ᠯᠸᠢ · ᠰᠠᠴᠠᠨᠪᠠᠳᠤ — ᠶᠡᠷᠤᠮᠳᠡᠭ ᠨᠢᠭᠡ ᠨᠠᠰᠤ ᠪᠠᠷ ᠢᠶᠠᠨ ᠮᠥᠡᠭᠭᠡ ᠶᠢᠨ ᠠᠶᠠᠯᠭᠤ ᠶᠢ ᠡᠭᠡᠰᠢᠭᠯᠡᠪᠡᠢ
ᠨᠡᠶᠢᠲᠡᠯᠡᠭᠰᠡᠨ ᠴᠠᠭ᠄
2020/1/2
        ᠯᠸᠢ · ᠰᠠᠴᠡᠨᠪᠡᠳᠦ ︵1944 — 2018 ᠤᠨ︶ ᠲᠤᠮᠳᠠᠳᠤ ᠤᠯᠤᠰ ᠤᠨ ᠲᠠᠭᠤᠤ ᠬᠦᠭᠵᠢᠮᠴᠢᠳ ᠤᠨ ᠨᠡᠶᠢᠬᠡᠮᠯᠢᠭ ᠤᠨ ᠬᠡᠰᠢᠬᠦᠨ᠂ ᠦᠪᠦᠷ ᠮᠤᠩᠭᠤᠯ ᠤᠨ ᠲᠠᠭᠤᠤ ᠬᠦᠭᠵᠢᠮᠴᠢᠳ ᠤᠨ ᠨᠡᠶᠢᠬᠡᠮᠯᠢᠭ ᠤᠨ ᠬᠡᠰᠢᠬᠦᠨ᠂ ᠦᠪᠦᠷ ᠮᠤᠩᠭᠤᠯ ᠤᠨ ᠤᠯᠠᠭᠠᠨᠮᠦ᠋ᠴᠢᠷ ᠤᠨ ᠰᠤᠳᠤᠯᠬᠤ ᠬᠤᠷᠠᠯ ᠤᠨ ᠬᠡᠷᠡᠭ ᠡᠷᠬᠢᠯᠡᠭᠴᠢ ᠶᠢᠨ ᠲᠤᠰᠢᠶᠠᠯ ᠢ ᠬᠠᠷᠢᠭᠤᠴᠠᠵᠤ ᠦᠡᠭᠬᠡᠷᠡᠵᠡᠢ᠃ 50 ᠭᠠᠷᠤᠢ ᠵᠢᠯ ᠤᠨ ᠲᠤᠷᠰᠢ᠂ ᠲᠠᠷᠠ 100 ᠭᠠᠷᠤᠢ ᠠᠯᠠᠱᠠ ᠠᠷᠠᠳ ᠤᠨ ᠲᠠᠭᠤᠤ ᠶᠢ ᠬᠤᠷᠢᠶᠠᠨ ᠴᠤᠬᠯᠠᠭᠤᠯᠵᠤ᠂ ᠠᠯᠠᠱᠠ ᠶᠢᠨ ᠤᠨᠴᠠᠯᠢᠭ ᠲᠠᠢ ᠲᠠᠭᠤᠤ ᠬᠦᠭᠵᠢᠮ ᠤᠨ ᠪᠦᠳᠦᠬᠡᠯ ᠢ 200 ᠭᠠᠷᠤᠢ ᠵᠤᠬᠢᠶᠠᠨ ᠪᠦᠳᠦᠬᠡᠵᠡᠢ᠃         ᠯᠸᠢ · ᠰᠡᠴᠡᠨᠪᠡᠳᠦ 1960 ᠤᠨ᠂ ᠲᠠᠷᠤᠢ 16 ᠨᠠᠰᠤᠳᠠᠢ ᠳᠠᠭᠠᠨ ᠤᠯᠠᠭᠠᠨᠮᠦ᠋ᠴᠢᠷ ᠲᠤ ᠠᠵᠢᠯᠯᠠᠵᠠᠢ᠃ ᠤᠯᠠᠭᠠᠨᠮᠦ᠋ᠴᠢᠷ ᠲᠤ ᠠᠵᠢᠯᠯᠠᠬᠰᠠᠨ ᠤ ᠲᠠᠷᠠᠭ᠎ᠠ᠂ ᠲᠠᠷᠠ ᠦᠪᠡᠷ ᠤᠨ ᠲᠤᠬᠠᠢᠢᠯᠠᠬᠰᠠᠨ ᠠᠵᠢᠯ ᠤᠨ ᠮᠡᠳᠡᠯᠭᠡ ᠪᠤᠯᠪᠠᠰᠤᠷᠠᠯ ᠢᠶᠠᠨ ᠲᠠᠰᠤᠷᠠᠯᠳᠠ ᠦᠬᠡᠢ ᠲᠡᠬᠡᠭᠰᠢᠯᠡᠬᠦᠯᠦᠨ᠂ ᠴᠤᠭᠤᠷ᠂ ᠪᠠᠶᠠᠨ ᠬᠤᠭᠤᠷ ᠵᠡᠷᠭᠡ ᠤᠯᠠᠨ ᠲᠦᠷᠦᠯ ᠤᠨ ᠬᠦᠭᠵᠢᠮ ᠢ ᠬᠦᠭᠵᠢᠮᠳᠠᠨ ᠰᠤᠷᠴᠤ᠂ ᠠᠭᠠᠵᠢᠮ ᠢᠶᠠᠷ ᠤᠯᠠᠭᠠᠨᠮᠦ᠋ᠴᠢᠷ ᠤᠨ ᠭᠤᠤᠯᠯᠠᠬᠴᠢ ᠬᠦᠴᠦᠨ ᠪᠤᠯᠪᠠ᠃ ᠲᠠᠷᠠ ᠦᠨᠳᠦᠰᠦᠨ ᠱᠠᠳᠤᠨ ᠳᠤ ᠬᠦᠨᠵᠡᠬᠡᠶᠢᠷᠡᠨ ᠲᠤᠬᠯᠠᠯᠳᠠ ᠭᠠᠷᠭᠠᠵᠤ ᠶᠠᠪᠤᠬᠤ ᠳᠠᠭᠠᠨ᠂ ᠠᠯᠠᠱᠠ ᠠᠷᠠᠳ ᠤᠨ ᠲᠠᠭᠤᠤ ᠳᠤ ᠲᠤᠷ᠎ᠠ ᠰᠤᠨᠢᠷᠬᠠᠯ ᠲᠠᠢ ᠪᠤᠯᠵᠤ᠂ ᠬᠦᠳᠡᠭᠡ ᠪᠠᠭᠤᠵᠤ ᠲᠤᠬᠯᠠᠯᠳᠠ ᠭᠠᠷᠭᠠᠬᠤ ᠵᠠᠪᠰᠢᠶᠠᠨ ᠢᠶᠠᠷ ᠠᠯᠠᠱᠠ ᠠᠷᠠᠳ ᠤᠨ ᠲᠠᠭᠤᠤ ᠶᠢ ᠴᠤᠬᠯᠠᠭᠤᠯᠤᠨ ᠲᠡᠮᠳᠡᠭᠯᠡᠨ ᠠᠪᠴᠤ᠂ 8 ᠵᠢᠯ ᠤᠨ ᠬᠤᠭᠤᠴᠠᠭᠠᠨ ᠳᠤ 100 ᠭᠠᠷᠤᠢ ᠠᠯᠠᠱᠠ ᠠᠷᠠᠳ ᠤᠨ ᠲᠠᠭᠤᠤ ᠶᠢ ᠬᠤᠷᠢᠶᠠᠨ ᠴᠤᠬᠯᠠᠭᠤᠯᠵᠠᠢ᠃ 1979 ᠤᠨ ᠳᠤ ᠮᠤᠩᠭᠤᠯ ᠬᠢᠳᠡᠳ ᠬᠤᠶᠠᠷ ᠦᠰᠦᠭ ᠢᠶᠠᠷ ︽ᠠᠯᠠᠱᠠ ᠠᠷᠠᠳ ᠤᠨ ᠲᠠᠭᠤᠤ︾ ᠬᠡᠳᠡᠭ ᠨᠤᠮ ᠢᠶᠠᠨ ᠬᠡᠪᠯᠡᠬᠦᠯᠵᠤ᠂ ᠠᠯᠠᠱᠠ ᠠᠷᠠᠳ ᠤᠨ ᠲᠠᠭᠤᠤ ᠶᠢᠨ ᠦᠪ ᠢ ᠤᠯᠠᠮᠵᠢᠯᠠᠨ ᠵᠠᠯᠭᠠᠮᠵᠢᠯᠠᠬᠤ ᠳᠤ ᠬᠤᠪᠤᠷ ᠴᠤᠬᠠᠭ ᠮᠠᠲ᠋ᠧᠷᠢᠶᠠᠯ ᠬᠠᠨᠭ᠍ᠭᠠᠵᠤ ᠦᠭᠪᠡ᠃        1978 ᠤᠨ ᠳᠤ᠂ ᠲᠠᠷᠠ ᠤᠯᠠᠭᠠᠨᠬᠦᠦ ᠲᠠᠷᠢᠬᠦᠯᠡᠭᠴᠢ ᠳᠤ ᠪᠢᠴᠢᠵᠤ ᠦᠭᠬᠦᠭᠰᠡᠨ ︽ᠵᠤᠴᠢᠨ ᠤᠬᠳᠤᠬᠤ ᠲᠠᠭᠤᠤ︾ ᠨᠢ ᠤᠳᠤ ᠪᠤᠯᠳᠠᠯ᠎ᠠ ᠦᠷᠬᠡᠨ ᠢᠶᠠᠷ ᠲᠠᠮᠵᠢᠬᠳᠠᠨ ᠲᠠᠭᠤᠯᠠᠬᠰᠠᠭᠠᠷ᠂ ᠲᠡᠷᠡ ᠮᠦᠨᠴᠤ ᠠᠯᠠᠱᠠ ᠵᠡᠬᠦᠨ ᠬᠤᠰᠢᠭᠤᠨ ᠤ ᠤᠯᠠᠭᠠᠨᠮᠦ᠋ᠴᠢᠷ ᠤᠨ ᠰᠤᠳᠤᠨ ᠲᠤᠬᠯᠠᠯᠳᠠ ᠶᠢᠨ ᠨᠢᠬᠡ ᠪᠤᠯᠵᠠᠢ᠃ ᠡᠨᠡᠬᠦ ᠬᠤᠭᠤᠴᠠᠭᠠᠨ ᠳᠤ ᠯᠸᠢ · ᠰᠡᠴᠡᠨᠪᠠᠳᠤ ᠶᠢᠨ ᠵᠤᠬᠢᠶᠠᠨ ᠪᠦᠳᠦᠬᠡᠭᠰᠡᠨ ︽ᠮᠠᠩᠯᠠᠢ ᠲᠠᠮᠠᠬᠡᠨ ᠤ ᠮᠠᠬᠳᠠᠭᠠᠯ︾ ︽ᠬᠠᠨ ᠠᠯᠠᠱᠠ ᠶᠢᠨ ᠲᠠᠯᠠᠯᠠᠭ᠎ᠠ︾ ︽ᠮᠠᠩᠬᠠᠨ ᠲᠤᠮᠳᠡᠬᠢ ᠠᠶᠢᠯ︾ ︽ᠲᠤᠯᠢ ᠪᠤᠯᠠᠭ︾ ︽ᠪᠡᠬᠡᠵᠢᠩ ᠠᠴᠠ ᠢᠷᠡᠭᠰᠡᠨ ᠠᠯᠳᠠᠨ ᠭᠠᠷᠤᠳᠢ︾        ︽ᠲᠤᠮᠤᠭ ᠤᠨ ᠲᠤᠮᠤᠬᠳᠤ ᠠᠯᠠᠱᠠ︾ ︽ᠠᠯᠠᠱᠠ ᠲᠤᠷᠭᠤᠳ ᠢᠶᠠᠷ ᠠᠶᠢᠯᠴᠢᠯᠠᠵᠤ ᠢᠷᠡᠬᠡᠷᠡᠢ︾ ᠵᠡᠷᠭᠡ ᠤᠷᠠᠨ ᠪᠥᠳᠤᠭᠡᠯ ᠨᠢ ᠠᠯᠠᠱᠠ ᠲᠦᠮᠡᠨ ᠳᠤ ᠲᠠᠭᠠᠰᠢᠶᠠᠬᠳᠠᠵᠤ᠂ ᠨᠡᠶᠢᠬᠡᠮ ᠲᠡᠬᠡᠷ᠎ᠠ ᠦᠷᠬᠡᠨ ᠢᠶᠠᠷ ᠲᠠᠷᠬᠠᠵᠤ ᠪᠤᠢ᠃ ᠲᠡᠬᠦᠨ ᠤ ᠪᠦᠳᠦᠬᠡᠯ ᠨᠢ ᠦᠪᠡᠷᠳᠡᠬᠡᠨ ᠵᠠᠰᠠᠬᠤ ᠤᠷᠤᠨ ᠤ ︽5 · 1︾ ᠢᠨᠵᠧᠨᠧᠷᠢᠩ᠂ ︽ᠰᠠᠷᠠᠨ᠎ᠠ︾᠂       ︽ᠠᠯᠳᠠᠨ ᠨᠠᠮᠤᠷ︾ ᠵᠡᠷᠭᠡ ᠱᠠᠩᠨᠠᠯ ᠢ ᠲᠤᠰᠤᠬᠰᠠᠨ ᠢᠶᠠᠷ ᠪᠠᠷᠠᠬᠤ ᠦᠬᠡᠢ ᠦᠪᠡᠷ ᠢᠶᠠᠨ ᠴᠤ ︽ᠲᠤᠮᠳᠠᠳᠤ ᠤᠯᠤᠰ ᠤᠨ ᠲᠠᠭᠤᠤ ᠬᠦᠭᠵᠢᠮᠴᠢᠳ ᠤᠨ ᠠᠯᠳᠠᠷᠳᠠᠨ ᠤ ᠴᠠᠳᠢᠭ ᠪᠤᠯᠤᠨ ᠲᠤᠮᠳᠠᠳᠤ ᠤᠯᠤᠰ ᠤᠨ ᠤᠳᠤ ᠦᠶ᠎ᠠ ᠶᠢᠨ ᠤᠳᠬ᠎ᠠ ᠤᠷᠠᠯᠢᠭ ᠤᠨ ᠠᠯᠳᠠᠷᠳᠠᠨ ᠤ ᠴᠠᠳᠢᠭ︾ ᠲᠤ ᠨᠠᠷ᠎ᠠ ᠪᠠᠨ ᠪᠦᠷᠢᠳᠬᠡᠬᠦᠯᠵᠠᠢ᠃        ᠯᠸᠢ ᠰᠠᠴᠡᠨᠪᠡᠳᠦ ᠠᠵᠢᠯ ᠤᠨ ᠠᠮᠠᠷᠠᠯᠳᠠ ᠪᠠᠨ ᠠᠪᠤᠬᠰᠠᠨ ᠴᠤ ᠵᠤᠬᠢᠶᠠᠨ ᠪᠦᠳᠦᠬᠡᠬᠦ ᠪᠠᠨ ᠵᠤᠬᠰᠤᠬᠰᠠᠨ ᠥᠭᠡᠢ᠃ ︽ᠲᠤᠯᠢ ᠪᠤᠯᠠᠭ︾ ︽ᠠᠯᠠᠱᠠ ᠭᠤᠷᠪᠠᠨ ᠵᠠᠭᠤᠨ ᠨᠠᠰᠤ︾ ᠵᠡᠷᠭᠡ ᠤᠯᠠᠨ ᠰᠢᠯᠢᠳᠡᠭ ᠪᠦᠳᠦᠬᠡᠯ ᠢ ᠡᠬᠦᠳᠴᠠᠢ᠃ 2013 ᠤᠨ ᠤ ᠵᠤᠨ᠂ ᠠᠯᠠᠱᠠ ᠵᠡᠬᠦᠨ ᠬᠤᠰᠢᠭᠤᠨ ᠤ ᠵᠠᠰᠠᠭ ᠤᠨ ᠤᠷᠳᠤᠨ᠂ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠨᠠᠷᠠᠳᠤ ᠠᠶ᠎ᠠ ᠵᠤᠬᠢᠶᠠᠬᠴᠢ᠂ ᠠᠷᠠᠳ ᠤᠨ ᠤᠷᠠᠯᠢᠬᠴᠢᠨ ᠯᠸᠢ · ᠰᠡᠴᠡᠨᠪᠡᠳᠦ ᠳᠤ ︽ᠲᠤᠯᠢ ᠪᠤᠯᠠᠭ︾ ᠲᠤ ᠭᠠᠪᠢᠶᠠᠨ ᠬᠦᠰᠢᠶ᠎ᠠ ᠪᠤᠰᠬᠠᠨ ᠦᠭᠴᠤ᠂ ᠡᠬᠦᠨ ᠢᠶᠠᠷ ᠯᠸᠢ · ᠰᠡᠴᠡᠨᠪᠠᠳᠤ ᠶᠢᠨ ᠠᠯᠠᠱᠠ ᠶᠢᠨ ᠠᠷᠠᠳ ᠤᠨ ᠲᠠᠭᠤᠤ ᠶᠢᠨ ᠦᠢᠯᠡᠰ ᠲᠤ ᠦᠵᠡᠬᠦᠯᠦᠭᠰᠡᠨ ᠬᠤᠪᠢ ᠨᠠᠮᠠᠷᠢ ᠶᠢ ᠲᠡᠮᠳᠡᠭᠯᠡᠭᠰᠡᠨ ᠪᠠᠶᠢᠨ᠎ᠠ᠃
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号