︽ᠲᠤᠷᠤᠨ᠎ᠠ ᠶᠢᠨ ᠲᠤᠯᠤᠭᠠᠠ ᠠᠶᠠᠯᠭᠤᠨ︾ ᠠᠯᠠᠱᠠ ᠮᠤᠩᠭᠤᠯ ᠤᠷᠠᠨ ᠪᠢᠴᠢᠯᠭᠡ ᠶᠢᠨ ᠲᠤᠯᠤᠭᠠᠠ ᠬᠥᠮᠦᠨ ᠤ ᠪᠥᠳᠦᠭᠡᠯ ᠤᠨ ᠥᠵᠡᠰᠬᠦᠯᠡᠩ ᠵᠢᠴᠢ ︽ᠲᠤᠷᠤᠨ᠎ᠠ ᠶᠢᠨ ᠲᠤᠯᠤᠭᠠᠠ ᠠᠶᠠᠯᠭᠤᠨ︾ ᠨᠤᠮ ᠤᠨ ᠲᠠᠷᠬᠠᠭᠠᠯᠳᠠ ᠶᠢᠨ ᠶᠤᠰᠤᠯᠠᠯ ᠶᠠᠪᠤᠬᠳᠠᠯ᠎ᠠ
ᠨᠡᠶᠢᠲᠡᠯᠡᠭᠰᠡᠨ ᠴᠠᠭ᠄
2020/10/12
     9 ᠰᠠᠷ᠎ᠠ ᠶᠢᠨ 26 ᠤ ᠡᠳᠦᠷ᠂ ᠲᠤᠮᠳᠠᠳᠤ ᠤᠯᠤᠰ ᠤᠨ ᠡᠪ ᠬᠠᠮᠳᠤ ᠨᠠᠮ ᠪᠠᠶᠢᠭᠤᠯᠤᠬᠳᠠᠬᠰᠠᠠ 99 ᠵᠢᠯ ᠤᠨ ᠤᠢ ᠵᠢᠴᠢ ᠠᠯᠠᠱᠠ ᠠᠶᠢᠮᠠᠭ ᠪᠠᠶᠢᠭᠤᠯᠤᠬᠳᠠᠬᠰᠠᠠ 40 ᠵᠢᠯ ᠤᠨ ᠤᠢ ᠶᠢ ᠪᠡᠯᠭᠡᠯᠡᠵᠦ᠂ ᠠᠯᠠᠱᠠ ᠠᠶᠢᠮᠠᠭ ᠤᠨ ᠥᠨᠳᠦᠰᠦᠳᠡᠨ ᠤ ᠭᠡᠷᠡᠭ ᠡᠷᠬᠢᠯᠡᠬᠦ ᠵᠥᠪᠯᠡᠯ᠂ ᠠᠯᠠᠱᠠ ᠠᠶᠢᠮᠠᠬ ᠤᠨ ᠤᠳᠬ᠎ᠠ ᠤᠷᠠᠯᠢᠬ ᠤᠨ ᠬᠢᠨ ᠤ ᠬᠤᠯᠪᠤᠭ᠎ᠠ ᠠᠴᠠ ᠭᠤᠤᠯᠯᠠᠠ ᠡᠷᠬᠢᠯᠡᠵᠤ᠂ ᠠᠯᠠᠱᠠ ᠠᠶᠢᠮᠠᠭ ᠤᠨ ᠤᠷᠠᠨ ᠪᠢᠴᠢᠯᠭᠡᠳᠡᠳ ᠤᠨ ᠨᠡᠶᠢᠬᠡᠮᠯᠢᠭ ᠠᠴᠠ ᠳᠠᠭᠠᠭᠠᠴᠢᠯᠠᠠ ᠡᠷᠬᠢᠯᠡᠭᠰᠡᠡ ︽ᠲᠤᠷᠤᠨ᠎ᠠ ᠶᠢᠨ ᠲᠤᠯᠤᠭᠠᠠ ᠠᠶᠠᠯᠭᠤᠨ︾ ᠠᠯᠠᠱᠠ ᠮᠤᠩᠭᠤᠯ ᠤᠷᠠᠨ ᠪᠢᠴᠢᠯᠭᠡ ᠶᠢᠨ ᠲᠤᠯᠤᠭᠠᠠ ᠬᠥᠮᠦᠨ ᠤ ᠪᠥᠳᠦᠭᠡᠯ ᠤᠨ ᠥᠵᠡᠰᠬᠦᠯᠡᠩ ᠵᠢᠴᠢ ︽ᠲᠤᠷᠤᠨ᠎ᠠ ᠶᠢᠨ ᠲᠤᠯᠤᠭᠠᠠ ᠠᠶᠠᠯᠭᠤᠨ︾ ᠨᠤᠮ ᠤᠨ ᠳᠠᠷᠬᠠᠭᠠᠯᠳᠠ ᠶᠢᠨ ᠶᠤᠰᠤᠯᠠᠯ ᠠᠯᠠᠱᠠ ᠶᠢᠨ ᠡᠯᠡᠰᠤ ᠮᠠᠩᠬᠠᠠ ᠤ ᠬᠠᠴᠢᠨ ᠴᠢᠯᠠᠭᠤᠨ ᠤ ᠰᠤᠶᠤᠯ ᠤᠨ ᠮᠥᠽᠸᠢ ᠳᠤ ᠤᠳᠬ᠎ᠠ ᠲᠡᠬᠦᠯᠳᠡᠷ ᠶᠠᠪᠤᠬᠳᠠᠵᠤ᠂ ᠤᠡᠭᠰᠢᠬᠴᠢ ᠤᠯᠠᠠ ᠤ ᠤᠶᠤᠨ ᠤ ᠬᠥᠷᠳᠡᠭᠡᠯ ᠪᠤᠯᠤᠯ᠎ᠠ᠃      ︽ᠲᠤᠷᠤᠨ᠎ᠠ ᠶᠢᠨ ᠲᠤᠯᠤᠭᠠᠠ ᠠᠶᠠᠯᠭᠤᠨ︾ ᠭᠡᠬᠦ ᠨᠤᠮ ᠪᠠ ᠦᠵᠡᠰᠭᠦᠯᠡᠩ ᠳᠤ ᠲᠡᠯᠭᠡᠨ ᠦᠵᠡᠭᠦᠯᠵᠦ ᠪᠠᠶᠢᠭ᠎ᠠ ᠪᠥᠲᠥᠭᠡᠯ ᠨᠢ ᠠᠯᠠᠱᠠ ᠠᠶᠢᠮᠠᠭ ᠲᠠᠭᠠᠨ ᠳᠡᠳᠤᠢ ᠥᠬᠡᠢ ᠥᠪᠤᠷ ᠮᠤᠩᠭᠤᠯ ᠤᠷᠤᠨ ᠳᠠᠭᠠᠨ ᠤᠯᠠᠠ ᠤᠳᠤᠨ ᠤ ᠲᠤᠳᠤᠷᠠᠬᠢ ᠲᠤᠬᠢᠭᠤᠷ ᠲᠤᠯᠤᠭᠠᠠ ᠤᠳᠤᠨ ᠮᠡᠳᠤ ᠲᠤᠳᠤᠷᠠᠵᠤ ᠪᠠᠶᠢᠭ᠎ᠠ ᠬᠠᠰᠪᠠᠭᠠᠨ᠎ᠠ᠂ ᠤᠶᠤᠨᠬᠠᠳᠠ᠂ ᠨᠠᠰᠤᠨᠪᠠᠳᠤ᠂ ᠬᠥᠴᠤᠨ᠂ ᠤᠶᠦᠨᠪᠢᠯᠢᠭ᠂ ᠪᠤᠯᠤᠳᠪᠠᠭᠠᠨ᠎ᠠ᠂ ᠣᠶᠣᠨᠬᠤᠸᠠᠷ ᠵᠡᠷᠭᠡ 7 ᠬᠥᠮᠥᠨ ᠤ ᠭᠤᠷᠪᠠᠨ ᠰᠠᠷ᠎ᠠ ᠭᠠᠷᠤᠢ ᠶᠢᠨ ᠲᠤᠷᠰᠢᠳᠡ ᠠᠬᠢᠨ ᠲᠠᠬᠢᠨ ᠪᠢᠴᠢᠵᠤ ᠰᠡᠶᠢᠷᠡᠭᠦᠯᠦᠭᠰᠡᠨ ᠪᠥᠲᠥᠭᠡᠯ ᠢ ᠰᠤᠩᠭᠤᠨ ᠥᠨᠤᠳᠦᠷ ᠠᠮᠵᠢᠯᠳᠠᠳᠠᠢ ᠲᠡᠯᠭᠡᠨ ᠦᠵᠡᠭᠦᠯᠦᠭᠰᠡᠨ ᠪᠠᠶᠢᠨ᠎ᠠ᠃ ᠡᠨᠡ ᠲᠤᠪᠬᠢᠮᠠᠯ ᠳᠤ ᠲᠡᠳᠡ ᠤᠢᠢᠭᠤᠷᠵᠢᠨ ᠪᠢᠴᠢᠯᠭᠡ᠂ ᠫᠠᠭᠪᠠ ᠥᠰᠦᠭ᠂ ᠲᠥᠪ ᠪᠢᠴᠢᠯᠭᠡ᠂ ᠬᠢᠴᠢᠶᠠᠩᠬᠦᠢ ᠲᠢᠭ᠂ ᠳᠠᠳᠠᠯᠭᠠᠠ ᠲᠢᠭ᠂ ᠡᠪᠭᠡᠮᠡᠯ ᠲᠢᠭ᠂ ᠲᠠᠮᠠᠭ᠎ᠠ ᠰᠠᠶᠢᠯᠤᠮᠠᠯ ᠵᠡᠷᠭᠡ ᠮᠤᠩᠭᠤᠯ ᠤᠷᠠᠨ ᠪᠢᠴᠢᠯᠭᠡ ᠶᠢᠨ ᠥᠨᠳᠦᠰᠤᠨ ᠲᠤᠯᠤᠭᠠᠠ ᠭᠡᠯᠪᠡᠷᠢ ᠶᠢ ᠬᠠᠮᠤᠷᠴᠤ ᠲᠤᠰᠪᠤᠷᠢ ᠶᠢᠨ ᠢᠶᠠᠨ ᠤᠷ᠎ᠠ ᠡᠷᠳᠡᠮ ᠢᠶᠠᠷ ᠪᠢᠴᠢᠭᠰᠡᠡ ᠪᠠᠶᠢᠨ᠎ᠠ᠃ ᠶᠤᠰᠤᠯᠠᠯ ᠳᠤ ᠳᠠᠳᠠ ᠠᠯᠠᠱᠠ ᠠᠶᠢᠮᠠᠭ ᠤᠨ ᠲᠠᠩᠰᠡ ᠡᠪᠭᠡᠮᠡᠯ ᠲᠡᠤᠭᠡ ᠤᠢᠢᠯᠠᠯᠭ᠎ᠠ ᠶᠢᠨ ᠰᠠᠩ ᠂ ᠠᠯᠠᠱᠠ ᠮᠤᠩᠭᠤᠯ ᠥᠨᠳᠦᠰᠦᠳᠡᠨ ᠤ ᠪᠦᠷᠢᠨ ᠲᠤᠮᠳᠠᠳᠤ ᠰᠤᠷᠭᠠᠭᠤᠯᠢ᠂ ᠠᠯᠠᠱᠠ ᠵᠡᠬᠦᠨ ᠬᠤᠰᠢᠭᠤᠨ ᠤ ᠥᠯᠵᠡᠢ ᠰᠤᠮᠤᠨ ᠤ ᠮᠤᠩᠭᠤᠯ ᠭᠡᠤᠭᠡᠳ ᠤᠨ ᠴᠡᠴᠡᠷᠯᠢᠭ ᠵᠡᠷᠭᠡ ᠪᠠᠶᠢᠭᠤᠯᠣᠯᠭ᠎ᠠ ᠨᠢᠭᠡᠴᠡ ᠪᠤᠯᠤᠨ ᠬᠤᠪᠢ ᠬᠥᠮᠦᠨ ᠳᠤ ᠨᠡᠶᠢᠳᠡ 300 ᠭᠠᠷᠤᠢ ᠲᠡᠪᠳᠡᠷ ᠨᠤᠮ ᠢᠶᠠᠨ ᠪᠡᠯᠡᠭᠯᠡᠭᠰᠡᠡ ᠪᠠᠶᠢᠨ᠎ᠠ᠃      ᠶᠤᠰᠤᠯᠠᠯ ᠳᠤ ᠠᠯᠠᠱᠠ ᠠᠶᠢᠮᠠᠭ ᠤᠨ ᠥᠨᠳᠦᠰᠦᠳᠡᠨ ᠤ ᠭᠡᠷᠡᠭ ᠡᠷᠬᠢᠯᠡᠬᠦ ᠵᠥᠪᠯᠡᠯ ᠠᠴᠠ ᠲᠤᠯᠤᠭᠠᠠ ᠤᠷᠠᠨ ᠪᠢᠴᠢᠯᠭᠡᠳᠡᠨ ᠳᠤ ᠤᠷᠤᠨ ᠨᠤᠳᠤᠭ ᠤᠨ ᠢᠶᠠᠨ ᠤᠷᠠᠨ ᠪᠢᠴᠢᠯᠭᠡ᠂ ᠤᠷᠠᠯᠢᠬ ᠰᠤᠶᠤᠯ ᠤᠨ ᠲᠠᠷᠬᠠᠠ ᠤᠢᠢᠯᠡᠰ ᠲᠤ ᠬᠤᠪᠢ ᠨᠡᠮᠡᠷᠢ ᠥᠵᠡᠬᠦᠯᠦᠭᠰᠡᠡ ᠢᠷᠠᠭᠤ ᠠᠯᠳᠠᠷ ᠤᠨ ᠥᠨᠠᠮᠯᠠᠯ ᠢ ᠭᠠᠷᠳᠠᠭᠤᠯᠤᠬᠰᠠᠠ ᠪᠠᠶᠢᠨ᠎ᠠ᠃      ᠲᠤᠰ ᠤᠳᠠᠭᠠᠠ ᠤ ᠦᠵᠡᠰᠭᠦᠯᠡᠩ ᠨᠢ 10 ᠰᠠᠷ᠎ᠠ ᠶᠢᠨ 8 ᠤ ᠡᠳᠦᠷ ᠪᠤᠯᠳᠠᠯ᠎ᠠ ᠠᠯᠠᠱᠠ ᠶᠢᠨ ᠡᠯᠡᠰᠤ ᠮᠠᠩᠬᠠᠠ ᠤ ᠬᠠᠴᠢᠨ ᠴᠢᠯᠠᠭᠤᠨ ᠤ ᠰᠤᠶᠤᠯ ᠤᠨ ᠮᠥᠽᠸᠢ ᠳᠤ ᠲᠡᠯᠭᠡᠭᠳᠡᠭᠦ ᠪᠤᠯᠤᠨ᠎ᠠ᠃                                                           ︵ᠵᠣᠬᠢᠶᠠᠭᠴᠢ᠄ ᠡᠷᠳᠡᠨᠢᠴᠡᠴᠡᠭ︶
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号