ᠠᠯᠠᠱᠠ ᠵᠠᠯᠠᠭᠤ ᠪᠡᠭᠡᠵᠢᠩ ᠤᠨ ᠲᠤᠮᠳᠠᠳᠤ ᠤᠯᠤᠰ ᠤᠨ ᠠᠷᠠᠳ ᠤᠨ ᠴᠢᠯᠦᠭᠡᠯᠡᠬᠦ  ᠴᠡᠷᠢᠭ ᠤᠨ ᠠᠭᠠᠷ ᠤᠨ ᠠᠶᠠᠯᠠᠯ ᠤᠨ ᠶᠡᠭᠡ ᠰᠤᠷᠭᠠᠭᠤᠯᠢ ᠳᠤ ᠰᠢᠯᠭᠠᠨ ᠤᠷᠤᠯ᠎ᠠ
ᠨᠡᠶᠢᠲᠡᠯᠡᠭᠰᠡᠨ ᠴᠠᠭ᠄
2019/8/2
        ᠬᠥᠰᠡᠯ 7 ᠰᠠᠷ᠎ᠠ ᠶᠢᠨ 25 ᠤ ᠡᠳᠦᠷ ᠬᠦᠰᠠᠵᠤ ᠰᠠᠨᠠᠭᠰᠠᠨ ᠶᠡᠭᠡ ᠰᠤᠷᠭᠠᠭᠤᠯᠢ ᠳᠠᠭᠠᠨ ᠡᠯᠰᠡᠭᠳᠡᠭᠰᠡᠡ ᠮᠡᠳᠡᠭᠳᠡᠯ ᠤᠨ ᠪᠢᠴᠢᠭ ᠢᠶᠠᠨ ᠲᠤᠰᠴᠤ᠂ ᠬᠥᠯ ᠨᠢ ᠭᠠᠵᠠᠷ ᠬᠥᠷᠬᠦ ᠥᠬᠡᠢ ᠪᠠᠶᠠᠷᠯᠠᠠ᠂ ᠰᠤᠷᠭᠠᠭᠤᠯᠢ ᠨᠢ 8 ᠰᠠᠷ᠎ᠠ ᠶᠢᠨ 1 ᠤ ᠡᠳᠦᠷ ᠡᠬᠢᠯᠡᠬᠦ ᠭᠡᠵᠤ ᠪᠠᠶᠢᠬᠤ ᠪᠤᠯᠬᠤᠷ ᠬᠤᠶᠠᠷᠬᠠᠠ ᠡᠳᠦᠷ ᠲᠤ ᠰᠤᠷᠭᠠᠭᠠᠤᠯᠢ ᠳᠤ ᠶᠠᠪᠤᠬᠤ ᠪᠡᠯᠡᠳᠭᠡᠯ ᠠᠵᠢᠯ ᠢᠶᠠᠨ ᠠᠮᠵᠢᠭᠤᠯᠴᠢᠬᠠᠭᠠᠳ᠂ ᠰᠤᠷᠭᠠᠭᠤᠯᠢ ᠳᠠᠭᠠᠨ ᠮᠤᠷᠳᠠᠵᠤ ᠪᠠᠶᠢᠭ᠎ᠠ ᠨᠢ ᠡᠨᠡ ᠪᠢᠯᠡ᠃         ᠰᠠᠶᠢᠨ ᠴᠢᠮᠡᠭᠡ ᠰᠠᠯᠬᠢᠨ ᠬᠤᠷᠳᠤ ᠲᠠᠢ ᠭᠡᠳᠡᠭ ᠨᠢ ᠥᠨᠡᠡ᠃ ᠠᠯᠠᠱᠠ ᠶᠢᠨ ᠤᠯᠠᠠ ᠲᠥᠮᠡᠡ ᠤ ᠰᠡᠳᠬᠢᠯ ᠢ ᠳᠤᠭᠳᠤᠯᠤᠭᠤᠯᠵᠦ᠂ ᠰᠡᠯᠬᠢ ᠮᠡᠳᠤ ᠲᠠᠷᠬᠠᠬᠰᠠᠠ ᠰᠠᠶᠢᠨ ᠴᠢᠮᠡᠭᠡ ᠶᠢᠨ ᠨᠢᠭᠡ ᠨᠢ ᠠᠯᠠᠱᠠ ᠶᠢᠨ ᠮᠤᠩᠭᠤᠯ ᠵᠠᠯᠠᠭᠤ ᠬᠥᠰᠡᠯ ᠪᠡᠭᠡᠵᠢᠩ ᠤᠨ ᠲᠤᠮᠳᠠᠳᠤ ᠤᠯᠤᠰ ᠤᠨ ᠠᠷᠠᠳ ᠤᠨ ᠴᠢᠯᠦᠭᠡᠯᠡᠬᠦ ᠴᠡᠷᠢᠭ ᠤᠨ ᠠᠭᠠᠷ ᠤᠨ ᠠᠶᠠᠯᠠᠯ ᠤᠨ ᠶᠡᠭᠡ ᠰᠤᠷᠭᠠᠭᠤᠯᠢ ᠳᠤ ᠰᠢᠯᠭᠠᠨ ᠤᠷᠤᠬᠰᠠᠠ ᠴᠢᠮᠡᠭᠡ ᠪᠠᠶᠢᠵᠤ ᠳᠠᠭᠠᠷᠠᠨ᠎ᠠ᠃ ᠬᠦᠰᠡᠯ ᠪᠤᠯ ᠥᠨᠥ ᠵᠢᠯ ᠠᠯᠠᠱᠠ ᠠᠶᠢᠮᠠᠭ ᠤᠨ ᠨᠢᠭᠡᠳᠤᠭᠡᠷ ᠲᠤᠮᠳᠠᠳᠤ ᠰᠤᠷᠭᠠᠭᠤᠯᠢ ᠶᠢᠨ ᠲᠡᠭᠡᠳᠦ ᠭᠤᠷᠪᠠ ᠶᠢᠨ ᠵᠢᠷᠭᠤᠳᠤᠭᠠᠷ ᠠᠩᠬᠢ ᠠᠴᠠ ᠲᠡᠬᠦᠰᠦᠭᠰᠡᠡ ᠮᠤᠩᠭᠤᠯ ᠰᠤᠷᠤᠬᠴᠢ᠂ ᠬᠢᠳᠡᠳ ᠢᠶᠠᠷ ᠰᠢᠯᠭᠠᠭᠠᠳ 510 ᠬᠤᠪᠢ ᠶᠢᠨ ᠰᠢᠯᠢᠳᠡᠭ ᠬᠢᠷᠢ ᠪᠦᠲᠦᠮᠵᠢ ᠠᠪᠤᠭᠰᠠᠨ ᠨᠢ ᠪᠠᠭ᠋ᠠᠳᠤᠯᠳᠠᠢ᠃         ᠬᠥᠰᠡᠯ ᠠᠯᠠᠱᠠ ᠵᠡᠬᠦᠨ ᠬᠤᠰᠢᠭᠤᠨ ᠤ ᠵᠢᠷᠠᠳᠠᠢ ᠪᠠᠯᠭᠠᠰᠤᠨ ᠳᠤ ᠲᠥᠷᠦᠵᠤ ᠥᠰᠤᠨ᠂ ᠲᠤᠬᠠᠢ ᠶᠢᠨ ᠥᠶ᠎ᠡ ᠳᠤ ᠵᠢᠷᠠᠳᠠᠢ ᠪᠠᠯᠭᠠᠰᠤᠨ ᠤ ᠮᠤᠩᠭᠤᠯ ᠴᠡᠴᠡᠷᠯᠢᠭ ᠲᠤ ᠭᠡᠳᠤᠭᠡᠨ ᠭᠡᠤᠭᠡᠳ ᠪᠠᠶᠢᠬᠰᠠᠠ ᠪᠤᠯᠬᠤᠷ ᠭᠡᠷ ᠤᠨ ᠠᠬᠠᠮᠠᠳ ᠨᠢ ᠲᠡᠬᠦᠨ ᠢ ᠬᠢᠳᠡᠳ ᠭᠡᠤᠭᠡᠳ ᠤᠨ ᠴᠡᠴᠡᠷᠯᠢᠭ ᠲᠤ ᠬᠥᠷᠭᠡᠵᠤ᠂ ᠬᠢᠳᠡᠳ ᠰᠤᠷᠭᠠᠭᠤᠯᠢ ᠶᠢᠨ ᠮᠥᠷ ᠢᠶᠠᠷ ᠵᠠᠮᠨᠠᠭᠤᠯᠤᠬᠰᠠᠠ ᠪᠠᠶᠢᠵᠠᠢ᠃         ᠬᠥᠰᠡᠯ ᠬᠠᠷᠠᠬᠠᠠ ᠪᠠᠭ᠎ᠠ ᠠᠴᠠ ᠪᠠᠨ ᠴᠡᠷᠢᠭ ᠤᠨ ᠰᠡᠳᠬᠦᠯ ᠪᠤᠶᠤ ᠴᠡᠷᠢᠭ ᠤᠨ ᠺᠢᠨᠤ᠋ ᠲᠧᠯᠸᠢᠰ ᠢ ᠰᠤᠨᠢᠷᠬᠠᠬᠤ ᠲᠤᠷᠠᠳᠠᠢ᠂ ᠨᠢᠰᠭᠡᠯᠴᠢ ᠪᠤᠯᠤᠨ᠎ᠠ ᠭᠡᠵᠤ ᠮᠥᠷᠦᠭᠡᠳᠤᠭᠡ ᠥᠬᠡᠢ ᠴᠤ ᠴᠡᠷᠢᠭ ᠪᠤᠯᠬᠤ ᠬᠦᠰᠡᠯᠡᠩ ᠲᠠᠢ᠃ ᠲᠡᠬᠦᠨ ᠤ ᠠᠪᠤ ᠨᠢ ᠵᠢᠷᠠᠳᠠᠢ ᠪᠠᠯᠭᠠᠰᠤᠨ ᠤ ᠬᠤᠵᠢᠷ ᠤᠨ ᠤᠢᠢᠯᠡᠳᠪᠤᠷᠢ ᠳᠤ ᠠᠵᠢᠯᠯᠠᠠ᠂ ᠡᠵᠢ ᠨᠢ ᠪᠠᠶᠠᠨᠬᠤᠳᠠ ᠳᠤ ᠬᠤᠪᠴᠠᠰᠤᠨ ᠤ ᠳᠡᠯᠭᠡᠬᠦᠷ ᠡᠷᠬᠢᠯᠡᠵᠤ᠂ ᠬᠠᠨᠢ ᠨᠥᠭᠦᠷ ᠬᠤᠶᠠᠭᠤᠯᠠ ᠪᠠᠨ ᠬᠤᠶᠠᠷ ᠭᠠᠵᠠᠷ ᠠᠮᠢᠳᠤᠷᠠᠳᠠᠭ᠂ ᠬᠠᠳᠠᠭᠤᠵᠢᠯᠳᠠᠢ ᠠᠮᠢᠳᠤᠷᠠᠬᠤ ᠤᠷᠴᠢᠨ ᠲᠤᠭᠤᠷᠢᠨ ᠳᠤ ᠥᠰᠦᠭᠰᠡᠡ ᠬᠥᠤ ᠬᠥᠰᠡᠯ ᠨᠢ ᠠᠪᠤ ᠶᠢᠨ ᠬᠠᠳᠠᠭᠤ ᠰᠤᠷᠭᠠᠯ ᠡᠵᠢ ᠶᠢᠨ ᠡᠨᠡᠷᠢᠩᠬᠦᠢ ᠬᠠᠶᠢᠷ᠎ᠠ ᠳᠤ ᠲᠤᠮᠤᠭᠠᠵᠢᠨ᠂ ᠬᠠᠷ᠎ᠠ ᠪᠠᠭ᠎ᠠ ᠠᠴᠠ ᠪᠠᠨ ᠠᠷᠪᠢᠴᠢ ᠭᠠᠮᠳᠠᠢ ᠪᠤᠷᠤᠬᠵᠢᠭᠤᠨ ᠠᠮᠢᠳᠤᠷᠠᠯ ᠤᠨ ᠤᠷᠴᠢᠨ ᠳᠤ ᠳᠡᠳᠴᠤ᠂ ᠨᠢᠭᠡ ᠯᠡ ᠰᠡᠳᠬᠢᠯ ᠢᠶᠠᠷ ᠰᠤᠷᠤᠯᠭ᠎ᠠ ᠳᠠᠭᠠᠨ ᠰᠢᠮᠳᠡᠠ ᠴᠢᠷᠮᠠᠶᠢᠳᠠᠬ᠃         ᠬᠥᠰᠡᠯ ᠤᠨ ᠡᠵᠢ ᠨᠤᠮᠢᠨ ᠰᠤᠷᠪᠤᠯᠵᠢᠯᠠᠬᠴᠢ ᠳᠤ᠄ ︽ᠶᠠᠷᠤᠨᠢ ᠠᠪᠤ ᠡᠵᠢ ᠪᠤᠯᠤᠬᠰᠠᠳ ᠵᠠᠪᠠᠯ ᠥᠪᠡᠷ ᠤᠨ ᠪᠡᠶ᠎ᠠ ᠪᠠᠷ ᠢᠶᠠᠨ ᠭᠡᠤᠭᠡᠳ ᠲᠡᠭᠡᠨ ᠳᠠᠭᠤᠷᠢᠶᠠᠯ ᠪᠤᠯᠬᠤ ᠴᠢᠬᠤᠯᠠᠳᠠᠢ᠃ ᠭᠡᠤᠭᠡᠳ ᠲᠡᠭᠡᠨ ᠵᠠᠪᠠᠯ ᠵᠥᠪ ᠰᠡᠳᠬᠢᠯ᠂ ᠵᠦᠪ ᠡᠨᠧᠷᠬᠢ ᠥᠭᠴᠤ ᠠᠮᠢᠳᠤᠷᠠᠯ ᠤᠨ ᠬᠠᠳᠠᠭᠤ ᠪᠡᠷᠭᠡ ᠶᠢ ᠪᠡᠶ᠎ᠡ ᠪᠠᠷ ᠨᠢ ᠮᠡᠳᠡᠷᠡᠬᠦᠯᠤᠨ ᠪᠠᠶᠠᠷ ᠪᠠᠶᠠᠰᠤᠯ ᠪᠠ ᠢᠳᠡᠭᠡᠯ ᠵᠤᠷᠢᠬ ᠥᠭᠬᠦ ᠨᠢ ᠭᠡᠷ ᠤᠨ ᠠᠬᠠᠮᠠᠳ ᠪᠢᠳᠡᠨᠡᠷ ᠤᠨ ᠭᠤᠤᠯ ᠠᠵᠢᠯ ᠭᠡᠵᠤ ᠪᠤᠳᠤᠵᠤ ᠪᠠᠶᠢᠨ᠎ᠠ︾ ᠭᠡᠵᠦ ᠭᠡᠷ ᠤᠨ ᠬᠥᠮᠥᠵᠢᠯ ᠤᠨ ᠲᠤᠬᠠᠢ ᠥᠪᠡᠷ ᠤᠨ ᠤᠶᠢᠯᠠᠭᠠᠯᠳᠠ ᠲᠠᠨᠢᠯᠳᠠ ᠪᠠᠨ ᠬᠤᠪᠢᠶᠠᠯᠴᠠᠯ᠎ᠠ᠃                                                     (ᠵᠣᠬᠢᠶᠠᠭᠴᠢ᠄ ᠡᠷᠳᠡᠨᠢᠴᠡᠴᠡᠭ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号