ᠱᠢ ᠯᠢ ᠯᠢ᠄ ᠤᠷᠠᠯᠢᠭ ᠪᠤᠯᠤᠨ ᠬᠦᠰᠡᠯ ᠮᠦᠷᠦᠬᠡᠳᠦᠯ ᠢᠶᠠᠨ ᠡᠪᠤᠷᠯᠠᠨ ᠨᠤᠳᠤᠭ ᠲᠠᠭᠠᠨ ᠬᠠᠷᠢᠯ᠎ᠠ
ᠨᠡᠶᠢᠲᠡᠯᠡᠭᠰᠡᠨ ᠴᠠᠭ᠄
2018/5/24
           ᠪᠠᠶᠠᠨᠬᠤᠳᠠ ᠶᠢᠨ ᠱᠢ ᠵᠢᠢ ᠶᠠᠩ ᠭᠤᠸᠠᠩ ᠴᠸᠡᠭ ᠬᠤᠷᠢᠶᠠᠯᠠᠯ ᠤᠨ ᠡᠰᠡᠷᠬᠦ ᠲᠠᠯ᠎ᠠ ᠳᠠᠬᠢ ᠨᠢᠬᠡ ᠪᠠᠶᠢᠰᠢᠩ ᠢ ᠬᠠᠷᠠᠬᠤ ᠳᠤ ᠬᠡᠳᠦ᠋ᠢᠪᠡᠷ ᠠᠨᠠᠶᠢᠬᠠᠨ ᠪᠤᠯᠪᠠᠴᠦ ᠤᠷᠤᠵᠦ ᠤᠴᠢᠪᠠᠯ ᠬᠦᠮᠦᠰ ᠲᠤ ᠥᠭᠡᠷ᠎ᠠ ᠨᠢᠬᠡ ᠵᠦᠢᠯ ᠤᠨ ᠤᠨᠴᠠᠭᠠᠢ ᠲᠠᠭᠠᠯᠠᠮᠵᠢᠳᠡᠢ ᠲᠦᠷᠦᠭᠳᠡᠯ ᠤᠯᠭᠤᠳᠠᠭ᠃ ᠬᠡᠷᠡᠭ ᠠᠴᠠ ᠦᠡᠭᠬᠡᠷᠡᠭᠰᠡᠨ ᠲᠡᠷᠬᠡᠨ ᠤ ᠪᠤᠯᠤ ᠶᠢ ᠡᠪᠳᠡᠶᠢᠬᠡᠨ ᠠᠰᠢᠭᠯᠠᠵᠦ᠂ ᠦᠪᠡᠷ ᠢᠶᠠᠨ ᠰᠢᠷᠳᠡᠵᠦ ᠵᠢᠷᠤᠭᠰᠠᠨ ᠬᠡᠷᠡᠮ ᠬᠠᠨ᠎ᠠ᠂ ᠤᠷᠠᠯᠠᠵᠦ ᠪᠦᠲᠦᠬᠡᠭᠰᠡᠨ ᠱᠠᠭᠠᠵᠠᠩ ᠤᠨ ᠵᠦᠢᠯ ᠠᠴᠠ ᠲᠤᠰ ᠡᠷᠦᠬᠡ ᠶᠢᠨ ᠡᠵᠡᠨ ᠤᠷᠠᠯᠢᠭ ᠲᠤ ᠠᠪᠢᠶᠡᠰ ᠲᠠᠢ ᠬᠡᠳᠡᠭ ᠨᠢ ᠮᠡᠳᠡᠭᠳᠡᠨ᠎ᠠ᠃ ᠡᠨᠡ ᠡᠷᠦᠬᠡ ᠶᠢᠨ ᠡᠵᠡᠨ ᠢ ᠱᠢ ᠯᠢ ᠯᠢ ᠬᠡᠳᠡᠭ᠃                  ᠱᠢ ᠯᠢ ᠯᠢ 2015 ᠤᠨ ᠳᠤ ᠱᠠᠨ ᠰᠢ ᠶᠡᠭᠡ ᠰᠤᠷᠭᠠᠭᠤᠯᠢ ᠶᠢᠨ ᠰᠤᠳᠤᠯᠬᠤ ᠰᠤᠷᠤᠭᠴᠢ ᠪᠠᠷ ᠲᠡᠬᠦᠰᠴᠠᠢ᠃ ᠤᠷᠠᠯᠢᠭ ᠤᠨ ᠮᠡᠷᠬᠡᠵᠢᠯ ᠰᠤᠷᠤᠭᠰᠠᠨ ᠲᠡᠷᠡ ᠨᠢᠬᠡ ᠤᠳᠠᠭ᠎ᠠ ᠱᠠᠭᠠᠵᠠᠩ ᠤᠷᠠᠯᠢᠭ ᠤᠨ ᠭᠠᠵᠡᠷ ᠲᠤ ᠬᠦᠯᠦᠰᠦᠨ ᠠᠵᠢᠯ ᠬᠢᠵᠦ ᠪᠠᠶᠢᠬᠤ ᠳᠠᠭᠠᠨ᠂ ︽ᠦᠪᠡᠷ ᠤᠨ ᠰᠤᠷᠤᠭᠰᠠᠨ ᠮᠡᠷᠬᠡᠵᠢᠯ ᠢᠶᠠᠨ ᠠᠰᠢᠭᠯᠠᠵᠦ᠂ ᠨᠤᠳᠤᠭ ᠲᠠᠭᠠᠨ ᠱᠠᠭᠠᠵᠠᠩ ᠤᠷᠠᠯᠢᠭ ᠪᠤᠯᠤᠨ ᠬᠡᠤᠬᠡᠳ ᠤᠨ ᠰᠤᠷᠭᠠᠨ ᠬᠦᠮᠦᠵᠢᠯ ᠢ ᠬᠦᠭᠵᠢᠬᠦᠯᠪᠠᠯ ᠶᠠᠮᠡᠷ ᠪᠤᠯ︾ ᠬᠡᠵᠦ ᠪᠤᠳᠤᠭᠠᠳ ᠬᠠᠷᠢᠵᠦ ᠢᠷᠡᠬᠡᠳ ᠦᠢᠯᠡᠰ ᠪᠤᠰᠬᠠᠭᠰᠠᠨ ᠨᠢ ᠡᠨᠡ ᠪᠠᠶᠢᠵᠠᠢ᠃ ᠲᠡᠷᠡ ᠡᠬᠢᠯᠡᠩᠬᠦᠳᠠ ᠵᠦᠪᠬᠡᠨ ᠱᠠᠭᠠᠵᠠᠩ ᠤᠷᠠᠯᠢᠭ ᠤᠨ ᠦᠢᠯᠡᠰ ᠡᠷᠬᠢᠯᠡᠵᠦ ᠪᠠᠶᠢᠭᠰᠠᠨ ᠪᠤᠯ ᠰᠡᠬᠦᠯᠳᠡᠵᠦ ᠢᠷᠡᠬᠡᠳ ᠬᠡᠤᠬᠡᠳ ᠪᠠᠭᠠᠴᠤᠳ ᠤᠨ ᠤᠷᠠᠨ ᠵᠢᠷᠤᠭ᠂ ᠭᠠᠷ ᠤᠷᠠᠯᠠᠯ᠂ ᠲᠤᠰᠤᠨ ᠵᠢᠷᠤᠭ ᠵᠡᠷᠬᠡ ᠰᠤᠷᠭᠠᠨ ᠬᠦᠮᠦᠵᠢᠯ ᠤᠨ ᠠᠭᠤᠯᠭ᠎ᠠ ᠶᠢ ᠤᠷᠤᠭᠤᠯᠵᠦ᠂ ᠵᠤᠷᠢᠠᠠᠳᠡᠢ ᠰᠦᠪᠡᠭᠴᠢᠯᠠᠯᠳᠠ ᠬᠢᠬᠦ ᠪᠠᠷ ᠲᠠᠮᠵᠢᠨ ᠤᠳᠤ ᠨᠢᠬᠡᠨᠳᠠ ᠭᠠᠷᠰᠢᠵᠦ ᠡᠬᠢᠯᠡᠭᠰᠡᠨ ᠪᠠᠶᠢᠨ᠎ᠠ᠃ ᠲᠡᠷᠡ ᠬᠡᠯᠡᠬᠦ ᠳᠡᠭᠡᠨ᠂ ᠤᠳᠤ ᠶᠢᠨ ᠬᠡᠤᠬᠡᠳ ᠪᠠᠭᠠᠴᠤᠳ ᠤᠨ ᠪᠤᠳᠤᠯ ᠰᠡᠳᠬᠢᠬᠦᠢ ᠨᠢ ᠰᠢᠨ᠎ᠠ ᠰᠡᠪᠡᠬᠦᠨ ᠮᠦᠷᠳᠡᠬᠡᠨ ᠰᠢᠨ᠎ᠠ ᠰᠤᠷᠭᠤᠭ ᠵᠦᠢᠯ ᠳᠤ ᠤᠨᠴᠠ ᠰᠤᠨᠢᠷᠬᠠᠯ ᠲᠠᠢ᠂ ᠬᠡᠤᠬᠡᠳ ᠢ ᠬᠦᠮᠦᠵᠢᠬᠦᠯᠬᠦ ᠳᠡᠭᠡᠨ ᠬᠡᠳᠦᠷᠬᠡᠢ ᠲᠡᠩ ᠴᠤᠯᠭᠤᠢ ᠪᠠᠶᠢᠵᠦ ᠪᠤᠯᠬᠤ ᠦᠬᠡᠢ᠂ ᠡᠷᠬᠡᠪᠰᠢ ᠬᠡᠤᠬᠡᠳ ᠤᠨ ᠰᠠᠨᠠᠯ ᠪᠤᠳᠤᠯ ᠢ ᠨᠢ ᠤᠢᠢᠯᠠᠭᠠᠭᠰᠠᠨ ᠰᠠᠭᠤᠷᠢᠨ ᠲᠡᠬᠡᠷ᠎ᠠ ᠪᠤᠯᠪᠠᠰᠤᠷᠠᠯ ᠬᠦᠷᠳᠡᠬᠡᠵᠦ ᠬᠦᠮᠦᠵᠢᠬᠦᠯᠪᠠᠯ ᠲᠡᠳᠡᠨᠡᠷ ᠤᠨ ᠰᠡᠳᠬᠢᠬᠦᠢ ᠶᠢ ᠪᠠᠶᠠᠯᠢᠠᠠᠵᠢᠭᠤᠯᠵᠦ ᠴᠢᠳᠠᠨ᠎ᠠ ᠬᠡᠵᠦ ᠪᠠᠶᠢᠯ᠎ᠠ᠃           ᠦᠨᠡᠬᠡᠷ ᠳ᠋ᠠ᠂ ᠱᠢ ᠯᠢ ᠯᠢ ᠬᠡᠤᠬᠡᠳ ᠪᠠᠭᠠᠴᠤᠳ ᠲᠤ ᠤᠷᠠᠯᠢᠭ ᠤᠨ ᠲᠠᠯ᠎ᠠ ᠶᠢᠨ ᠪᠤᠯᠪᠠᠰᠤᠷᠠᠯ ᠬᠦᠷᠳᠡᠬᠡᠬᠦ ᠳᠡᠭᠡᠨ ᠰᠤᠷᠤᠭᠴᠢᠳ ᠤᠨ ᠪᠤᠳᠤᠯ ᠰᠡᠳᠬᠢᠬᠦᠢ ᠶᠢ ᠤᠨᠴᠠ ᠴᠢᠬᠤᠯᠠᠴᠢᠯᠠᠳᠠᠭ ᠠᠵᠢ᠃ ᠵᠢᠱᠢᠶᠠᠯᠠᠪᠠᠯ᠂ ᠰᠤᠷᠤᠭᠴᠢᠳ ᠲᠤ ᠨᠢᠬᠡ ᠵᠦᠢᠯ ᠤᠨ ᠪᠤᠳᠡᠰ ᠢ ᠦᠵᠡᠬᠦᠯᠦᠭᠰᠡᠨ ᠢᠶᠠᠨ᠂ ︽ᠲᠡᠨᠡᠷ ᠰᠢᠷᠡᠬᠡᠨ ᠲᠡᠬᠡᠷᠡᠬᠢ ᠬᠡᠷᠡᠭᠰᠡᠯ ᠢᠶᠠᠨ ᠠᠰᠢᠭᠯᠠᠨ ᠡᠨᠡᠬᠦ ᠪᠤᠳᠡᠰ ᠢ ᠦᠪᠡᠷ ᠤᠨ ᠰᠠᠨᠠᠭ᠎ᠠ ᠪᠠᠷ ᠪᠦᠲᠦᠬᠡ᠂ ᠲᠡᠬᠡᠴᠢᠬᠡᠬᠡᠳ ᠪᠦᠲᠦᠬᠡᠭᠰᠡᠨ ᠦᠯᠢᠬᠡᠷ ᠦᠢᠯᠠ ᠶᠠᠪᠤᠳᠠᠯ ᠢᠶᠠᠨ ᠶᠡᠷᠢᠬᠤ ᠬᠡᠷᠡᠭᠳᠡᠢ︾ ᠬᠡᠳᠡᠭ᠃ ᠢᠡᠭᠬᠢᠪᠠᠯ ᠰᠤᠷᠤᠭᠴᠢᠳ ᠴᠦᠮ ᠦᠪᠡᠷ ᠤᠨ ᠪᠤᠳᠤᠯ ᠰᠡᠳᠬᠢᠬᠦᠢ ᠪᠠᠷ ᠢᠶᠠᠨ ᠤᠷᠠᠯᠠᠨ ᠪᠦᠲᠦᠬᠡᠵᠦ᠂ ᠪᠦᠲᠦᠬᠡᠯ ᠪᠦᠷᠢ ᠨᠢ ᠰᠤᠷᠤᠭᠴᠢᠳ ᠲᠤ ᠤᠨᠴᠠ ᠶᠢᠨ ᠲᠦᠷᠦᠭᠳᠡᠯ ᠲᠠᠢ ᠪᠤᠯᠵᠦ᠂ ᠪᠦᠲᠦᠬᠡᠯ ᠪᠦᠷᠢ ᠨᠢ ᠰᠤᠷᠤᠭᠴᠢᠳ ᠤᠨ ᠪᠤᠳᠤᠯ ᠰᠡᠳᠬᠢᠯ ᠤᠨ ᠢᠯᠡᠷᠡᠯ ᠪᠤᠯᠳᠠᠭ ᠪᠢᠯᠠ᠃ ᠲᠡᠷᠡ ᠬᠡᠯᠡᠬᠦ ᠳᠡᠭᠡᠨ᠂ ᠬᠡᠤᠬᠡᠳ ᠪᠠᠭᠠᠴᠤᠳ ᠲᠤ ᠤᠷᠠᠯᠢᠭ ᠤᠨ ᠲᠠᠯ᠎ᠠ ᠶᠢᠨ ᠰᠤᠷᠭᠠᠨ ᠬᠦᠮᠦᠵᠢᠯ ᠬᠢᠬᠦ ᠳᠡᠭᠡᠨ ᠡᠷᠬᠡᠪᠰᠢ ᠪᠦᠷᠢᠮᠦᠰᠦᠨ ᠲᠡᠳᠡᠨᠡᠷ ᠤᠨ ᠶᠢᠷᠳᠢᠨᠴᠦ ᠳᠤ ᠠᠭᠤᠰᠬᠤ ᠬᠡᠷᠡᠭᠳᠡᠢ ᠮᠦᠷᠳᠡᠬᠡᠨ ᠬᠡᠤᠬᠡᠳ ᠪᠠᠭᠠᠴᠤᠳ ᠲᠠᠢ ᠢᠯᠡᠬᠦᠬᠡᠨ ᠪᠤᠳᠤᠯ ᠰᠠᠨᠠᠯ ᠢᠶᠠᠨ ᠰᠤᠯᠢᠯᠴᠠᠵᠦ᠂ ᠲᠡᠳᠡᠨᠡᠷ ᠤᠨ ᠰᠤᠷᠬᠤ ᠤᠷᠮ᠎ᠠ ᠶᠢ ᠲᠠᠶᠢᠴᠢᠯᠠᠨ᠂ ᠪᠤᠳᠤᠯ ᠰᠡᠳᠬᠢᠬᠦᠢ ᠶᠢ ᠨᠢ ᠪᠠᠶᠠᠯᠢᠭ ᠪᠤᠯᠭᠠᠵᠦ ᠴᠢᠳᠠᠳᠠᠭ ᠬᠡᠵᠦ ᠪᠠᠶᠢᠯ᠎ᠠ᠃                ᠱᠢ ᠯᠢ ᠯᠢ ᠬᠡᠤᠬᠡᠳ ᠪᠠᠭᠠᠴᠤᠳ ᠲᠤ ᠡᠶᠢᠨᠬᠦ ᠨᠠᠷᠢᠯᠢᠭ ᠬᠠᠨᠳᠤᠵᠦ᠂ ᠪᠤᠳᠤᠯ ᠰᠡᠳᠬᠢᠬᠦᠢ ᠶᠢᠨ ᠲᠠᠯ᠎ᠠ ᠠᠴᠠ ᠬᠦᠮᠦᠵᠢᠬᠦᠯᠳᠡᠭ ᠰᠠᠶᠢᠨ ᠠᠷᠭ᠎ᠠ ᠠᠪᠴᠠᠯ ᠨᠢ ᠤᠳᠠᠯ ᠦᠬᠡᠢ ᠨᠠᠶᠢᠬᠡᠮ ᠨᠠᠶᠢᠳᠠ ᠳᠤ ᠮᠡᠳᠡᠭᠳᠡᠵᠦ᠂ ᠨᠡᠩ ᠠᠷᠪᠢᠨ ᠬᠡᠷ ᠤᠨ ᠠᠬᠠᠮᠠᠳ ᠬᠡᠤᠬᠡᠳ ᠢᠶᠠᠨ ᠲᠡᠬᠦᠨ ᠤ ᠲᠡᠷᠬᠡᠳᠠ ᠬᠦᠷᠬᠡᠵᠦ ᠢᠷᠡᠭᠰᠡᠨ ᠪᠠᠶᠢᠨ᠎ᠠ᠃ ᠲᠡᠷᠡ ᠬᠡᠯᠡᠬᠦ ᠳᠡᠭᠡᠨ᠂ ᠶᠡᠮᠡᠷ ᠨᠢᠬᠡᠨ ᠠᠵᠢᠯ ᠦᠢᠯᠡᠰ ᠢ ᠦᠷᠨᠢᠬᠦᠯᠬᠦ ᠳᠡᠭᠡᠨ ᠡᠷᠬᠡᠪᠰᠢ ᠦᠪᠡᠷ ᠤᠨ ᠰᠡᠳᠬᠢᠯ ᠤᠨ ᠬᠦᠨ ᠠᠴᠠ ᠪᠠᠨ ᠠᠵᠢᠯ ᠦᠢᠯᠡᠰ ᠢᠶᠠᠨ ᠬᠠᠶᠢᠷᠠᠯᠠᠵᠦ᠂ ᠴᠢᠷᠮᠠᠶᠢᠨ ᠲᠡᠮᠡᠴᠡᠬᠦ ᠬᠡᠷᠡᠭᠳᠡᠢ᠂ ᠤᠳᠤᠬᠠᠨ ᠬᠡᠳᠦ᠋ᠢᠪᠡᠷ ᠬᠦᠷᠢᠶ᠎ᠠ ᠬᠡᠪᠴᠢᠶ᠎ᠠ ᠲᠤᠮᠤ ᠪᠢᠰᠢ ᠪᠤᠯᠪᠠᠴᠦ ᠴᠢᠷᠮᠠᠶᠢᠵᠦ ᠯᠠ ᠪᠠᠶᠢᠭᠰᠠᠨ ᠴᠠᠭ ᠲᠤ ᠬᠦᠷᠢᠶ᠎ᠠ ᠬᠡᠪᠴᠢᠶ᠎ᠠ ᠦᠷᠬᠡᠨ ᠪᠤᠯᠵᠦ᠂ ᠨᠡᠩ ᠠᠷᠪᠢᠨ ᠬᠡᠤᠬᠡᠳ ᠪᠠᠭᠠᠴᠤᠳ ᠤᠨ ᠤᠷᠠᠯᠢᠭ ᠤᠨ ᠠᠪᠢᠶᠡᠰ ᠢ ᠪᠠᠳᠠᠷᠠᠭᠤᠯᠵᠦ ᠴᠢᠳᠠᠬᠤ ᠪᠤᠯᠤᠨ᠎ᠠ ᠬᠡᠮᠡᠨ ᠢᠳᠡᠬᠡᠯ ᠲᠦᠬᠦᠷᠡᠩ ᠶᠡᠷᠢᠵᠦ ᠪᠠᠶᠢᠯ᠎ᠠ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ ᠤ ᠮᠣᠩᠭᠤᠯ ᠬᠡᠪᠯᠡᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号