ᠠᠯᠠᠱᠠ ᠠᠶᠢᠮᠠᠬ  ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠤᠨ ᠵᠢᠷᠭᠤᠳᠤᠭᠠᠷ ᠤᠳᠠᠭᠠᠨ ᠤ ᠤᠷᠳᠤ ᠶᠢᠨ ᠲᠠᠭᠤᠤ ᠶᠢᠨ ᠨᠠᠶᠢᠷ ᠶᠠᠪᠤᠬᠳᠠᠪᠠ
ᠨᠡᠶᠢᠲᠡᠯᠡᠭᠰᠡᠨ ᠴᠠᠭ᠄
2019/9/10
                       ᠭᠠᠯ ᠵᠠᠩᠬᠢᠶ᠎ᠠ ᠲᠡᠮᠵᠢᠭᠤᠯᠵᠤ ᠪᠠᠶᠢᠨ᠎ᠠ᠃ ︵ᠰᠠᠴᠠᠨᠪᠠᠳᠤ ᠰᠡᠬᠦᠳᠡᠷᠯᠡᠪᠡ︶         ᠤᠷᠳᠤ ᠶᠢᠨ ᠲᠠᠭᠤᠤ ᠶᠢᠨ ᠰᠢᠷᠤᠩᠬᠠᠢ ᠡᠭᠡᠰᠢᠭᠯᠡᠯ ᠳᠤ ᠠᠭᠤᠵᠢᠮ ᠬᠤᠷᠸ᠎ᠠ ᠤᠶᠠᠷᠠᠵᠤ᠂ ᠪᠠᠶᠠᠨ ᠨᠠᠮᠤᠷ ᠤᠨ ᠪᠠᠶᠠᠨᠬᠤᠳᠠ ᠳᠤ ᠠᠷᠢᠭᠤᠨ ᠬᠤᠷ᠎ᠠ ᠱᠠᠬᠢᠨ᠎ᠠ᠃ 9 ᠰᠠᠷ᠎ᠠ ᠶᠢᠨ 8 ᠤ ᠡᠳᠦᠷ᠂ ᠠᠶᠢᠮᠠᠭ ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠤᠨ ᠵᠢᠷᠭᠤᠳᠤᠭᠠᠷ ᠤᠳᠠᠭᠠᠨ ᠤ ᠤᠷᠳᠤ ᠶᠢᠨ ᠳᠠᠭᠤᠤ ᠶᠢᠨ ᠨᠠᠶᠢᠷ ᠵᠢᠴᠢ ᠭᠠᠯ ᠵᠠᠩᠬᠢᠶ᠎ᠠ ᠲᠠᠮᠵᠢᠭᠤᠯᠬᠤ ᠶᠤᠰᠤᠯᠠᠯ ᠪᠠᠶᠠᠨᠬᠤᠳᠠ ᠳᠤ ᠠᠮᠵᠢᠯᠳᠠ ᠲᠠᠢ ᠰᠠᠶᠢᠬᠠᠨ ᠶᠠᠪᠤᠭᠳᠠᠯ᠎ᠠ᠃         ᠠᠶᠢᠮᠠᠭ ᠤᠨ ᠠᠷᠠᠳ ᠤᠨ ᠲᠠᠭᠤᠴᠢᠳ ᠤᠨ ᠨᠡᠶᠢᠬᠡᠮᠯᠢᠭ 2014 ᠤᠨ ᠳᠤ ᠤᠷᠳᠤ ᠶᠢᠨ ᠳᠠᠭᠤᠤ ᠶᠢᠨ ᠨᠠᠶᠢᠷ ᠢ ᠡᠭᠦᠰᠭᠡᠵᠤ ᠵᠤᠬᠢᠶᠠᠨ ᠪᠠᠶᠢᠭᠤᠯᠤᠬᠰᠠᠨ ᠠᠴᠠ ᠵᠢᠯ ᠪᠦᠷᠢ ᠶᠢᠨ ᠨᠠᠶᠢᠷ ᠢ ᠨᠡᠶᠢᠬᠡᠮᠯᠢᠭ ᠤᠨ ᠬᠡᠰᠢᠭᠦᠳ ᠰᠠᠶᠢᠨ ᠲᠤᠷ᠎ᠠ ᠠᠴᠠ ᠪᠠᠨ ᠭᠠᠯ ᠵᠠᠩᠬᠢᠶ᠎ᠠ ᠲᠤᠰᠴᠤ ᠲᠠᠮᠵᠢᠭᠤᠯᠬᠤ ᠬᠡᠯᠪᠡᠷᠢ ᠪᠠᠷ ᠶᠠᠪᠤᠬᠳᠠᠭᠤᠯᠵᠤ᠂ ᠨᠡᠶᠢᠬᠡᠮᠯᠢᠭ ᠤᠨ ᠠᠵᠢᠯ ᠢᠶᠠᠨ ᠳ᠋ᠥᠩᠨᠡᠭᠦ᠂ ᠬᠤᠶᠢᠰᠢᠳᠠ ᠶᠢᠨ ᠠᠵᠢᠯ ᠤᠨ ᠬᠠᠷᠠᠯᠳᠠ ᠪᠠᠨ ᠲᠤᠭᠳᠠᠭᠠᠬᠤ᠂ ᠢᠷᠠᠭᠤ ᠠᠯᠳᠠᠷᠳᠤ ᠨᠡᠷ᠎ᠡ ᠬᠦᠨᠳᠦᠳᠦ ᠲᠠᠭᠤᠴᠢᠳ ᠢᠶᠠᠨ ᠰᠠᠶᠢᠰᠢᠶᠡᠨ ᠬᠦᠬᠢᠭᠦᠯᠬᠦ ᠵᠡᠷᠭᠡ ᠠᠭᠤᠯᠭ᠎ᠠ ᠶᠢ ᠲᠤᠬᠢᠷᠠᠭᠤᠯᠵᠤ᠂ ᠨᠠᠶᠢᠷ ᠲᠤ ᠢᠷᠡᠭᠰᠡᠨ ᠪᠥᠭᠦ ᠲᠠᠭᠤᠴᠢᠳ ᠬᠠᠮᠳᠤᠪᠠᠷ ᠤᠷᠳᠤ ᠶᠢᠨ ᠲᠠᠭᠤᠤ ᠲᠠᠭᠤᠯᠠᠬᠤ ᠠᠷᠭ᠎ᠠ ᠲᠤᠷᠰᠢᠯᠭ᠎ᠠ ᠪᠠᠨ ᠰᠤᠯᠢᠯᠴᠠᠳᠠᠬ ᠪᠠᠶᠢᠨ᠎ᠠ᠃ ᠡᠨᠡ ᠵᠢᠯ ᠤᠨ ᠨᠠᠶᠢᠷ ᠢ ᠠᠶᠢᠮᠠᠬ ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠠᠴᠠ ᠭᠤᠤᠯᠯᠠᠨ ᠡᠷᠬᠢᠯᠡᠵᠤ᠂ ᠠᠯᠠᠱᠠ ᠵᠡᠭᠦᠨ ᠬᠤᠰᠢᠭᠤᠨ ᠤ ᠠᠷᠠᠳ ᠤᠨ ᠲᠠᠭᠤᠴᠢᠳ ᠤᠨ ᠨᠡᠶᠢᠬᠡᠮᠯᠢᠭ ᠤᠨ ᠲᠡᠳ᠋ ᠲᠡᠷᠢᠭᠦᠯᠡᠭᠴᠢ ᠤᠯᠠᠭᠠᠨᠬᠡᠷᠡᠯ᠂ ᠠᠯᠠᠱᠠ ᠠᠶᠢᠮᠠᠭ ᠤᠨ ᠠᠭᠠᠷᠤ ᠮᠤᠩᠭᠤᠯ ᠡᠮᠨᠡᠯᠬᠡ ᠶᠢᠨ ᠪᠡᠶ᠎ᠡ ᠰᠤᠪᠢᠯᠠᠬᠤ ᠲᠥᠪ ᠤᠨ ᠡᠷᠬᠢᠯᠡᠭᠴᠢ᠂ ᠮᠤᠩᠭᠤᠯ ᠡᠮᠨᠡᠯᠬᠡ ᠶᠢᠨ ᠲᠡᠳ᠋ ᠡᠷᠬᠢᠯᠡᠭᠴᠢ ᠡᠮᠴᠢ ᠲᠠᠯᠠᠨᠪᠠᠶᠠᠷ ᠢᠶᠠᠷ ᠲᠠᠷᠤᠭ᠎ᠠ ᠪᠠᠨ ᠪᠤᠯᠭᠠᠬᠰᠠᠨ ᠠᠭᠠᠷᠤ ᠪᠦᠯᠬᠦᠮ ᠤᠨ ᠬᠢᠨ ᠠᠴᠠ ᠬᠠᠮᠳᠤᠷᠠᠵᠤ ᠲᠠᠭᠠᠭᠠᠴᠢᠯᠠᠨ ᠭᠦᠢᠴᠡᠳᠭᠡᠵᠠᠢ᠃ ᠠᠶᠢᠮᠠᠬ ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠠᠴᠠ ᠠᠶᠢᠮᠠᠬ ᠤᠨ ᠤᠯᠠᠨ ᠲᠦᠮᠡᠨᠴᠢ ᠤᠷᠠᠯᠢᠬ ᠤᠨ ᠤᠷᠳᠤᠨ᠂ ᠠᠶᠢᠮᠠᠬ ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠠᠴᠠ ᠬᠠᠮᠳᠤᠷᠠᠨ ᠡᠷᠬᠢᠯᠡᠭᠰᠡᠨ ᠠᠯᠠᠱᠠ ᠤᠷᠳᠤ ᠪᠣᠭᠤᠨᠢ ᠠᠷᠠᠳ ᠤᠨ ᠲᠠᠭᠤᠤ ᠶᠢ ᠰᠤᠳᠤᠯᠤᠨ ᠰᠤᠷᠤᠯᠴᠠᠬᠤ ᠪᠤᠯᠪᠠᠰᠤᠷᠠᠯ ᠤᠨ ᠠᠩᠬᠢ ᠳᠤ ᠵᠢᠭᠠᠨ ᠰᠤᠷᠭᠠᠯᠳᠠ ᠬᠢᠭᠰᠡᠨ ᠪᠠᠭᠰᠢ ᠨᠠᠷ ᠲᠤ            ︽ᠵᠢᠳᠭᠦᠯᠳᠡᠨ︾ ᠴᠤᠯᠠ ᠤᠯᠭᠤᠨ ᠵᠤᠷᠢᠭᠵᠢᠭᠤᠯᠵᠤ᠂ 2014 ᠤᠨ ᠠᠴᠠ ᠨᠠᠰᠢ ᠵᠢᠯ ᠪᠦᠷᠢ ᠶᠢᠨ ᠤᠷᠳᠤ ᠶᠢᠨ ᠲᠠᠭᠤᠤ ᠶᠢᠨ ᠨᠠᠶᠢᠷ ᠤᠨ ᠭᠠᠯ ᠵᠠᠩᠭᠢᠶ᠎ᠠ ᠶᠢ ᠰᠠᠶᠢᠨ ᠲᠤᠷ᠎ᠠ ᠠᠴᠠ ᠪᠠᠨ ᠲᠤᠰᠴᠤ ᠲᠠᠭᠠᠭᠠᠴᠢᠯᠠᠨ ᠭᠦᠢᠴᠡᠳᠭᠡᠬᠦ ᠡᠭᠦᠷᠭᠡ ᠶᠢ ᠪᠡᠶᠡᠯᠡᠭᠦᠯᠦᠭᠰᠡᠨ 35 ᠲᠠᠭᠤᠴᠢᠨ ᠳᠤ ︽ᠭᠠᠷᠮᠠᠭᠠᠢᠢᠯᠠᠬᠴᠢ︾ ᠶᠢᠨ ᠴᠤᠯᠠ ᠤᠯᠭᠤᠵᠤ ᠲᠠᠯᠠᠷᠬᠠᠯ ᠲᠡᠪᠰᠢᠭᠦᠯᠦᠭᠰᠡᠨ ᠪᠠᠶᠢᠨ᠎ᠠ᠃         ᠨᠠᠶᠢᠷ ᠨᠢ ︽ᠦᠩ ᠦᠷᠭᠡᠨ ᠠᠯᠠᠱᠠ︾ ᠵᠡᠷᠭᠡ ᠱᠠᠰᠳᠢᠷ ᠲᠠᠭᠤᠤ ᠪᠠᠷ ᠡᠬᠢᠯᠡᠵᠤ᠂ ᠠᠶᠢᠮᠠᠬ ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠤᠨ ᠬᠠᠷᠢᠭᠤᠴᠠᠯᠭᠠᠳᠠᠨ ᠠᠴᠠ ᠠᠵᠢᠯ ᠤᠨ ᠳ᠋ᠦᠩᠨᠡᠯᠳᠡ ᠪᠠ ᠢᠷᠦᠭᠡᠯ ᠵᠦᠩᠨᠡᠯ ᠲᠡᠪᠰᠢᠭᠦᠯᠵᠤ᠂ ᠵᠠᠯᠭᠠᠭᠠᠳ ᠠᠯᠠᠱᠠ ᠵᠡᠭᠦᠨ ᠬᠤᠰᠢᠭᠤᠨ ᠤ ᠠᠷᠠᠳ ᠤᠨ ᠲᠠᠭᠤᠴᠢᠳ ᠤᠨ ᠨᠡᠶᠢᠬᠡᠮᠯᠢᠭ᠂ ᠡᠵᠡᠨ᠎ᠡ ᠬᠤᠰᠢᠭᠤᠨ ᠤ ᠠᠷᠠᠳ ᠤᠨ ᠲᠠᠭᠤᠴᠢᠳ ᠤᠨ ᠨᠡᠶᠢᠬᠡᠮᠯᠢᠭ ᠤᠨ ᠭᠡᠰᠢᠭᠦᠳ ᠠᠴᠠ ᠤᠷᠳᠤ ᠶᠢᠨ ᠲᠠᠭᠤᠤ ᠶᠢᠨ ᠠᠶ᠎ᠠ ᠡᠷᠭᠦᠵᠡᠭᠡᠭᠰᠡᠨ ᠪᠠᠶᠢᠨ᠎ᠠ᠃ ︽ᠮᠤᠩᠭᠤᠯᠴᠤᠳ ᠠᠯᠢ ᠡᠷᠳᠡ ᠠᠴᠠ ᠤᠷᠳᠤ ᠶᠢᠨ ᠲᠠᠭᠤᠤ ᠪᠠᠨ ᠬᠦᠳᠡᠭᠡ ᠭᠡᠭᠡᠷ᠎ᠡ ᠮᠠᠯ ᠪᠡᠯᠴᠢᠭᠡᠷ ᠤᠨ ᠵᠠᠬ᠎ᠠ ᠠᠴᠠ ᠠᠪᠤᠭᠠᠳ ᠰᠢᠨᠡᠯᠡᠵᠤ ᠴᠠᠭᠠᠯᠠᠬᠤ᠂ ᠨᠠᠶᠢᠷ ᠬᠤᠷᠢᠮ ᠳᠤ ᠲᠠᠭᠤᠯᠠᠬᠰᠠᠭᠠᠷ ᠢᠷᠡᠭᠰᠡᠨ ᠲᠡᠤᠬᠡ ᠲᠠᠢ᠂ ᠤᠷᠳᠤ ᠶᠢᠨ ᠲᠠᠭᠤᠤ ᠶᠢ ᠤᠯᠠᠮᠵᠢᠯᠠᠨ ᠦᠪᠯᠡᠭᠦᠯᠬᠦ ᠳᠤ ᠭᠠᠭᠴᠠᠬᠦ ᠪᠤᠯᠪᠠᠰᠤᠷᠠᠯ ᠤᠨ ᠠᠩᠬᠢ ᠡᠷᠬᠢᠯᠡᠬᠦ ᠪᠤᠶᠤ ᠤᠷᠤᠯᠳᠤᠭᠠᠨ ᠵᠤᠬᠢᠶᠠᠨ ᠪᠠᠶᠢᠭᠤᠯᠬᠤ ᠲᠡᠳᠦᠢ ᠪᠢᠰᠢ᠂ ᠬᠠᠷᠢᠨ ᠤᠯᠠᠮᠵᠢᠯᠠᠯᠳᠤ ᠶᠤᠰᠤ ᠵᠠᠩᠰᠢᠯ ᠢᠶᠠᠷ ᠨᠢᠭᠡ ᠦᠷᠭᠦᠭᠡᠨ ᠳᠤ ᠤᠯᠠᠭᠤᠯᠠ ᠪᠠᠨ ᠴᠤᠬᠯᠠᠵᠤ᠂ ᠬᠠᠮᠳᠤᠪᠠᠷ ᠲᠠᠭᠤᠤ ᠪᠠᠨ ᠲᠠᠭᠤᠯᠠᠬᠤ ᠨᠢ ᠬᠠᠮᠤᠬ ᠰᠠᠶᠢᠨ ᠤᠯᠠᠮᠵᠢᠯᠠᠯ ᠤᠨ ᠠᠷᠭ᠎ᠠ ᠪᠤᠯᠤᠨ᠎ᠠ᠂ ᠮᠤᠩᠭᠤᠯᠴᠤᠳ ᠤᠨ ᠤᠷᠳᠤ ᠶᠢᠨ ᠲᠠᠭᠤᠤ ᠨᠢ ᠨᠡᠭᠦᠳᠡᠯ ᠮᠠᠯᠵᠢᠯ ᠠᠮᠢᠳᠤᠷᠠᠯ ᠤᠨ ᠢᠳᠡᠭᠡᠨ ᠤᠮᠳᠠᠭᠠᠨ ᠤ ᠰᠤᠶᠤᠯ ᠲᠠᠢ ᠨᠢᠬᠳᠠ ᠠᠭᠤᠰᠤᠯᠴᠠᠵᠤ ᠪᠠᠶᠢᠳᠠᠬ ᠠᠴᠠ ᠤᠷᠳᠤ ᠶᠢᠨ ᠲᠠᠭᠤᠤ ᠶᠢᠨ ᠨᠠᠶᠢᠷ ᠵᠤᠬᠢᠶᠠᠨ ᠪᠠᠶᠢᠭᠤᠯᠬᠤ ᠬᠡᠯᠪᠡᠷᠢ ᠪᠠᠷ ᠡᠷᠬᠢᠯᠡᠬᠦ ᠨᠢ ᠲᠠᠭᠤᠴᠢᠳ ᠤᠨ ᠰᠤᠯᠢᠯᠴᠠᠭ᠎ᠠ ᠨᠦᠬᠦᠷᠯᠡᠯ᠂ ᠪᠦᠯᠬᠦᠮᠳᠡᠯ ᠲᠠᠪᠰᠢᠯᠳᠠ᠂ ᠰᠤᠷᠤᠯᠴᠠᠯᠭ᠎ᠠ ᠤᠯᠠᠮᠵᠢᠯᠠᠯ ᠢ ᠲᠠᠭᠠᠯᠳᠤᠭᠤᠯᠤᠨ ᠠᠬᠢᠭᠤᠯᠵᠤ ᠴᠢᠳᠠᠬᠤ ᠪᠤᠯᠤᠨ᠎ᠠ︾ ᠭᠡᠵᠤ ᠠᠶᠢᠮᠠᠬ ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠤᠨ ᠲᠠᠷᠤᠭ᠎ᠠ ᠡᠷᠳᠡᠨᠢᠳᠠᠯᠠᠢ ᠰᠤᠷᠪᠤᠯᠵᠢᠯᠠᠭ᠎ᠠ ᠬᠦᠯᠢᠶᠡᠬᠦ ᠳᠡᠭᠡᠨ ᠶᠠᠷᠢᠵᠤ ᠪᠢᠯᠠ᠃         ᠦᠢᠯᠠᠭᠠᠬᠰᠠᠨ ᠢᠶᠠᠷ᠂ ᠠᠶᠢᠮᠠᠭ ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠨᠢ 1993 ᠤᠨ ᠳᠤ ᠪᠠᠶᠢᠭᠤᠯᠤᠭᠳᠠᠵᠤ᠂ ᠠᠯᠳᠠᠨᠳᠤᠶᠠᠭ᠎ᠠ᠂ ᠪᠠᠳᠮ᠎ᠠ᠂ ᠡᠷᠳᠡᠨᠢᠳᠠᠯᠠᠢ ᠵᠡᠷᠬᠡ ᠭᠤᠷᠪᠠᠨ ᠥᠶ᠎ᠡ ᠶᠢᠨ ᠲᠡᠷᠢᠭᠦᠯᠡᠭᠴᠢ ᠶᠢᠨ ᠵᠢᠯᠤᠭᠤᠳᠤᠯᠭ᠎ᠠ ᠲᠤᠤᠷ᠎ᠠ ᠠᠷᠠᠳ ᠤᠨ ᠲᠠᠭᠤᠤ ᠪᠠᠨ ᠬᠤᠷᠢᠶᠠᠨ ᠴᠤᠬᠯᠠᠭᠤᠯᠬᠤ᠂ ᠡᠮᠬᠢᠳᠭᠡᠨ ᠲᠢᠭᠯᠡᠬᠦ᠂ ᠰᠤᠳᠤᠯᠵᠤ ᠬᠦᠭᠵᠢᠭᠦᠯᠬᠦ᠂ ᠦᠪᠯᠡᠭᠦᠯᠵᠦ ᠤᠯᠠᠮᠵᠢᠯᠠᠬᠤ ᠵᠡᠷᠭᠡ ᠡᠭᠦᠷᠭᠡ ᠶᠢ ᠭᠦᠢᠴᠡᠳᠭᠡᠵᠤ ᠪᠠᠶᠢᠳᠠᠭ᠃ ᠤᠳᠤ ᠮᠠᠨ ᠤ ᠠᠶᠢᠮᠠᠬ ᠲᠤ ᠠᠶᠢᠮᠠᠭ ᠪᠠ ᠭᠤᠷᠪᠠᠨ ᠬᠤᠰᠢᠭᠤᠨ ᠤ ᠠᠷᠠᠳ ᠤᠨ ᠲᠠᠭᠤᠴᠢᠳ ᠤᠨ ᠨᠡᠶᠢᠬᠡᠮᠯᠢᠭ ᠪᠠᠶᠢᠬᠤ ᠠᠴᠠ ᠭᠠᠳᠠᠨ᠎ᠠ ᠬᠦᠢᠪᠦᠷᠢ ᠠᠷᠠᠳ ᠤᠨ ᠲᠠᠭᠤᠴᠢᠳ ᠤᠨ ᠨᠡᠶᠢᠬᠡᠮᠯᠢᠭ ᠵᠡᠷᠭᠡ ᠲᠠᠪᠤᠨ ᠨᠡᠶᠢᠬᠡᠮᠯᠢᠭ ᠲᠠᠢ᠂ 1000 ᠬᠦᠷᠬᠦ ᠭᠡᠰᠢᠭᠦᠨ ᠲᠠᠢ ᠪᠤᠯᠵᠤ᠂ ᠠᠯᠠᠱᠠ ᠬᠤᠱᠤᠳ᠂ ᠬᠠᠯᠬ᠎ᠠ᠂ ᠲᠤᠷᠭᠤᠳ᠂ ᠬᠦᠢᠪᠦᠷᠢ ᠠᠷᠠᠳ ᠤᠨ ᠲᠠᠭᠤᠤ ᠪᠠᠨ ᠤᠯᠠᠮᠵᠢᠯᠠᠨ ᠵᠠᠯᠭᠠᠮᠵᠢᠯᠠᠵᠤ ᠦᠪᠯᠡᠨ ᠪᠠᠳᠠᠷᠠᠭᠤᠯᠬᠤ ᠳᠤ ᠬᠦᠴᠦᠨ ᠵᠢᠳᠭᠦᠯ ᠢᠶᠠᠨ ᠦᠵᠡᠭᠦᠯᠵᠤ ᠪᠠᠶᠢᠬᠤ ᠶᠢᠨ ᠬᠠᠮᠳᠤ ᠠᠯᠠᠱᠠ ᠠᠶᠢᠮᠠᠭ ᠤᠨ ᠴᠠᠭᠠᠨ ᠰᠠᠷ᠎ᠠ ᠶᠢᠨ ᠥᠳᠡᠰᠢᠯᠡᠭᠡ᠂ ᠠᠭᠤᠳᠠᠮ ᠲᠠᠯᠠᠪᠠᠢ ᠶᠢᠨ ᠨᠠᠶᠢᠷ᠂ ᠨᠡᠶᠢᠬᠡᠮ ᠲᠤᠭᠤᠷᠢᠭ ᠪᠠ ᠤᠪᠤᠭᠠᠨ ᠨᠠᠶᠢᠷ᠂ ᠮᠠᠯᠵᠢᠬᠤ ᠰᠤᠶᠤᠯ ᠤᠨ ᠨᠠᠶᠢᠷ ᠨᠠᠭᠠᠳᠤᠮ᠂ ᠤᠯᠤᠰ᠂ ᠤᠷᠤᠨ᠂ ᠠᠶᠢᠮᠠᠭ᠂ ᠬᠤᠰᠢᠭᠤ ᠲᠡᠰ ᠤᠨ ᠠᠷᠠᠳ ᠤᠨ ᠲᠠᠭᠤᠤ ᠶᠢᠨ ᠮᠥᠷᠦ᠋ᠢᠴᠡᠬᠡᠨ ᠳᠤ ᠤᠷᠤᠯᠴᠠᠵᠤ ᠠᠯᠠᠱᠠ ᠠᠷᠠᠳ ᠤᠨ ᠲᠠᠭᠤᠤ ᠪᠠᠨ ᠨᠡᠶᠢᠬᠡᠮ ᠨᠡᠶᠢᠳᠡ ᠳᠤ ᠲᠠᠨᠢᠭᠤᠯᠵᠤ᠂ ᠰᠠᠶᠢᠨ ᠰᠠᠶᠢᠬᠠᠨ ᠢᠷᠠᠭᠤ ᠠᠯᠳᠠᠷ ᠠᠪᠴᠢᠷᠠᠵᠤ᠂ ᠨᠡᠶᠢᠬᠡᠮᠯᠢᠭ ᠤᠨ ᠬᠡᠰᠢᠭᠦᠳ ᠠᠴᠠ ︽ᠬᠥᠬᠡ ᠮᠤᠩᠭᠤᠯ ᠬᠤᠯᠪᠤᠭ᠎ᠠ︾᠂ ︽ᠠᠯᠳᠠᠢ ᠶᠢᠨ ᠲᠤᠭᠤᠷ᠎ᠠ ᠢᠵᠠᠭᠤᠷ ᠤᠷᠠᠯᠢᠭ ᠤᠨ ᠪᠥᠯᠭᠦᠮ︾ ᠬᠡᠭᠦ ᠮᠡᠳᠤ ᠶᠢᠨ ᠠᠷᠠᠳ ᠤᠨ ᠤᠷᠠᠯᠢᠬᠴᠢᠳ ᠤᠨ ᠬᠤᠯᠪᠤᠭ᠎ᠠ ᠪᠥᠯᠭᠦᠮ ᠪᠠᠶᠢᠭᠤᠯᠵᠤ ᠤᠷᠳᠤ ᠶᠢᠨ ᠲᠠᠭᠤᠤ ᠪᠠᠨ ᠥᠪᠯᠡᠨ ᠤᠯᠠᠮᠵᠢᠯᠠᠵᠤ ᠪᠠᠶᠢᠨ᠎ᠠ᠃         ᠠᠶᠢᠮᠠᠬ ᠤᠨ ᠠᠷᠠᠳ ᠤᠨ ᠲᠠᠭᠤᠴᠢᠳ ᠤᠨ ᠨᠡᠶᠢᠬᠡᠮᠯᠢᠭ ᠠᠴᠠ ᠤᠷᠳᠤ ᠶᠢᠨ ᠲᠠᠭᠤᠤ ᠶᠢᠨ ᠨᠠᠶᠢᠷ ᠤᠨ ᠴᠠᠬ ᠢ ᠵᠢᠯ ᠪᠦᠷᠢ ᠶᠢᠨ 9 ᠰᠠᠷ᠎ᠠ ᠶᠢᠨ 8 ᠤ ᠡᠳᠦᠷ ᠢᠶᠠᠷ ᠲᠤᠬᠳᠠᠭᠠᠵᠤ᠂ ᠭᠠᠯ ᠵᠠᠩᠬᠢᠶ᠎ᠠ ᠲᠠᠮᠵᠢᠭᠤᠯᠬᠤ ᠬᠡᠯᠪᠡᠷᠢ ᠪᠠᠷ ᠠᠯᠢ ᠬᠤᠰᠢᠭᠤᠨ ᠤ ᠨᠡᠶᠢᠬᠡᠮᠯᠢᠭ ᠤᠨ ᠭᠡᠰᠢᠭᠦᠳ᠂ ᠠᠯᠢ ᠨᠤᠳᠤᠭ ᠤᠨ ᠬᠤᠪᠢ ᠬᠦᠮᠦᠨ᠂ ᠰᠤᠶᠤᠯ ᠳᠠᠭᠠᠨ ᠬᠠᠶᠢᠷᠠᠳᠠᠢ ᠬᠠᠯᠠᠭᠤᠨ ᠰᠡᠳᠭᠢᠯ ᠲᠠᠢ ᠬᠠᠮᠳᠤ ᠨᠢᠭᠡᠴᠡ ᠪᠦᠯᠬᠦᠮ ᠤᠨ ᠬᠢᠨ ᠲᠠᠭᠠᠭᠠᠴᠢᠯᠠᠨ ᠠᠪᠤᠬᠰᠠᠨ ᠴᠤ ᠨᠠᠶᠢᠷ ᠤᠨ ᠭᠠᠵᠠᠷ ᠢ ᠪᠠᠶᠠᠨᠬᠤᠳᠠ ᠳᠤ ᠲᠤᠬᠢᠷᠠᠭᠤᠯᠬᠤ ᠲᠤᠬᠳᠠᠭᠠᠯ ᠭᠠᠷᠭᠠᠬᠰᠠᠨ ᠪᠠᠶᠢᠨ᠎ᠠ᠃ ᠡᠶᠢᠨᠬᠦ ᠲᠤᠯᠤᠳᠤᠭᠠᠷ ᠤᠳᠠᠭᠠᠨ ᠤ ᠤᠷᠳᠤ ᠶᠢᠨ ᠲᠠᠭᠤᠤ ᠶᠢᠨ ᠨᠠᠶᠢᠷ ᠤᠨ ᠭᠠᠯ ᠵᠠᠩᠬᠢᠶ᠎ᠠ ᠶᠢ ᠡᠵᠡᠨ᠎ᠡ ᠬᠤᠰᠢᠭᠤᠨ ᠤ ᠠᠷᠠᠳ ᠤᠨ ᠲᠠᠭᠤᠴᠢᠳ ᠤᠨ ᠨᠡᠶᠢᠬᠡᠮᠯᠢᠭ ᠤᠨ ᠬᠢᠨ ᠲᠤᠰᠴᠤ᠂ ᠢᠷᠡᠬᠦ ᠵᠢᠯ ᠤᠨ 9 ᠰᠠᠷ᠎ᠠ ᠶᠢᠨ 8 ᠤ ᠡᠳᠦᠷ ᠪᠠᠶᠠᠨᠬᠤᠳᠠ ᠳᠤ ᠶᠠᠪᠤᠬᠳᠠᠬᠤ ᠪᠤᠯᠤᠨ᠎ᠠ᠃                                       (ᠵᠣᠬᠢᠶᠠᠭᠴᠢ᠄ ᠰᠡᠴᠡᠨᠪᠠᠳᠤ     ᠶᠠᠩ ᠰᠡᠴᠡᠨ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号