ᠡᠵᠡᠨ ᠴᠢᠩᠭᠢᠰ ᠤᠨ ᠰᠢᠷ᠎ᠠ ᠬᠠᠰᠠᠭ ᠢ ᠬᠦᠯᠬᠦ ᠴᠠᠭᠠᠨ ᠲᠡᠮᠡᠭᠡᠨ ᠤ ᠲᠠᠬᠢᠯᠭ᠎ᠠ ᠮᠢᠯᠢᠶᠠᠯᠭ᠎ᠠ ᠶᠠᠪᠤᠬᠳᠠᠵᠤ ᠪᠤᠭᠤᠷᠤᠯ ᠭᠤᠪᠢ ᠶᠢᠨ ᠪᠤᠮᠠᠨ ᠰᠦᠷᠦᠭ ᠤᠨ ᠦᠨᠢᠷ ᠦᠰᠦᠯᠳᠡ ᠶᠢ ᠬᠤᠷᠦ᠋ᠢᠯᠠᠯ᠎ᠠ
ᠨᠡᠶᠢᠲᠡᠯᠡᠭᠰᠡᠨ ᠴᠠᠭ᠄
2018/12/28
                ᠴᠠᠭᠠᠨ ᠲᠡᠮᠡᠭᠡ ᠶᠢᠨ ᠲᠠᠬᠢᠯᠭ᠎ᠠ ᠮᠢᠯᠢᠶᠠᠯᠭ᠎ᠠ ᠶᠢᠨ ᠶᠤᠰᠤᠯᠠᠯ ᠳᠤ ᠤᠷᠤᠯᠴᠠᠨ᠎ᠠ              12 ᠰᠠᠷ᠎ᠠ ᠶᠢᠨ 27 ᠤ ᠡᠳᠦᠷ ᠡᠬᠢᠯᠡᠭᠰᠡᠨ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠤᠶᠠᠳᠤᠭᠠᠷ ᠬᠤᠭᠤᠴᠠᠭᠠᠨ ᠤ ᠲᠡᠮᠡᠭᠡᠨ ᠰᠤᠶᠤᠯ ᠤᠨ ᠨᠠᠭᠠᠳᠤᠮ ᠵᠢᠴᠢ ᠠᠯᠠᠱᠠ ᠶᠢᠨ ᠪᠠᠭᠠᠲᠤᠷᠴᠤᠳ ᠤᠨ ᠴᠤᠭᠯᠠᠭᠠᠨ ᠤ ᠲᠡᠮᠡᠭᠡᠨ ᠰᠣᠶᠣᠯ ᠤᠨ ᠵᠢᠭᠤᠯᠴᠢᠯᠠᠯ ᠤᠨ ᠨᠠᠶᠢᠷ ᠤᠨ ᠡᠬᠢᠯᠡᠯᠲᠡ ᠶᠢᠨ ᠶᠣᠰᠣᠯᠠᠯ ᠳᠤ ᠡᠵᠡᠨ ᠴᠢᠩᠭᠢᠰ ᠤᠨ ᠰᠢᠷ᠎ᠠ ᠬᠠᠰᠠᠭ ᠤᠨ ᠬᠥᠯᠭᠡ ᠶᠢᠨ ᠴᠠᠭᠠᠨ ᠲᠡᠮᠡᠭᠡ ᠶᠢ ᠮᠢᠯᠢᠶᠠᠵᠤ ᠲᠠᠬᠢᠬᠤ ᠠᠵᠢᠯᠯᠠᠭ᠎ᠠ ᠶᠠᠪᠤᠬᠳᠠᠵᠤ᠂ ᠦᠩ ᠦᠷᠭᠡᠨ ᠠᠯᠠᠱᠠ ᠶᠢᠨ ᠦᠨᠳᠦᠷ ᠰᠦᠷᠯᠢᠭ ᠲᠡᠮᠡᠭᠡᠳ ᠨᠢ ᠲᠦᠮᠡ ᠲᠦᠮᠡ ᠪᠠᠷ ᠰᠦᠷᠦᠭᠵᠢᠨ ᠦᠰᠬᠦ ᠶᠢ ᠬᠤᠷᠦ᠋ᠢᠯᠠᠵᠤ᠂ ᠲᠤᠰ ᠤᠳᠠᠭᠠᠨ ᠤ ᠲᠡᠮᠡᠭᠡᠨ ᠰᠤᠶᠤᠯ ᠤᠨ ᠨᠠᠭᠠᠳᠤᠮ ᠤᠨ ᠰᠤᠨᠢᠷᠬᠠᠯ ᠲᠠᠳᠠᠬᠤ ᠭᠤᠤᠯ ᠠᠭᠤᠯᠭ᠎ᠠ ᠶᠢᠨ ᠨᠢᠭᠡ ᠪᠤᠯᠤᠬᠰᠠᠨ ᠪᠠᠶᠢᠨ᠎ᠠ᠃            ᠨᠢᠳᠤᠨᠤᠨ ᠵᠢᠯ ᠤᠨ 11 ᠰᠠᠷ᠎ᠠ ᠳᠤ ᠶᠠᠪᠤᠬᠳᠠᠬᠰᠠᠨ ᠠᠯᠠᠱᠠ ᠶᠢᠨ ᠲᠡᠮᠡᠭᠡᠨ ᠰᠣᠶᠣᠯ ᠤᠨ ᠨᠠᠭᠠᠳᠤᠮ ᠢᠶᠠᠷ ᠠᠯᠠᠱᠠ ᠵᠡᠭᠦᠨ ᠬᠤᠰᠢᠭᠤᠨ ᠤ ᠵᠠᠰᠠᠭ ᠤᠨ ᠣᠷᠳᠣᠨ ᠪᠣᠯᠤᠨ ᠣᠷᠳᠣᠰ ᠬᠤᠲᠠ ᠶᠢᠨ ᠴᠢᠩᠭᠢᠰ ᠤᠨ ᠣᠩᠭᠤᠨ ᠤ ᠵᠢᠭᠤᠯᠴᠢᠯᠠᠯ ᠤᠨ ᠣᠷᠣᠨ ᠤ ᠬᠠᠮᠢᠶᠠᠷᠤᠯᠲᠠ ᠶᠢᠨ ᠵᠥᠪᠯᠡᠯ ᠠᠴᠠ ᠬᠠᠮᠲᠤᠷᠠᠨ ︽ᠡᠵᠡᠨ ᠪᠣᠭᠳᠠ ᠴᠢᠩᠭᠢᠰ ᠬᠠᠭᠠᠨ ᠤ ᠣᠩᠭᠤᠨ ᠲᠡᠮᠡᠭᠡᠳ ᠤᠨ ᠰᠣᠶᠣᠯ ᠤᠨ ᠰᠠᠭᠤᠷᠢᠨ ᠭᠠᠵᠠᠷ︾ ᠢ ᠠᠯᠠᠱᠠ ᠵᠡᠭᠦᠨ ᠬᠤᠰᠢᠭᠤᠨ ᠳᠤ ᠪᠠᠶᠢᠭᠤᠯᠵᠤ᠂ ᠴᠢᠩᠭᠢᠰ ᠤᠨ ᠰᠢᠷ᠎ᠠ ᠬᠠᠰᠠᠭ ᠤᠨ ᠬᠦᠯᠭᠡ ᠶᠢᠨ 99 ᠴᠠᠭᠠᠨ ᠲᠡᠮᠡᠭᠡᠨ ᠰᠦᠷᠦᠭ ᠢ ᠠᠩᠬ᠎ᠠ ᠤᠳᠠᠭ᠎ᠠ ᠪᠦᠷᠢᠯᠳᠦᠭᠦᠯᠵᠦ᠂ ᠦᠯᠵᠡᠢ ᠰᠤᠮᠤᠨ ᠤ ᠱᠢᠷᠵᠠ ᠭᠠᠴᠠᠭᠠᠨ ᠤ ᠬᠠᠰᠢᠷ ᠲᠡᠮᠡᠭᠡᠴᠢᠨ ᠪᠢᠯᠢᠭᠳᠡᠯᠠᠢ᠂ ᠪᠠᠶᠠᠨᠬᠤᠳᠠ ᠪᠠᠯᠭᠠᠰᠤᠨ ᠤ ᠰᠦᠮᠡᠳᠦ ᠭᠠᠴᠠᠭᠠᠨ ᠤ ᠮᠦᠩᠭᠦᠨᠳᠠᠯᠠᠢ ᠵᠡᠷᠭᠡ 4 ᠲᠡᠮᠡᠭᠡᠴᠢᠨ ᠠᠶᠢᠯ ᠢ ᠰᠤᠩᠭᠤᠵᠤ᠂ ᠴᠠᠭᠠᠨ ᠲᠡᠮᠡᠭᠡ ᠶᠢ ᠠᠷᠠᠴᠢᠯᠠᠵᠤ ᠮᠠᠯᠵᠢᠬᠤ ᠡᠭᠦᠷᠭᠡ ᠶᠢ ᠲᠠᠭᠠᠭᠠᠯᠭᠠᠵᠤ᠂ ᠲᠡᠮᠡᠭᠡᠳᠦ ᠨᠤᠳᠤᠭ ᠠᠯᠠᠱᠠ ᠳᠤ ᠪᠡᠯᠴᠢᠭᠡᠷᠯᠡᠭᠦᠯᠦᠨ ᠨᠤᠳᠤᠬᠰᠢᠭᠤᠯᠤᠬᠰᠠᠨ ᠤ ᠬᠠᠮᠳᠤ ᠰᠢᠷ᠎ᠠ ᠬᠠᠰᠠᠭ ᠤᠨ ᠬᠥᠯᠭᠡ ᠶᠢᠨ ᠴᠠᠭᠠᠨ ᠲᠡᠮᠡᠭᠡᠨ ᠤ ᠠᠩᠬᠠᠳᠠᠬᠴᠢ ᠲᠠᠬᠢᠯᠭ᠎ᠠ ᠮᠢᠯᠢᠶᠠᠯᠭ᠎ᠠ ᠶᠢ ᠬᠢᠵᠡᠢ᠃ ᠡᠨᠡ ᠵᠢᠯ ᠤᠨ ᠲᠡᠮᠡᠭᠡᠨ ᠰᠤᠶᠤᠯ ᠤᠨ ᠨᠠᠭᠠᠳᠤᠮ ᠤᠨ ᠴᠠᠭᠠᠨ ᠲᠡᠮᠡᠭᠡᠨ ᠤ ᠲᠠᠬᠢᠯᠭ᠎ᠠ ᠶᠢᠨ ᠠᠵᠢᠯᠯᠠᠭ᠎ᠠ ᠳᠤ ᠤᠷᠳᠤᠰ ᠬᠤᠳᠠ ᠶᠢᠨ ᠴᠢᠩᠭᠢᠰ ᠤᠨ ᠤᠩᠭᠤᠨ ᠤ ᠵᠢᠭᠤᠯᠴᠢᠯᠠᠯ ᠤᠨ ᠤᠷᠤᠨ ᠠᠴᠠ ᠠᠷᠪᠠᠭᠠᠳ ᠲᠠᠷᠬᠠᠳ ᠢᠷᠡᠵᠦ᠂ 9 ᠴᠠᠭᠠᠨ ᠪᠤᠳᠤᠭᠤ᠂ 9 ᠴᠠᠭᠠᠨ ᠢᠩᠭᠡ᠂ 9 ᠴᠠᠭᠠᠨ ᠠᠳᠠ᠂ 3 ᠴᠠᠭᠠᠨ ᠪᠤᠤᠷ᠎ᠠ ᠨᠡᠶᠢᠳᠡ  30 ᠴᠠᠭᠠᠠ ᠲᠡᠮᠡᠭᠡ ᠶᠢ ᠮᠢᠯᠢᠶᠠᠵᠤ᠂ ᠠᠷᠴᠠ ᠬᠦᠵᠢ ᠪᠠᠷ ᠰᠠᠩ ᠲᠠᠯᠪᠢᠨ᠂ ︽ᠡᠵᠡᠨ ᠰᠠᠩ︾᠂ ︽ᠰᠦᠯᠳᠡ ᠰᠠᠩ︾ ᠤᠩᠰᠢᠵᠤ᠂ ᠠᠶᠢᠷᠠᠭ ᠴᠠᠭᠠᠨ ᠢᠳᠡᠭᠡ᠂ ᠠᠷᠢᠬᠢ ᠲᠡᠭᠡᠵᠢ᠂ ᠠᠮᠤ ᠲᠠᠷᠢᠶ᠎ᠠ᠂ ᠷᠠᠰᠢᠶᠡᠨ ᠤ ᠲᠡᠭᠡᠳᠦ ᠪᠠᠷ ᠮᠢᠯᠢᠶᠠᠨ ᠲᠠᠬᠢᠵᠤ᠂ ᠠᠯᠠᠱᠠ ᠨᠤᠳᠤᠭ ᠤᠨ ᠲᠡᠮᠡᠭᠡᠨ ᠰᠦᠷᠦᠭ ᠤᠨ ᠬᠡᠰᠢᠭ ᠪᠤᠶᠠᠨ ᠢ ᠬᠤᠷᠦ᠋ᠢᠯᠠᠬᠰᠠᠨ ᠪᠠᠶᠢᠨ᠎ᠠ᠃            ᠦᠢᠯᠠᠭᠠᠬᠰᠠᠨ ᠢᠶᠠᠷ᠂ ᠡᠵᠡᠨ ᠴᠢᠩᠭᠢᠰ ᠤᠨ ᠰᠢᠷ᠎ᠠ ᠬᠠᠰᠠᠭ ᠤᠨ ᠬᠥᠯᠭᠡ ᠶᠢᠨ ᠴᠠᠭᠠᠨ ᠲᠡᠮᠡᠭᠡᠨ ᠤ ᠲᠤᠬᠠᠢ ᠲᠡᠦᠬᠡᠨ ᠳᠤ᠂ ᠴᠢᠩᠭᠢᠰ ᠬᠠᠭᠠᠨ ᠤ ᠰᠢᠲᠦᠭᠡᠨ ᠤ ᠬᠠᠭᠤᠷᠴᠠᠭ ᠢ ᠬᠤᠷ ᠰᠠᠭᠠᠳᠠᠭ ᠤᠨ ᠴᠣᠮᠴᠤᠭ ᠲᠤ ᠣᠷᠣᠭᠤᠯᠵᠤ ᠲᠠᠯᠪᠢᠨ ᠰᠢᠷ᠎ᠠ ᠬᠠᠰᠠᠭ ᠳᠡᠭᠡᠷ᠎ᠡ ᠵᠠᠯᠠᠭᠠᠳ ᠬᠤᠶᠠᠷ ᠴᠠᠭᠠᠨ ᠲᠡᠮᠡᠭᠡ ᠪᠠᠷ ᠲᠠᠲᠠᠵᠤ ᠶᠠᠪᠤᠳᠠᠭ ᠪᠠᠶᠢᠨ᠎ᠠ᠃ ᠡᠨᠡ ᠴᠠᠭᠠᠨ ᠲᠡᠮᠡᠭᠡ ᠨᠢ ᠣᠩᠭᠤᠨ ᠲᠡᠮᠡᠭᠡ ᠪᠣᠯᠵᠤ ᠵᠢᠯ ᠳᠤ ᠨᠢᠭᠡ ᠤᠳᠠᠭ᠎ᠠ ᠰᠢᠷ᠎ᠠ ᠬᠠᠰᠠᠭ ᠲᠤ ᠬᠥᠯᠬᠦ ᠠᠴᠠ ᠣᠨᠳᠣᠣ ᠶᠠᠮᠠᠷ ᠴᠤ ᠠᠯᠪᠠ ᠦᠭᠡᠢ᠂ ᠬᠡᠨ ᠬᠥᠮᠥᠨ ᠪᠠᠷᠢᠵᠤ ᠬᠠᠯᠳᠠᠵᠤ ᠪᠣᠯᠳᠠᠭ ᠦᠭᠡᠢ᠃ ᠡᠳᠡᠭᠡᠷ ᠴᠠᠭᠠᠨ ᠲᠡᠮᠡᠭᠡ ᠶᠢ ᠲᠣᠭᠲᠠᠭᠰᠠᠨ ᠵᠢᠯ ᠳᠤ ᠴᠠᠭ ᠲᠠᠭᠠᠨ ᠳ᠋ᠠ ᠶᠢᠨ ᠶᠠᠮᠤᠨ ᠠᠴᠠ ᠠᠯᠪᠠ ᠪᠠᠭᠤᠯᠭᠠᠨ ᠣᠷᠳᠣᠰ ᠳᠣᠯᠣᠭᠠᠨ ᠬᠤᠰᠢᠭᠤ᠂ ᠠᠯᠠᠱᠠ ᠥᠭᠡᠯᠡᠳ ᠠᠴᠠ ᠬᠦᠷᠭᠡᠵᠦ ᠢᠷᠡᠳᠡᠭ ᠪᠠᠶᠢᠨ᠎ᠠ᠃ ᠤᠯᠠᠮᠵᠢᠯᠠᠯ ᠶᠠᠷᠢᠶᠠᠨ ᠳᠤ ᠳᠠᠶᠢᠯᠠᠯᠭ᠎ᠠ ᠶᠢᠨ ᠴᠠᠭ ᠪᠣᠯᠬᠤ ᠳᠤ ᠬᠥᠯᠭᠡ ᠶᠢᠨ ᠴᠠᠭᠠᠨ ᠲᠡᠮᠡᠭᠡ ᠨᠢ ᠦᠪᠡᠷ ᠢᠶᠠᠨ ᠬᠦᠷᠦᠭᠡᠳ ᠢᠷᠡᠳᠡᠭ ᠭᠡᠨ᠎ᠡ᠃            ᠣᠷᠳᠣᠰ ᠬᠤᠲᠠ ᠶᠢᠨ ᠴᠢᠩᠭᠢᠰ ᠤᠨ ᠣᠩᠭᠤᠨ ᠤ ᠵᠢᠭᠤᠯᠴᠢᠯᠠᠯ ᠤᠨ ᠣᠷᠣᠨ ᠤ ᠬᠠᠮᠢᠶᠠᠷᠤᠯᠲᠠ ᠶᠢᠨ ᠵᠥᠪᠯᠡᠯ ᠤᠨ ᠬᠠᠷᠢᠭᠤᠴᠠᠯᠭᠠᠳᠠᠨ ᠤ ᠲᠠᠨᠢᠯᠴᠠᠭᠤᠯᠬᠤ ᠪᠠᠷ᠂ ᠴᠠᠭᠠᠨ ᠲᠡᠮᠡᠭᠡ ᠪᠠᠷ ᠡᠵᠡᠨ ᠴᠢᠩᠭᠢᠰ ᠤᠨ ᠴᠣᠮᠴᠤᠭ ᠣᠷᠳᠣ ᠵᠠᠯᠠᠬᠤ ᠰᠢᠷ᠎ᠠ ᠬᠠᠰᠠᠭ ᠢ ᠬᠥᠯᠵᠦ ᠪᠠᠶᠢᠭᠰᠠᠨ ᠲᠡᠦᠬᠡ 300 ᠭᠠᠷᠤᠢ ᠵᠢᠯ ᠦᠷᠭᠦᠯᠵᠢᠯᠡᠭᠡᠳ 1943 ᠣᠨ ᠪᠣᠯᠵᠤ ᠴᠠᠭᠠᠨ ᠲᠡᠮᠡᠭᠡᠨ ᠤ ᠤᠳᠤᠮ ᠲᠠᠰᠤᠷᠠᠭᠰᠠᠨ ᠠᠴᠠ ᠰᠢᠷ᠎ᠠ ᠬᠠᠰᠠᠭ ᠢ ᠬᠥᠯᠬᠦ ᠴᠠᠭᠠᠨ ᠲᠡᠮᠡᠭᠡ ᠣᠯᠳᠠᠬᠤ ᠳᠤ ᠬᠦᠴᠢᠷ ᠪᠣᠯᠵᠠᠢ᠃ ᠴᠢᠩᠭᠢᠰ ᠤᠨ ᠲᠠᠬᠢᠯᠭ᠎ᠠ ᠶᠢᠨ ᠰᠤᠳᠤᠷ ᠲᠤ ᠴᠢᠩᠭᠢᠰ ᠬᠠᠭᠠᠨ ᠤ ᠬᠠᠮᠤᠭ ᠤᠨ ᠰᠡᠭᠦᠯᠴᠢ ᠶᠢᠨ ᠠᠮᠢᠰᠬᠤᠭ᠎ᠠ ᠶᠢ ᠴᠠᠭᠠᠨ ᠲᠡᠮᠡᠭᠡᠨ ᠤ ᠥᠷᠪᠥᠭᠡᠨ ᠳᠤ ᠰᠢᠩᠭᠡᠭᠡᠵᠦ ᠠᠪᠤᠭᠰᠠᠨ ᠬᠡᠮᠡᠨ ᠲᠡᠮᠳᠡᠭᠯᠡᠵᠦ ᠪᠠᠶᠢᠳᠠᠭ ᠠᠴᠠ ᠴᠠᠭᠠᠨ ᠲᠡᠮᠡᠭᠡ ᠪᠠᠷ ᠴᠢᠩᠭᠢᠰ ᠤᠨ ᠲᠠᠬᠢᠯᠭ᠎ᠠ ᠶᠢᠨ ᠴᠣᠮᠴᠤᠭ ᠣᠷᠳᠣ ᠵᠠᠯᠠᠬᠤ ᠰᠢᠷ᠎ᠠ ᠬᠠᠰᠠᠭ ᠢ ᠬᠥᠯᠬᠦ ᠳᠤ ᠵᠢᠳᠬᠦᠭᠦᠯᠵᠦ ᠡᠵᠡᠨ ᠴᠢᠩᠭᠢᠰ ᠤᠨ ᠰᠦᠨᠡᠰᠦ ᠶᠢ ᠰᠠᠬᠢᠨ ᠠᠪᠴᠤ ᠶᠠᠪᠤᠳᠠᠭ ᠪᠠᠶᠢᠵᠠᠢ᠃ ᠰᠢᠷ᠎ᠠ ᠬᠠᠰᠠᠭ ᠲᠤ ᠬᠥᠯᠵᠦ ᠴᠢᠩᠭᠢᠰ ᠤᠨ ᠴᠣᠮᠴᠤᠭ ᠣᠷᠳᠣ ᠶᠢ ᠵᠠᠯᠠᠳᠠᠭ ᠲᠡᠮᠡᠭᠡ ᠨᠢ ᠠᠯᠢ ᠭᠠᠵᠠᠷ ᠠᠴᠠ ᠢᠷᠡᠭᠰᠡᠨ ᠴᠤ ᠵᠠᠪᠠᠯ ᠴᠠᠭᠠᠨ ᠲᠡᠮᠡᠭᠡ ᠪᠠᠶᠢᠬᠤ ᠶᠣᠰᠣᠲᠠᠢ᠃ ᠡᠨᠡ ᠨᠢ ᠪᠣᠭᠳᠠ ᠴᠢᠩᠭᠢᠰ ᠤᠨ ᠪᠤᠮᠠᠨ ᠰᠦᠷᠦᠭ ᠤᠨ ᠪᠠᠲᠤ ᠴᠠᠭᠠᠨ ᠢᠩᠭᠡ ᠠᠴᠠ ᠭᠠᠷᠤᠭᠰᠠᠨ ᠠᠷᠪᠠᠨ ᠬᠤᠶᠠᠷ ᠵᠢᠯ ᠤᠨ ᠰᠢᠨᠵᠢ ᠶᠢ ᠪᠡᠶ᠎ᠡ ᠳᠡᠭᠡᠨ ᠪᠦᠷᠢᠯᠳᠦᠭᠦᠯᠵᠦ ᠴᠢᠳᠠᠭᠰᠠᠨ ᠪᠣᠳᠢ ᠴᠠᠭᠠᠨ ᠪᠣᠲᠣᠭᠤ ᠭᠡᠰᠡᠨ ᠰᠠᠨᠠᠭ᠎ᠠ ᠲᠠᠢ᠃ ᠵᠢᠯ ᠪᠣᠯᠭᠠᠨ ᠤ ᠬᠠᠪᠤᠷ ᠤᠨ ᠡᠵᠡᠨ ᠴᠢᠩᠭᠢᠰ ᠤᠨ ᠣᠩᠭᠤᠨ ᠤ ᠰᠢᠷ᠎ᠠ ᠬᠠᠰᠠᠭ ᠤᠨ ᠲᠠᠶᠢᠯᠭ᠎ᠠ ᠪᠠ ᠠᠯᠪᠠᠨ ᠶᠣᠰᠣᠨ ᠤ ᠶᠡᠭᠡ ᠲᠠᠶᠢᠯᠭ᠎ᠠ ᠵᠢᠴᠢ ᠤᠯᠠᠮᠵᠢᠯᠠᠯᠲᠤ ᠰᠣᠶᠣᠯ ᠤᠨ ᠬᠥᠳᠡᠯᠭᠡᠭᠡᠨ ᠳᠤ ᠠᠯᠠᠱᠠ ᠳᠤ ᠨᠤᠳᠤᠬᠰᠢᠭᠤᠯᠤᠬᠰᠠᠨ ᠡᠵᠡᠨ ᠴᠢᠩᠭᠢᠰ ᠤᠨ ᠰᠢᠷ᠎ᠠ ᠬᠠᠰᠠᠭ ᠤᠨ 99 ᠴᠠᠭᠠᠨ ᠲᠡᠮᠡᠭᠡᠨ ᠤ ᠰᠦᠷᠦᠭ ᠠᠴᠠ ᠴᠠᠭᠠᠨ ᠲᠡᠮᠡᠭᠡ ᠰᠤᠩᠭᠤᠵᠤ ᠤᠷᠤᠯᠴᠠᠭᠤᠯᠳᠠᠭ ᠪᠠᠶᠢᠨ᠎ᠠ᠃                                     (ᠵᠣᠬᠢᠶᠠᠭᠴᠢ᠄ ᠪᠠᠭᠠᠨ᠎ᠠ    ᠨᠠᠷᠠᠨ᠎ᠠ    ᠰᠡᠴᠡᠨᠪᠠᠳᠤ)  
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号