ᠣᠶᠢᠷ᠎ᠠ ᠶᠢᠨ ᠡᠳᠦᠷ᠂ ᠥᠪᠡᠷᠲᠡᠭᠡᠨ ᠵᠠᠰᠠᠬᠤ ᠣᠷᠣᠨ ᠤ ᠰᠣᠶᠣᠯ ᠵᠢᠭᠤᠯᠴᠢᠯᠠᠯ ᠤᠨ ᠲᠢᠩᠬᠢᠮ ᠠᠴᠠ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠤᠷᠪᠠᠳᠤᠭᠠᠷ ᠬᠤᠭᠤᠴᠠᠭᠠᠨ ᠤ ︽ᠪᠦᠬᠦ ᠤᠳᠤᠳ ᠤᠨ ᠱᠠᠩᠨᠠᠯ︾ | ᠢ ᠲᠥᠪᠯᠡᠷᠡᠭᠦᠯᠦᠨ ᠰᠢᠯᠭᠠᠷᠠᠭᠤᠯᠬᠤ ᠱᠠᠩᠨᠠᠯ ᠪᠠ ᠵᠢᠭᠰᠠᠭᠠᠯᠲᠠ ᠳᠤ ᠤᠷᠤᠭᠰᠠᠨ ᠪᠦᠲᠦᠭᠡᠯ ᠤᠨ ᠨᠡᠷᠡᠰ ᠢ ᠨᠡᠶᠢᠲᠡᠯᠡᠪᠠ᠃ | ᠮᠠᠨ ᠤ ᠠᠶᠢᠮᠠᠭ ᠤᠨ ᠴᠢᠯᠠᠭᠤᠨ ᠬᠦᠭᠵᠢᠮ ᠤᠨ ᠨᠠᠶᠢᠷᠠᠯ ᠠᠶ᠎ᠠ ︽ᠦᠡᠭ ᠦᠷᠬᠡᠨ ᠠᠯᠠᠱᠠ︾ ᠳᠠᠭᠤᠤ | ᠬᠥᠭᠵᠢᠮ ᠤᠨ ᠲᠥᠷᠥᠯ ᠤᠨ ᠱᠠᠩᠨᠠᠯ ᠣᠯᠤᠭᠰᠠᠨ ᠪᠦᠲᠦᠭᠡᠯ ᠤᠨ ᠨᠡᠷᠡᠰ ᠲᠤ ᠵᠢᠭᠰᠠᠭᠠᠭᠳᠠᠭᠰᠠᠨ ᠪᠠᠶᠢᠨ᠎ᠠ᠃ | ᠥᠪᠡᠷᠲᠡᠭᠡᠨ ᠵᠠᠰᠠᠬᠤ ᠣᠷᠣᠨ ᠤ ᠰᠣᠶᠣᠯ ᠵᠢᠭᠤᠯᠴᠢᠯᠠᠯ ᠤᠨ ᠲᠢᠩᠬᠢᠮ ᠠᠴᠠ ᠭᠤᠤᠯᠯᠠᠨ ᠡᠷᠭᠢᠯᠡᠭᠰᠡᠨ ᠪᠥᠬᠦ | ᠣᠷᠣᠨ ᠤ ᠭᠤᠷᠪᠠᠳᠤᠭᠠᠷ ᠬᠤᠭᠤᠴᠠᠭᠠᠨ ᠤ ︽ᠪᠦᠬᠦ ᠣᠳᠣᠳ ᠤᠨ ᠱᠠᠩᠨᠠᠯ︾ ᠤᠨ ᠰᠢᠯᠢᠳᠡᠭ ᠪᠦᠲᠦᠬᠡᠯ ᠢ | ᠲᠥᠪᠯᠡᠷᠡᠭᠦᠯᠦᠨ ᠰᠢᠯᠭᠠᠷᠠᠭᠤᠯᠬᠤ ᠠᠵᠢᠯᠯᠠᠭ᠎ᠠ 10 ᠰᠠᠷ᠎ᠠ ᠶᠢᠨ 23 ᠤ ᠡᠳᠦᠷ ᠬᠥᠬᠡᠬᠤᠲᠠ ᠳᠤ ᠥᠨᠳᠥᠷᠯᠡᠵᠦ᠂ | ᠪᠦᠬᠦ ᠣᠷᠣᠨ ᠤ 12 ᠠᠶᠢᠮᠠᠭ ᠬᠤᠲᠠ ᠶᠢᠨ 33 ᠪᠦᠲᠦᠭᠡᠯ ᠰᠢᠯᠭᠠᠷᠠᠭᠤᠯᠤᠯᠲᠠ ᠳᠤ ᠣᠷᠣᠯᠴᠠᠨ᠂ ᠲᠥᠪᠯᠡᠷᠡᠭᠦᠯᠦᠨ | ᠲᠣᠭᠯᠠᠯᠲᠠ ᠭᠠᠷᠭᠠᠬᠤ᠂ ᠲᠤᠰᠬᠠᠶ ᠮᠡᠷᠭᠡᠵᠢᠯᠲᠡᠨ ᠤ ᠰᠢᠯᠭᠠᠷᠠᠭᠤᠯᠤᠯᠲᠠ ᠪᠠ ᠰᠦᠯᠵᠢᠶ᠎ᠡ ᠪᠠᠷ ᠢᠯᠡ ᠨᠡᠶᠢᠲᠡᠯᠡᠬᠦ ᠪᠠᠷ | ᠳᠡᠮᠵᠢᠨ᠂ ᠳᠠᠭᠤᠤ ᠬᠥᠭᠵᠢᠮ᠂ ᠪᠥᠵᠢᠭ᠂ ᠰᠢ ᠵᠦᠴᠦᠭᠡ᠂ ᠳᠠᠭᠤᠤ ᠤᠷᠠᠯᠢᠭ ᠵᠡᠷᠭᠡ 4 ᠲᠥᠷᠥᠯ ᠤᠨ ︽ᠪᠦᠬᠦ | ᠤᠳᠤᠳ ᠤᠨ ᠱᠠᠩᠨᠠᠯ︾ ᠳᠤ 10 ᠪᠦᠲᠦᠬᠡᠯ ᠢ ᠰᠢᠯᠭᠠᠷᠠᠭᠤᠯᠵᠠᠢ᠃ | ᠣᠶᠢᠷ᠎ᠠ ᠶᠢᠨ ᠵᠢᠯ ᠳᠤ᠂ ᠮᠠᠨ ᠤ ᠠᠶᠢᠮᠠᠭ ᠤᠨ ᠣᠯᠠᠨ ᠲᠦᠮᠡᠨᠴᠢ ᠤᠳᠬ᠎ᠠ ᠤᠷᠠᠯᠢᠭ ᠤᠨ ᠵᠣᠬᠢᠶᠠᠨ | ᠪᠦᠲᠦᠭᠡᠯᠭᠡ ᠶᠢᠨ ᠬᠢᠷᠢ ᠲᠦᠪᠰᠢᠨ ᠲᠠᠰᠤᠷᠠᠯᠲᠠ ᠥᠬᠡᠶ ᠳᠡᠭᠡᠭᠰᠢᠯᠡᠨ᠂ ᠨᠢᠬᠡ ᠪᠦᠯᠦᠭ ᠰᠢᠯᠢᠳᠡᠭ ᠪᠦᠲᠦᠬᠡᠯ ᠨᠢ | ᠤᠯᠤᠰ ᠤᠷᠤᠨ ᠤ ᠲᠡᠰ ᠤᠨ ᠱᠠᠩ ᠬᠦᠬᠢᠬᠦᠯᠦᠯ ᠢ ᠬᠦᠷᠳᠡᠭᠰᠡᠬᠡᠷ ᠢᠷᠡᠵᠦ᠂ ᠪᠦᠬᠦ ᠠᠶᠢᠮᠠᠭ ᠤᠨ ᠤᠳᠬ᠎ᠠ | ᠤᠷᠠᠯᠢᠭ ᠤᠨ ᠦᠢᠯᠡᠰ ᠢ ᠴᠡᠴᠡᠭᠯᠡᠭᠦᠯᠦᠨ ᠬᠥᠭᠵᠢᠭᠦᠯᠵᠦ᠂ ᠤᠯᠠᠨ ᠨᠡᠶᠢᠲᠡ ᠶᠢᠨ ᠰᠣᠶᠣᠯ ᠤᠨ ᠦᠢᠯᠡᠴᠢᠯᠡᠭᠡᠨ ᠤ | ᠬᠢᠷᠢ ᠲᠦᠪᠰᠢᠨ ᠢ ᠲᠡᠬᠡᠭᠰᠢᠯᠡᠬᠦᠯᠦᠨ᠂ ᠤᠯᠠᠨ ᠲᠦᠮᠡᠨ ᠤ ᠰᠤᠶᠤᠯ ᠤᠨ ᠠᠮᠢᠳᠤᠷᠠᠯ ᠢ ᠪᠡᠶᠡᠯᠢᠠᠠᠵᠢᠭᠤᠯᠤᠭᠰᠠᠨ | ᠪᠠᠶᠢᠨ᠎ᠠ᠃ ᠲᠠᠷᠠᠭᠠᠴᠢ ᠶᠢᠨ ᠠᠯᠬᠤᠮ ᠳᠤ᠂ ᠮᠠᠨ ᠤ ᠠᠶᠢᠮᠠᠭ ᠪᠦᠬᠦ ᠤᠯᠤᠰ᠂ ᠪᠦᠬᠦ ᠣᠷᠣᠨ ᠤ ᠤᠳᠬ᠎ᠠ | ᠤᠷᠠᠯᠢᠭ ᠤᠨ ᠵᠣᠬᠢᠶᠠᠨ ᠪᠦᠲᠦᠭᠡᠯᠭᠡ ᠶᠢᠨ ᠰᠣᠳᠣᠨ ᠢᠨᠵᠧᠨᠧᠷᠢᠩ ᠢ ᠦᠷᠬᠦᠯᠵᠢᠯᠡᠨ ᠠᠰᠢᠭᠯᠠᠵᠤ᠂ ᠠᠯᠠᠱᠠ ᠶᠢᠨ | ᠤᠳᠬ᠎ᠠ ᠤᠷᠠᠯᠢᠭ ᠤᠨ ᠰᠢᠯᠢᠳᠡᠭ ᠪᠦᠲᠦᠭᠡᠯ ᠢ ᠵᠤᠬᠢᠶᠠᠨ ᠪᠦᠲᠦᠬᠡᠵᠦ᠂ ᠤᠳᠬ᠎ᠠ ᠤᠷᠠᠯᠢᠭ ᠤᠨ ᠪᠦᠲᠦᠭᠡᠯ ᠤᠨ | ᠰᠢᠨ᠎ᠡ ᠶᠢ ᠡᠭᠦᠳᠬᠦ ᠴᠢᠳᠠᠪᠤᠷᠢ ᠶᠢ ᠤᠯᠠᠮ ᠨᠢᠭᠡ ᠠᠯᠬᠤᠮ ᠳᠡᠭᠡᠭᠰᠢᠯᠡᠭᠦᠯᠤᠨ᠂ ᠠᠯᠠᠱᠠ ᠶᠢᠨ ᠰᠣᠶᠣᠯ ᠤᠨ | ᠨᠥᠯᠥᠭᠡᠯᠡᠬᠦ ᠬᠦᠴᠦᠨ ᠢ ᠲᠠᠰᠤᠷᠠᠯᠳᠠ ᠦᠬᠡᠢ ᠲᠡᠬᠡᠭᠰᠢᠯᠡᠬᠦᠯᠬᠦ ᠪᠠᠷ ᠪᠤᠢ᠃ | |