᠠᠨ ᠤᠯᠠᠮ ᠰᠠᠶᠢᠨ ᠰᠤᠷᠴᠤ ᠬᠤᠵᠢᠮ ᠤᠷᠬᠢᠯ ᠳᠤᠨᠢ ᠭᠠᠷᠬᠤ ᠪᠠᠷ ᠴᠢᠷᠮᠠᠶᠢᠨ᠎ᠠ︾ ᠭᠡᠵᠤ ᠪᠠᠶᠢᠪᠠ᠃       ᠰᠡᠷᠴᠢᠨ ᠡᠨᠡ ᠵᠢᠯ ᠥᠨ᠎ᠡ ᠲᠥᠯᠦᠪᠦᠷᠢ ᠥᠬᠡᠢ ᠪᠠᠷ ᠶᠠᠳᠤᠭ᠎ᠠ ᠶᠢᠨ ᠬᠢᠴᠢᠶᠠᠯ ᠤᠷᠤᠬᠤ ᠪᠠᠷ ᠲᠥᠯᠦᠪᠯᠡᠵᠤ᠂ ᠰᠤᠷᠤᠬᠰᠠᠠ ᠮᠡᠷᠭᠡᠵᠢᠯ ᠢᠶᠠᠨ ᠬᠠᠮᠳᠤᠪᠠᠷ ᠬᠤᠪᠢᠶᠠᠯᠴᠠᠨ ᠠᠯᠠᠱᠠ ᠨᠤᠳᠤᠭ ᠲᠠᠭᠠᠨ ᠥᠪᠡᠷ ᠤᠨ ᠭᠡᠰᠡᠡ ᠥᠴᠦᠭᠡᠨ ᠬᠤᠪᠢ ᠨᠡᠮᠡᠷᠢ ᠪᠠᠨ ᠥᠵᠡᠬᠦᠯᠬᠦ ᠰᠠᠨᠠᠭ᠎ᠠ ᠪᠠᠨ ᠢᠯᠡᠳᠭᠡᠵᠦ ᠪᠠᠶᠢᠯ᠎ᠠ᠃ ᠤᠳᠤ ᠤᠯᠠᠮᠵᠢᠯᠠᠯᠳᠤ ᠬᠤᠭᠤᠷ ᠬᠥᠭᠵᠢᠮ ᠢᠶᠠᠨ ᠰᠤᠷᠴᠤ ᠵᠠᠯᠭᠠᠮᠵᠢᠯᠠᠵᠦ ᠪᠠᠶᠢᠭ᠎ᠠ ᠵᠠᠯᠠᠭᠤᠴᠤᠳ ᠤᠯᠠᠰᠢᠷᠠᠵᠠᠢ᠃ ᠭᠡᠳᠡᠯ᠎ᠡ ᠰᠡᠷᠴᠢᠨ ᠰᠢᠭ ᠨᠢᠭᠡ ᠰᠡᠳᠬᠢᠯ ᠨᠢᠭᠡ ᠵᠤᠷᠢᠭ ᠢᠶᠠᠷ ᠰᠤᠷᠴᠤ ᠬᠤᠪᠢᠶᠠᠯᠴᠠᠵᠦ ᠪᠠᠶᠢᠭ᠎ᠠ ᠨᠢ ᠬᠡᠳᠦᠢ ᠪᠠᠶᠢᠳᠠᠭ ᠢ ᠮᠡᠳᠡᠬᠦ ᠦᠭᠡᠢ᠃ ᠲᠡᠷᠡ ᠮᠠᠨᠢ ᠰᠢᠨᠳᠡᠰᠤ ᠪᠠᠨ ᠰᠤᠩᠭᠠᠵᠤ᠂ ᠥᠪ ᠰᠤᠶᠤᠯ ᠢᠶᠠᠨ ᠤᠯᠠᠮᠵᠢᠯᠠᠨ ᠬᠦᠭᠵᠢᠬᠦᠯᠦᠨ᠎ᠡ ᠭᠡᠰᠡᠡ ᠭᠠᠭᠴᠠᠬᠠᠨ ᠵᠤᠷᠢᠯᠭ᠎ᠠ ᠪᠠᠷ ᠶᠠᠳᠠᠷᠠᠭ᠎ᠠ ᠵᠥᠳᠡᠷᠡᠭᠡ ᠶᠢ ᠤᠮᠠᠷᠳᠠᠨ ᠦᠢᠯᠡᠰ ᠤᠨ ᠠᠯᠳᠠᠨ ᠵᠢᠯᠤᠭᠤ ᠪᠠᠨ ᠰᠤᠩᠭᠠᠭᠰᠠᠭᠠᠷ ᠪᠠᠶᠢᠨ᠎ᠠ᠃                                                         (ᠵᠣᠬᠢᠶᠠᠭᠴᠢ᠄ ᠡᠷᠳᠡᠨᠢᠴᠡᠴᠡᠭ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号