ᠣᠳ᠋ᠪᠠᠯ᠎ᠠ ᠵᠢᠭᠠᠨ ᠵᠢᠯᠣᠭᠤᠳᠣᠮᠵᠢ ᠶᠢᠨ ᠰᠢᠨ᠎ᠡ ᠠᠷᠭ᠎ᠠ ᠪᠠᠷ ᠰᠣᠷᠣᠭᠴᠢᠳ ᠤᠨ ᠰᠣᠷᠣᠯᠭ᠎ᠠ ᠶᠢᠨ ᠬᠢᠷᠢ ᠪᠦᠳᠦᠮᠵᠢ ᠶᠢ ᠳᠡᠭᠡᠭᠰᠢᠯᠡᠬᠦᠯᠵᠣ ᠪᠠᠶᠢᠨ᠎ᠠ
ᠨᠡᠶᠢᠲᠡᠯᠡᠭᠰᠡᠨ ᠴᠠᠭ᠄
2019/7/12
       ᠤᠶᠤᠨᠴᠢ ᠺᠤᠮᠫᠢᠥ᠋ᠲ᠋ᠧᠷ᠂ ᠤᠶᠤᠨᠴᠢ ᠵᠠᠮ ᠬᠠᠷᠢᠯᠴᠠᠭ᠎ᠠ ᠁ ᠪᠢᠳᠠᠨ ᠤ ᠠᠮᠢᠳᠣᠷᠠᠯ ᠨᠢᠭᠡᠨᠳᠡ ᠤᠶᠤᠨᠴᠢ ᠴᠠᠭ ᠦᠶ᠎ᠡ ᠳᠤ ᠣᠷᠣᠵᠣ᠂ ᠬᠢᠮᠡᠯ ᠤᠶᠤᠨ ᠤᠬᠠᠭᠠᠨ ᠨᠢ ᠣᠯᠠᠮ ᠠᠴᠠ ᠣᠯᠠᠮ ᠤᠶᠢᠷᠠᠳᠴᠤ ᠠᠶᠢᠰᠦᠢ᠃ ᠴᠢᠨᠠᠷ ᠰᠠᠶᠢᠳᠠᠢ ᠬᠦᠭᠵᠢᠯᠳᠠ ᠶᠢᠨ ᠵᠠᠮ ᠳᠤ ᠣᠷᠣᠯᠳᠣᠨ ᠭᠠᠷᠬᠤ ᠰᠢᠨ᠎ᠡ ᠳᠡᠭᠡᠳᠣ ᠮᠡᠷᠭᠡᠵᠢᠯ ᠨᠢ ᠪᠢᠳᠠᠨ ᠤ ᠠᠮᠢᠳᠣᠷᠠᠯ ᠢ ᠦᠭᠡᠷᠡᠴᠢᠯᠡᠵᠣ ᠪᠠᠶᠢᠨ᠎ᠠ᠃ ᠣᠷᠴᠢᠮᠬᠠᠨ᠂ ᠰᠣᠷᠪᠤᠯᠵᠢᠯᠠᠭᠴᠢ ᠪᠠᠶᠠᠨᠬᠤᠳᠠ ᠳᠤ ᠪᠠᠶᠢᠭ᠎ᠠ ᠬᠢᠮᠡᠯ ᠤᠶᠤᠨ ᠤᠬᠠᠭᠠᠨ ᠤ ᠰᠣᠷᠭᠠᠨ ᠬᠦᠮᠣᠵᠢᠯ ᠢ ᠠᠰᠢᠭᠯᠠᠨ ᠠᠳᠠᠯ ᠣᠶᠢᠯᠡᠰ ᠪᠣᠰᠬᠠᠵᠣ ᠶᠠᠪᠣᠭ᠎ᠠ ᠣᠳ᠋ᠪᠠᠯ᠎ᠠ ᠲᠠᠢ ᠬᠠᠷᠢᠴᠠᠵᠣ᠂ ᠳᠡᠬᠦᠨ ᠤ ᠪᠤᠰᠤᠳ ᠲᠠᠢ ᠬᠤᠯᠪᠣᠭᠠᠯᠠᠵᠣ ᠡᠷᠬᠢᠯᠡᠭᠰᠡᠨ ︽ᠢ ᠳ᠋ᠢᠶᠠᠨ ᠮᠠ ᠨᠡᠷᠡᠳᠣ ᠪᠠᠭᠰᠢ ᠶᠢᠨ ᠬᠢᠴᠢᠶᠡᠯ ᠤᠨ ᠵᠢᠯᠣᠭᠤᠳᠣᠮᠵᠢ︾ ᠶᠢᠨ ᠪᠠᠶᠢᠭᠤᠯᠣᠮᠵᠢ ᠶᠢ ᠵᠣᠷᠢᠵᠣ ᠣᠴᠢᠯ᠎ᠠ᠃ ᠳᠡᠨᠳᠡ ᠰᠣᠷᠣᠭᠴᠢᠳ ᠣᠶᠣᠨᠴᠢ ᠺᠤᠮᠫᠢᠥ᠋ᠲ᠋ᠧᠷ ᠢ ᠠᠰᠢᠭᠯᠠᠨ ᠨᠡᠷᠡᠳᠣ ᠪᠠᠭᠰᠢ ᠶᠢᠨ ᠵᠢᠯᠣᠭᠤᠳᠣᠮᠵᠢ ᠪᠠᠷ ᠬᠢᠴᠢᠶᠡᠯ ᠢᠶᠠᠨ ᠨᠦᠬᠦᠵᠣ ᠰᠤᠷᠤᠯᠭ᠎ᠠ ᠪᠠᠨ ᠪᠠᠳᠣᠳᠬᠠᠵᠣ ᠪᠠᠶᠢᠯ᠎ᠠ᠃        ︽ᠡᠨᠡ ᠵᠢᠯ ᠤᠨ ᠶᠡᠭᠡ ᠰᠣᠷᠭᠠᠭᠤᠯᠢ ᠳᠤ ᠣᠷᠣᠬᠤ ᠰᠢᠯᠭᠠᠯᠳᠠ ᠳᠤ ᠤᠶᠤᠨᠴᠢ ᠺᠤᠮᠫᠢᠥ᠋ᠲ᠋ᠧᠷ ᠢᠶᠠᠷ ᠰᠣᠷᠣᠯᠴᠠᠭᠰᠠᠨ ᠭᠤᠷᠪᠠᠨ ᠰᠣᠷᠣᠭᠴᠢ 500 ᠬᠤᠪᠢ ᠶᠢ ᠳᠠᠪᠠᠯ᠎ᠠ︾ ᠭᠡᠬᠦ ᠣᠳ᠋ᠪᠠᠯ᠎ᠠ ᠶᠢᠨ ᠢᠨᠢᠶᠡᠳᠣ ᠪᠢᠯᠬᠠᠭᠰᠠᠨ ᠴᠢᠷᠠᠢ ᠳᠤ ᠢᠳᠡᠭᠡᠯ ᠳᠦᠬᠦᠷᠡᠩ ᠪᠠᠶᠢᠭ᠎ᠠ ᠨᠢ ᠢᠯᠡᠷᠭᠡᠢ᠃ ᠳᠡᠷᠡᠪᠡᠷ 2018 ᠣᠨ ᠤ 10 ᠰᠠᠷ᠎ᠠ ᠳᠤ ᠪᠡᠭᠡᠵᠢᠩ ᠳᠠᠬᠢ ︽ᠢ ᠳ᠋ᠢᠶᠠᠨ ᠮᠠ ᠨᠡᠷᠡᠳᠣ ᠪᠠᠭᠰᠢ ᠶᠢᠨ ᠬᠢᠴᠢᠶᠡᠯ ᠤᠨ ᠵᠢᠯᠣᠭᠤᠳᠣᠮᠵᠢ︾ ᠶᠢᠨ ᠶᠡᠷᠦᠩᠭᠡᠢ ᠪᠠᠶᠢᠭᠤᠯᠣᠮᠵᠢ ᠲᠠᠢ ᠬᠤᠯᠪᠣᠭᠠᠯᠠᠨ᠂ ᠪᠠᠶᠠᠨᠬᠤᠳᠠ᠂ ᠦᠬᠠᠢ ᠬᠤᠶᠠᠷ ᠭᠠᠵᠠᠷ ᠲᠤ ᠳᠣᠰ ᠪᠠᠶᠢᠭᠤᠯᠣᠮᠵᠢ ᠶᠢ ᠪᠠᠶᠢᠭᠤᠯᠵᠣ᠂ 60 ᠳᠦᠮᠡᠨ ᠳᠦᠬᠦᠷᠢᠭ ᠤᠨ ᠪᠡᠯᠡ ᠮᠦᠩᠭᠦ ᠣᠷᠣᠭᠤᠯᠣᠨ ᠤᠶᠤᠨᠴᠢ ᠺᠤᠮᠫᠢᠥ᠋ᠲ᠋ᠧᠷ ᠢ ᠪᠣᠷᠣᠯᠠᠭᠤᠯᠬᠤ᠂ ᠳᠦᠷᠢᠶᠡᠰᠣᠯᠡᠬᠦ᠂ ᠪᠠᠶᠠᠴᠢᠯᠠᠨ ᠣᠶᠢᠯᠠᠭᠠᠭᠤᠯᠬᠤ ᠪᠠᠷ ᠳᠠᠮᠵᠢᠨ ᠰᠣᠷᠣᠭᠴᠢᠳ ᠢ ᠬᠠᠪᠰᠣᠷᠴᠣ ᠰᠣᠷᠣᠯᠭ᠎ᠠ ᠶᠢᠨ ᠬᠢᠷᠢ ᠪᠦᠳᠦᠮᠵᠢ ᠶᠢ ᠨᠢ ᠳᠦᠷᠭᠡᠨ ᠳᠡᠭᠡᠭᠰᠢᠯᠡᠬᠦᠯᠵᠣ ᠪᠠᠶᠢᠭ᠎ᠠ ᠶᠤᠮ᠃        ᠣᠳ᠋ᠪᠠᠯ᠎ᠠ ᠭᠡᠷ ᠪᠦᠯᠢ ᠶᠢᠨ ᠪᠠᠭᠰᠢ ᠶᠢᠨ ᠠᠵᠢᠯ ᠢ ᠬᠢᠭᠡᠳ ᠨᠢᠭᠡᠨᠳᠡ ᠠᠷᠪᠠᠨ ᠬᠤᠶᠠᠷ ᠵᠢᠯ ᠤᠨ ᠨᠢᠭᠤᠷ ᠢ ᠦᠵᠡᠵᠡᠢ᠃ ᠣᠳ᠋ᠪᠠᠯ᠎ᠠ ᠶᠢᠨ ᠴᠢᠷᠮᠠᠶᠢᠯᠭ᠎ᠠ ᠨᠢ ᠳᠡᠬᠦᠨ ᠤ ᠵᠢᠭᠠᠨ ᠵᠢᠯᠣᠭᠤᠳᠬᠤ ᠠᠵᠢᠯ ᠳᠤ ᠣᠯᠠᠨ ᠠᠷᠪᠢᠨ ᠳᠣᠷᠰᠢᠯᠭ᠎ᠠ ᠰᠣᠷᠭᠠᠮᠵᠢ᠂ ᠠᠮᠵᠢᠯᠳᠠ ᠪᠦᠳᠦᠮᠵᠢ ᠶᠢ ᠣᠯᠭᠤᠭᠰᠠᠨ᠃ ᠳᠡᠷᠠ ᠭᠡᠣᠭᠡᠳ ᠤᠨ ᠰᠣᠷᠭᠠᠨ ᠬᠦᠮᠣᠵᠢᠯ ᠳᠤ ᠳᠠᠰᠣᠷᠠᠯᠳᠠ ᠦᠭᠡᠢ ᠦᠵᠡᠯᠳᠡ ᠳᠠᠨᠢᠯᠳᠠ ᠪᠠᠨ ᠰᠢᠨᠡᠳᠭᠡᠨ᠂ ᠬᠠᠮᠤᠭ ᠤᠨ ᠰᠠᠶᠢᠨ ᠬᠠᠮᠤᠭ ᠤᠨ ᠬᠤᠷᠳᠣᠨ ᠠᠷᠭ᠎ᠠ ᠪᠠᠷ ᠰᠣᠷᠣᠭᠴᠢᠳ ᠤᠨ ᠬᠢᠷᠢ ᠪᠦᠳᠦᠮᠵᠢ ᠶᠢ ᠳᠡᠭᠡᠭᠰᠢᠯᠡᠬᠦᠯᠬᠦ ᠶᠢ ᠵᠤᠷᠢᠵᠦ ᠮᠥᠨ ᠴᠦ ᠪᠡᠶᠡᠯᠡᠬᠦᠯᠦᠭᠰᠡᠭᠡᠷ ᠢᠷᠡᠭᠰᠡᠨ ᠠᠵᠢ᠃ ᠳᠡᠷᠡ ᠮᠦᠨ ᠴᠤ ᠰᠦᠪᠡᠭᠴᠢᠯᠡᠭᠰᠡᠭᠡᠷ ᠁        ᠳᠣᠰ ᠰᠣᠷᠭᠠᠨ ᠬᠦᠮᠣᠵᠢᠯ ᠤᠨ ᠪᠠᠶᠢᠭᠤᠯᠣᠮᠵᠢ ᠨᠢ ︽AI + ᠰᠣᠷᠭᠠᠨ ᠬᠦᠮᠣᠵᠢᠯ︾ ᠢ ᠰᠦᠪᠡᠭᠴᠢᠯᠡᠬᠦ ᠶᠠᠪᠣᠴᠠ ᠳᠤ ᠣᠯᠠᠮᠵᠢᠯᠠᠯᠳᠣ ᠵᠢᠭᠠᠨ ᠰᠣᠷᠭᠠᠯᠳᠠ ᠳᠤ ᠤᠷᠤᠰᠢᠵᠤ ᠪᠠᠶᠢᠭ᠎ᠠ ᠠᠰᠠᠭᠤᠳᠠᠯ ᠠᠴᠠ ᠵᠠᠶᠢᠯᠠᠰᠬᠢᠨ᠂ ᠰᠢᠯᠢᠳᠡᠭ ᠠᠭᠤᠯᠭ᠎ᠠ ᠪᠦᠭᠦᠢ ᠬᠢᠴᠢᠶᠡᠯ ᠳᠠᠪᠳᠠᠯᠭ᠎ᠠ ᠶᠢ ᠦᠢᠯᠡᠳᠬᠦ ᠪᠠᠷ ᠭᠤᠣᠯ ᠪᠣᠯᠭᠠᠵᠣ᠂ ᠨᠡᠷᠡᠳᠣ ᠪᠠᠭᠰᠢ ᠶᠢᠨ ᠵᠢᠭᠠᠨ ᠵᠢᠯᠤᠭᠤᠳᠤᠯᠭ᠎ᠠ ᠲᠠᠢ᠂ ᠬᠢᠴᠢᠶᠡᠯ ᠤᠨ ᠠᠭᠤᠯᠭ᠎ᠠ ᠶᠢ ᠨᠢᠭᠡᠳ ᠨᠢᠭᠡ ᠪᠠᠷ ᠰᠣᠷᠣᠯᠴᠠᠬᠤ᠂ ᠶᠠᠮᠠᠷ ᠴᠠᠭ ᠲᠤ ᠴᠦ ᠰᠣᠷᠣᠯᠴᠠᠵᠣ ᠪᠣᠯᠬᠤ᠂ ᠤᠶᠤᠨᠴᠢ ᠪᠢᠴᠢᠭ ᠮᠠᠲ᠋ᠧᠷᠢᠶᠠᠯ᠂ ᠤᠶᠤᠨᠴᠢ ᠪᠢᠷ᠂ ᠤᠶᠤᠨᠴᠢ ᠬᠠᠶᠢᠷᠴᠠᠭ᠂ ᠤᠶᠤᠨᠴᠢ ᠺᠤᠮᠫᠢᠥ᠋ᠲ᠋ᠧᠷ ᠢᠶᠠᠷ ᠭᠤᠣᠯ ᠪᠠᠭᠠᠵᠢ ᠬᠡᠷᠡᠭᠯᠡᠭᠦᠷ ᠢᠶᠠᠨ ᠪᠣᠯᠭᠠᠨ᠂ ᠰᠦᠯᠵᠢᠶ᠎ᠡ ᠨᠡᠪᠳᠡᠷᠡᠬᠦ ᠦᠭᠡᠢ ᠪᠠᠷ ᠰᠣᠷᠣᠯᠴᠠᠵᠣ ᠪᠣᠯᠬᠤ ᠣᠷᠴᠢᠨ ᠳᠣᠭᠤᠷᠢᠨ ᠢ ᠬᠠᠩᠭᠠᠵᠣ᠂ ᠪᠦᠷᠢᠨ ᠳᠦᠬᠦᠷ ᠰᠣᠷᠭᠠᠨ ᠬᠦᠮᠣᠵᠢᠯ ᠤᠨ ᠦᠢᠯᠡᠴᠢᠯᠡᠭᠡ ᠪᠠ ᠰᠣᠷᠭᠠᠨ ᠬᠦᠮᠣᠵᠢᠯ ᠤᠨ ᠬᠠᠮᠢᠶᠠᠷᠣᠯᠳᠠ ᠶᠢᠨ ᠦᠢᠯᠡᠴᠢᠯᠡᠭᠡ ᠶᠢ ᠳᠠᠭᠠᠯᠳᠣᠭᠤᠯᠵᠣ ᠪᠠᠶᠢᠬᠤ ᠶᠤᠮ᠃        ︽ᠤᠶᠤᠨᠴᠢ ᠺᠤᠮᠫᠢᠥ᠋ᠲ᠋ᠧᠷ ᠢᠶᠠᠷ ᠭᠤᠣᠯ ᠪᠣᠯᠭᠠᠭᠰᠠᠨ ᠨᠢᠭᠡ ᠢᠵᠢ ᠮᠠᠰᠢᠨ ᠨᠢ ᠳᠣᠮᠳᠠᠳᠣ ᠰᠣᠷᠭᠠᠭᠤᠯᠢ᠂ ᠦᠨᠳᠦᠷ ᠳᠣᠮᠳᠠᠳᠣ ᠶᠢᠨ ᠮᠣᠩᠭᠤᠯ ᠬᠢᠳᠠᠳ ᠰᠣᠷᠣᠭᠴᠢ ᠪᠦᠬᠦᠨ ᠳᠤ ᠪᠦᠷ ᠳᠣᠬᠢᠷᠠᠬᠤ ᠵᠢᠭᠠᠨ ᠵᠢᠯᠣᠭᠤᠳᠣᠮᠵᠢ ᠶᠢᠨ ᠮᠠᠰᠢᠨ ᠶᠤᠮ᠃ ᠣᠴᠢᠷ ᠨᠢ ᠦᠪᠦᠷ ᠮᠣᠩᠭᠤᠯ ᠤᠨ ᠵᠢᠭᠠᠨ ᠰᠣᠷᠭᠠᠬᠤ ᠬᠢᠴᠢᠶᠡᠯ ᠤᠨ ᠠᠭᠤᠯᠭ᠎ᠠ ᠶᠣᠰᠣᠭᠠᠷ᠂ ᠶᠡᠭᠡ ᠰᠣᠷᠭᠠᠭᠤᠯᠢ ᠳᠤ ᠳᠠᠪᠰᠢᠬᠤ ᠤᠯᠤᠰ ᠤᠨ ᠨᠢᠭᠡᠳᠦᠯᠲᠡᠢ ᠰᠢᠯᠭᠠᠯᠳᠠ ᠶᠢ ᠦᠨᠳᠦᠰᠦᠯᠡᠵᠣ ᠪᠡᠭᠡᠵᠢᠩ ᠵᠡᠷᠭᠡ ᠲᠤᠮᠤ ᠬᠤᠳᠠ ᠶᠢᠨ ᠳᠣᠰᠬᠠᠢ ᠰᠢᠯᠭᠠᠯᠳᠠ ᠬᠢᠨᠠᠬᠤ ᠠᠵᠢᠯ ᠳᠤ ᠭᠠᠪᠰᠢᠭᠠᠶᠢᠯᠠᠵᠦ ᠪᠠᠶᠢᠭ᠎ᠠ ᠨᠡᠷᠡᠳᠣ ᠪᠠᠭᠰᠢ ᠨᠡᠷ ᠢ ᠣᠷᠢᠵᠣ ᠠᠯᠢᠪᠠ ᠪᠣᠯᠪᠠᠰᠣᠷᠠᠯ᠂ ᠵᠢᠭᠠᠨ ᠵᠢᠯᠣᠭᠤᠳᠣᠮᠵᠢ ᠶᠢ ᠬᠢᠵᠣ ᠪᠠᠶᠢᠭ᠎ᠠ ᠲᠤᠯᠠ ᠲᠤᠰ ᠤᠶᠤᠨᠴᠢ ᠺᠤᠮᠫᠢᠥ᠋ᠲ᠋ᠧᠷ ᠢᠶᠠᠷ ᠰᠣᠷᠣᠭᠴᠢᠳ ᠰᠣᠷᠢᠯᠳᠠ ᠶᠢᠨ ᠰᠡᠳᠣᠪ ᠬᠢᠬᠦ᠂ ᠬᠢᠴᠢᠶᠡᠯ ᠳᠠᠭᠠᠭᠠᠯᠭᠠᠪᠤᠷᠢ ᠶᠢ ᠬᠢᠭᠦ ᠶᠠᠪᠤᠴᠠ ᠳᠤ ᠠᠯᠢ ᠨᠢᠭᠡ ᠰᠡᠳᠣᠪ ᠢᠶᠠᠨ ᠬᠢᠵᠦ ᠳᠡᠶᠢᠯᠬᠦ ᠦᠭᠡᠢ ᠪᠣᠯ ᠬᠠᠮᠤᠭ ᠬᠤᠷᠳᠣᠨ ᠢᠶᠠᠷ ᠬᠦᠴᠢᠷᠲᠡᠯᠭᠡ ᠶᠢ ᠨᠢ ᠤᠶᠢᠯᠠᠭᠠᠵᠦ ᠡᠵᠡᠮᠰᠢᠵᠦ ᠴᠢᠳᠠᠬᠤ᠂ ᠬᠢᠵᠣ ᠲᠡᠶᠢᠯᠦᠭᠰᠡᠨ ᠦᠭᠡᠢ ᠪᠤᠶᠤ ᠪᠣᠷᠣᠭᠤ ᠬᠢᠭᠰᠡᠨ ᠰᠡᠳᠣᠪ ᠤᠨ ᠴᠣᠭᠯᠠᠷᠠᠯ ᠢᠶᠠᠨ ᠳᠠᠬᠢᠨ ᠦᠵᠡᠬᠦ᠂ ᠬᠢᠷᠢ ᠪᠦᠳᠦᠮᠵᠢ ᠶᠢᠨ ᠢᠶᠠᠨ ᠳᠡᠭᠡᠭᠰᠢᠯᠡᠯᠳᠡ ᠳᠣᠷᠣᠭᠰᠢᠯᠠᠯᠳᠠ ᠲᠠᠢ ᠪᠠᠶᠢᠳᠠᠯ ᠢᠶᠠᠨ ᠰᠣᠷᠢᠵᠣ ᠦᠵᠡᠵᠣ ᠳᠡᠶᠢᠯᠣᠨ᠎ᠠ︾ ᠭᠡᠵᠣ ᠣᠳ᠋ᠪᠠᠯ᠎ᠠ ᠶᠠᠷᠢᠨ᠎ᠠ᠃ ᠳᠡᠬᠦᠨ ᠤ ᠭᠡᠯᠡᠬᠦ ᠪᠠᠷ ᠮᠣᠩᠭᠤᠯ ᠰᠣᠷᠣᠭᠴᠢᠳ ᠤᠨ ᠬᠢᠴᠢᠶᠡᠯ ᠤᠨ ᠠᠭᠤᠯᠭ᠎ᠠ ᠳᠤ ᠭᠡᠯᠡ ᠪᠢᠴᠢᠭ ᠠᠴᠠ ᠭᠠᠳᠠᠨ᠎ᠠ ᠦᠭᠡᠷ᠎ᠠ ᠪᠣᠰᠣᠳ ᠬᠢᠴᠢᠶᠡᠯ ᠤᠨ ᠠᠭᠤᠯᠭ᠎ᠠ ᠪᠦᠬᠦᠨ ᠢ ᠬᠠᠮᠣᠷᠣᠭᠰᠠᠨ ᠪᠠᠶᠢᠳᠠᠭ ᠭᠡᠵᠦ ᠲᠠᠨᠢᠯᠴᠠᠭᠤᠯᠤᠯ᠎ᠠ᠃        ᠰᠢ ᠶᠢᠨ ᠫᠢᠩ  ᠤᠨ ᠴᠢᠬᠤᠯᠠ ᠶᠠᠷᠢᠶᠠᠨ  ᠳᠤ᠂ ᠳᠣᠮᠳᠠᠳᠣ ᠣᠯᠣᠰ ᠵᠠᠪᠠᠯ ᠬᠢᠮᠡᠯ ᠤᠶᠤᠨ ᠤᠬᠠᠭᠠᠨ  ᠤ ᠰᠣᠷᠭᠠᠨ ᠬᠦᠮᠣᠵᠢᠯ  ᠳᠤ ᠦᠵᠡᠬᠦᠯᠬᠦ ᠨᠦᠯᠦᠭᠡ  ᠶᠢ ᠬᠦᠨᠳᠣᠳᠭᠡᠨ ᠦᠵᠡᠬᠦ ᠭᠡᠷᠡᠭᠳᠡᠢ᠂ ᠮᠥᠨ  ᠴᠦ ᠬᠢᠮᠡᠯ ᠤᠶᠤᠨ ᠤᠬᠠᠭᠠᠨ  ᠪᠣᠯᠣᠨ ᠰᠣᠷᠭᠠᠨ ᠬᠦᠮᠣᠵᠢᠯ  ᠤᠨ ᠬᠦᠨ ᠠᠭᠤᠰᠣᠯᠴᠠᠯ  ᠢ ᠢᠳᠡᠪᠬᠢᠳᠡᠢ ᠠᠬᠢᠭᠤᠯᠣᠨ᠂ ᠰᠣᠷᠭᠠᠨ ᠬᠦᠮᠣᠵᠢᠯ  ᠤᠨ ᠬᠤᠪᠢᠰᠣᠯᠳᠠ ᠦᠭᠡᠷᠡᠴᠢᠯᠡᠯᠳᠡ  ᠵᠢᠴᠢ ᠰᠢᠨ᠎ᠡ  ᠶᠢ ᠡᠬᠦᠳᠬᠦ ᠶᠢ ᠠᠬᠢᠭᠤᠯᠵᠣ᠂ ᠬᠢᠮᠡᠯ ᠤᠶᠤᠨ ᠤᠬᠠᠭᠠᠨ  ᠤ ᠳᠠᠪᠠᠭᠤᠯᠢᠭ  ᠢ ᠬᠦᠢᠴᠡᠳ ᠪᠠᠳᠠᠷᠠᠭᠤᠯᠵᠦ᠂ ᠬᠦᠮᠣᠨ ᠪᠦᠷᠢ  ᠳᠤ ᠰᠣᠷᠭᠠᠨ ᠬᠦᠮᠣᠵᠢᠯ ᠬᠦᠷᠳᠡᠭᠡᠬᠦ᠂ ᠡᠷᠭᠡ ᠳᠡᠭᠰᠢ ᠰᠣᠷᠭᠠᠨ ᠬᠦᠮᠣᠵᠢᠯ ᠬᠦᠷᠳᠡᠭᠡᠬᠦ᠂ ᠬᠤᠪᠢ ᠬᠦᠮᠣᠨ  ᠳᠤ ᠳᠣᠬᠢᠷᠠᠭᠰᠠᠨ ᠰᠣᠷᠭᠠᠨ ᠬᠦᠮᠣᠵᠢᠯ ᠬᠦᠷᠳᠡᠭᠡᠬᠦ  ᠵᠢᠴᠢ ᠨᠡᠭᠡᠭᠡᠯᠳᠡ  ᠲᠠᠢ ᠠᠮᠢᠳᠣᠯᠢᠭ ᠰᠣᠷᠭᠠᠨ ᠬᠦᠮᠣᠵᠢᠯ ᠬᠦᠷᠳᠡᠭᠡᠬᠦ  ᠶᠢ ᠳᠦᠷᠭᠡᠨ  ᠢᠶᠠᠷ ᠬᠦᠭᠵᠢᠬᠦᠯᠬᠦ ᠭᠡᠷᠡᠭᠳᠡᠢ ᠭᠡᠰᠡᠨ ᠪᠠᠶᠢᠨ᠎ᠠ᠃ ᠡᠶᠢᠨᠬᠦ ᠣᠳ᠋ᠪᠠᠯ᠎ᠠ ᠶᠢᠨ ᠬᠤᠯᠪᠣᠭᠠᠯᠠᠵᠣ ᠡᠷᠬᠢᠯᠡᠭᠰᠡᠨ ᠬᠢᠮᠡᠯ ᠤᠶᠤᠨ ᠤᠬᠠᠭᠠᠨ  ᠤ ᠰᠣᠷᠭᠠᠨ ᠬᠦᠮᠣᠵᠢᠯ  ᠤᠨ ᠠᠰᠢᠭᠯᠠᠯᠳᠠ ᠶᠢᠨ ᠵᠢᠭᠠᠨ ᠵᠢᠯᠣᠭᠤᠳᠣᠮᠵᠢ  ᠶᠢᠨ ᠪᠠᠶᠢᠭᠤᠯᠣᠮᠵᠢ  ᠨᠢ ᠦᠨᠡᠭᠡᠷ ᠮᠠᠨ  ᠤ ᠣᠯᠣᠰ  ᠤᠨ ᠳᠦᠷᠦ  ᠶᠢᠨ ᠪᠣᠳᠣᠯᠭ᠎ᠠ᠂ ᠵᠠᠮ ᠱᠣᠭᠤᠮ ᠲᠠᠢ ᠨᠡᠶᠢᠴᠡᠵᠣ᠂ ᠦᠨᠡᠨᠬᠦ ᠬᠦᠮᠣᠨ ᠪᠦᠷᠢ ᠳᠤ ᠳᠣᠬᠢᠷᠠᠭᠰᠠᠨ ᠵᠢᠭᠠᠨ ᠵᠢᠯᠣᠭᠤᠳᠣᠮᠵᠢ ᠶᠢ ᠬᠢᠵᠣ᠂ ᠴᠠᠭ ᠦᠶ᠎ᠡ ᠶᠢᠨ ᠬᠥᠭ ᠠᠶᠠᠰ ᠢ ᠳᠠᠭᠠᠵᠤ ᠴᠢᠳᠠᠭᠰᠠᠨ ᠰᠢᠨ᠎ᠡ ᠮᠡᠷᠭᠡᠵᠢᠯ ᠤᠨ ᠠᠷᠭ᠎ᠠ ᠪᠠᠷ ᠰᠣᠷᠣᠭᠴᠢᠳ ᠤᠨ ᠰᠣᠷᠣᠯᠭ᠎ᠠ ᠶᠢᠨ ᠬᠢᠷᠢ ᠪᠦᠳᠦᠮᠵᠢ ᠶᠢ ᠳᠡᠭᠡᠭᠰᠢᠯᠡᠬᠦᠯᠵᠣ ᠪᠠᠶᠢᠨ᠎ᠠ᠃ ᠨᠡᠩ ᠴᠦ ᠣᠳ᠋ᠪᠠᠯ᠎ᠠ ᠶᠢᠨ ᠠᠳᠠᠯ ᠣᠶᠢᠯᠡᠰ ᠢᠶᠠᠨ ᠵᠣᠷᠢᠭᠳᠠᠢ ᠪᠣᠰᠬᠠᠨ ᠬᠢᠯᠠᠷᠠᠭᠤᠯᠳᠠᠯ᠎ᠠ ᠬᠢᠵᠣ ᠶᠠᠪᠣᠭ᠎ᠠ ᠨᠢ ᠦᠨᠡᠬᠡᠷ ᠪᠢᠰᠢᠷᠡᠯᠲᠡᠢ᠃        ᠳᠡᠶᠢᠨᠬᠦ ᠰᠢᠨ᠎ᠡ ᠴᠠᠭ ᠦᠶ᠎ᠡ ᠶᠢᠨ ᠰᠢᠨ᠎ᠡ ᠠᠷᠭ᠎ᠠ ᠮᠠᠶ᠋ᠢᠭ᠂ ᠰᠢᠨ᠎ᠡ ᠮᠠᠰᠢᠨ ᠳᠦᠬᠦᠭᠡᠷᠤᠮᠵᠢ ᠪᠠᠷ ᠦᠪᠡᠷ ᠤᠨ ᠢᠶᠠᠨ ᠵᠢᠭᠠᠨ ᠵᠢᠯᠤᠭᠤᠳᠬᠤ ᠠᠷᠭ᠎ᠠ ᠣᠬᠠᠭᠠᠨ ᠢᠶᠠᠨ ᠵᠡᠪᠰᠡᠭᠯᠡᠵᠣ᠂ ᠢᠷᠡᠭᠡᠳᠦᠢ ᠳᠤ ᠬᠠᠨᠳᠤᠵᠦ ᠰᠣᠷᠣᠭᠴᠢᠳ ᠲᠤ ᠬᠠᠮᠤᠭ ᠤᠨ ᠳᠡᠭᠡᠳᠣ ᠰᠢᠨᠵᠢᠯᠡᠬᠦ ᠣᠬᠠᠭᠠᠨ ᠤ ᠵᠡᠪᠰᠡᠭ ᠢ ᠠᠳᠬᠤᠭᠤᠯᠵᠣ ᠦᠢᠯᠡᠴᠢᠯᠡᠬᠦᠯᠵᠣ ᠪᠠᠶᠢᠭ᠎ᠠ ᠨᠢ ᠡᠨᠡ ᠶᠤᠮ ᠪᠠᠶᠢᠨ᠎ᠠ᠃                                                         (ᠵᠣᠬᠢᠶᠠᠭᠴᠢ᠄ ᠨᠠᠷᠠᠨ᠎ᠠ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号