2020 ᠤᠨ᠂ ᠲᠡᠯᠡᠬᠡᠢ ᠨᠡᠶᠢᠳᠡ ᠶᠢᠨ ᠬᠠᠷᠠᠭᠠᠨ ᠳᠤ ᠪᠦᠬᠦ ᠶᠠᠭᠤᠮ᠎ᠠ ᠣᠨᠴᠣᠭᠤᠢ ᠪᠠᠶᠢᠬᠤ ᠰᠢᠬ | ᠦᠵᠡᠭᠳᠡᠨ᠎ᠡ᠃ ᠠᠷᠪᠠᠨ ᠲᠠᠪᠤᠳᠤᠭᠠᠷ ᠬᠤᠭᠤᠴᠠᠭᠠᠨ ᠤ ᠠᠯᠠᠱᠠ ᠶᠢᠨ ᠪᠠᠭᠠᠳᠤᠷᠴᠤᠳ ᠤᠨ ᠴᠤᠬᠯᠠᠭᠠᠨ ᠶᠠᠭ ᠯᠠ | ᠣᠨᠴᠣᠭᠤᠢ ᠶᠤᠮᠰᠢᠬ᠂ ᠪᠠᠰᠠ ᠡᠰᠡ ᠣᠨᠴᠣᠭᠤᠶᠢᠷᠠᠭᠰᠠᠨ ᠰᠢᠬ ᠶᠠᠪᠤᠬᠳᠠᠵᠤ ᠦᠩᠭᠡᠷᠡᠯ᠎ᠡ᠃ ᠡᠨᠡ ᠴᠤᠬᠯᠠᠭᠠᠨ | 2011 ᠤᠨ ᠠᠴᠠ ᠡᠬᠢᠯᠡᠵᠤ ᠠᠯᠠᠱᠠ ᠬᠢᠭᠡᠳ ᠠᠯᠠᠱᠠ ᠶᠢᠨ ᠠᠷᠠᠳ ᠲᠦᠮᠡᠨ ᠲᠠᠢ ᠦᠨᠢᠳᠡ ᠶᠢᠨ ᠬᠤᠪᠢ | ᠪᠠᠷᠢᠯᠳᠤᠯᠭ᠎ᠠ ᠲᠠᠢ ᠪᠤᠯᠵᠤ᠂ ᠵᠢᠯ ᠠᠴᠠ ᠵᠢᠯ ᠰᠠᠶᠢᠬᠠᠨ ᠶᠠᠪᠤᠬᠳᠠᠬᠰᠠᠭᠠᠷ 2020 ᠤᠨ ᠪᠤᠯᠤᠯ᠎ᠠ᠃ ᠮᠢᠨᠤ ᠪᠡᠶ᠎ᠡ | ᠡᠨᠡ ᠴᠤᠬᠯᠠᠭᠠᠨ ᠳᠤ ᠨᠠᠢᠮᠠᠨ ᠵᠢᠯ ᠠᠵᠢᠯᠯᠠᠵᠤ ᠪᠠᠶᠢᠬᠤ ᠲᠤᠯᠠ ᠴᠤᠬᠯᠠᠭᠠᠨ ᠤ ᠬᠤᠪᠢᠷᠠᠯᠳᠠ ᠬᠦᠭᠵᠢᠯᠳᠡ᠂ ᠬᠦᠷᠢᠶ᠎ᠡ | ᠬᠡᠪᠴᠢᠶ᠎ᠡ ᠶᠢ ᠨᠢᠳᠤ ᠪᠠᠷ ᠢᠶᠠᠨ ᠦᠵᠡᠭᠰᠡᠨ ᠬᠦᠮᠦᠨ ᠤ ᠨᠢᠭᠡᠨ ᠳᠤ ᠲᠤᠭᠠᠴᠠᠬᠳᠠᠵᠤ ᠪᠤᠯᠤᠮᠠᠷ᠃ ᠡᠨᠡ ᠵᠢᠯ ᠤᠨ | ᠴᠤᠬᠯᠠᠭᠠᠨ ᠳᠤ ᠢᠷᠡᠭᠰᠡᠨ ᠵᠤᠭᠠᠴᠠᠬᠰᠠᠳ ᠴᠦᠭᠡᠨ ᠪᠤᠯᠪᠠᠴᠤ ᠤᠯᠠᠨ ᠪᠠᠭᠠᠳᠤᠷ ᠤᠳ ᠤᠨ ᠬᠠᠮᠳᠤ ᠶᠢᠨ | ᠴᠢᠷᠮᠠᠶᠢᠯᠭ᠎ᠠ ᠪᠠᠷ ᠮᠦᠨᠴᠦ ᠰᠠᠶᠢᠬᠠᠨ ᠶᠠᠪᠤᠬᠳᠠᠯ᠎ᠠ᠃ | ᠡᠨᠡ ᠵᠢᠯ ᠤᠨ ᠪᠠᠭᠠᠳᠤᠷᠴᠤᠳ ᠤᠨ ᠴᠤᠬᠯᠠᠭᠠᠨ ᠤ ᠣᠨᠴᠣᠭᠤᠢ ᠵᠦᠢᠯ ᠪᠤᠯ ᠬᠦᠮᠦᠨ ᠴᠦᠬᠡᠨ᠃ ᠡᠭᠦᠨ ᠤ | ᠰᠢᠯᠳᠠᠭᠠᠨ ᠨᠢ ᠬᠢᠵᠢᠭ ᠢ ᠰᠡᠷᠭᠡᠶᠢᠯᠡᠵᠤ ᠪᠠᠶᠢᠬᠤ ᠬᠤᠭᠤᠴᠠᠭᠠᠨ ᠳᠠᠬᠢ ᠠᠮᠤᠷ ᠲᠦᠪᠰᠢᠨ᠂ ᠠᠶᠣᠯ ᠦᠭᠡᠢ ᠪᠠᠶᠢᠳᠠᠯ᠂ | ᠡᠷᠡᠭᠦᠯ ᠮᠡᠨᠳᠦ ᠶᠢ ᠪᠠᠳᠤᠯᠠᠬᠤ ᠶᠢᠨ ᠲᠦᠯᠦᠭᠡ ᠵᠤᠬᠢᠶᠠᠨ ᠪᠠᠶᠢᠭᠤᠯᠤᠬᠴᠢ ᠶᠢᠨ ᠲᠠᠯ᠎ᠠ ᠠᠴᠠ ᠬᠦᠮᠦᠨ ᠤ ᠲᠤᠭ᠎ᠠ ᠶᠢ | ᠬᠢᠵᠠᠭᠠᠷᠯᠠᠬᠰᠠᠨ ᠳᠤ ᠪᠤᠢ᠃ ᠵᠤᠭᠠᠴᠠᠬᠰᠠᠳ ᠤᠨ ᠲᠤᠭ᠎ᠠ ᠴᠦᠬᠡᠨ ᠪᠤᠯᠪᠠᠴᠤ ᠴᠤᠬᠯᠠᠭᠠᠨ ᠤ ᠠᠭᠤᠯᠭ᠎ᠠ ᠲᠦᠷᠦᠯ ᠨᠢ | ᠦᠩᠭᠡᠷᠡᠭᠰᠡᠨ ᠵᠢᠯ ᠤᠳ ᠠᠴᠠ ᠬᠠᠰᠤᠬᠳᠠᠬᠰᠠᠨ ᠦᠭᠡᠢ᠃ ᠡᠨᠡ ᠵᠢᠯ ᠤᠨ ᠴᠤᠬᠯᠠᠭᠠᠨ ᠤ ᠪᠦᠬᠦ ᠠᠭᠤᠯᠭ᠎ᠠ ᠶᠢ | ᠭᠤᠷᠪᠠᠨ ᠲᠦᠷᠦᠯ ᠳᠤ ᠬᠤᠪᠢᠶᠠᠪᠠᠯ᠂ ᠨᠢᠭᠡᠳᠦᠭᠡᠷ ᠲᠤ ᠤᠷᠤᠯᠳᠤᠭᠠᠨ ᠤ ᠲᠦᠷᠦᠯ ᠵᠢᠭᠰᠠᠭᠠᠭᠳᠠᠬᠤ ᠶᠤᠰᠤᠳᠠᠢ᠃ | ᠤᠴᠢᠷ ᠨᠢ ᠪᠠᠭᠠᠳᠤᠷᠴᠤᠳ ᠤᠨ ᠴᠤᠬᠯᠠᠭᠠᠨ ᠢ ᠠᠩᠬ᠎ᠠ ᠡᠭᠦᠰᠭᠡᠵᠤ ᠪᠠᠶᠢᠭᠤᠯᠤᠬᠰᠠᠨ ᠠᠴᠠ ᠤᠳᠤ ᠪᠤᠯᠳᠠᠯ᠎ᠠ ᠮᠠᠰᠢᠨ | ᠲᠡᠷᠭᠡᠨ ᠤ ᠪᠠᠭ᠋ᠠᠳᠠᠳ ᠤᠨ ᠭᠤᠤᠯ ᠠᠩᠬᠠᠷᠤᠯ ᠢ ᠲᠠᠳᠠᠬᠤ ᠪᠤᠶᠤ ᠠᠮᠢᠨ ᠰᠦᠨᠡᠰᠦ ᠨᠢ T3 ᠮᠠᠰᠢᠨ ᠲᠡᠷᠭᠡᠨ ᠤ | ᠤᠷᠤᠯᠳᠤᠭᠠᠨ᠂ T3 ᠬᠦᠴᠦ ᠵᠠᠯᠭᠠᠬᠤ ᠤᠷᠤᠯᠳᠤᠭᠠᠨ᠂ ᠮᠠᠰᠢᠨ ᠲᠡᠷᠭᠡ ᠪᠠᠷ ᠬᠠᠳᠠ ᠠᠪᠠᠷᠢᠬᠤ ᠤᠷᠤᠯᠳᠤᠭᠠᠨ᠂ | ᠮᠠᠰᠢᠨ ᠲᠡᠷᠭᠡ ᠪᠠᠷ ᠪᠠᠷᠳᠠᠭ᠎ᠠ ᠲᠤᠭᠤᠯᠬᠤ ᠤᠷᠤᠯᠳᠤᠭᠠᠨ ᠪᠤᠯᠳᠠᠭ ᠠᠴᠠ ᠡᠳᠡᠭᠡᠷ ᠠᠭᠤᠯᠭ᠎ᠠ ᠶᠢ ᠬᠠᠰᠤᠭᠠᠳ | ᠬᠠᠶᠠᠴᠢᠬᠠᠪᠠᠯ ᠴᠤᠬᠯᠠᠭᠠᠨ ᠢ ᠡᠷᠬᠢᠯᠡᠭᠰᠡᠨ ᠤᠳᠬ᠎ᠠ ᠦᠢᠯᠡᠳᠦᠯ ᠢᠶᠠᠨ ᠠᠯᠳᠠᠬᠤ ᠪᠤᠯᠤᠨ᠎ᠠ᠃ ᠡᠨᠡ ᠵᠢᠯ ᠤᠨ T3 | ᠡᠯᠡᠰᠦᠨ ᠳᠤ ᠦᠷᠢᠰᠦᠯᠳᠦᠬᠦ ᠤᠷᠤᠯᠳᠤᠭᠠᠨ ᠳᠤ ᠪᠦᠬᠦ ᠤᠯᠤᠰ ᠤᠨ ᠤᠯᠠᠨ ᠮᠤᠵᠢ ᠤᠷᠤᠨ ᠠᠴᠠ ᠢᠷᠡᠭᠰᠡᠨ ᠮᠠᠰᠢᠨ | ᠲᠡᠷᠭᠡᠨ ᠤ ᠠᠩᠬᠢ ᠨᠡᠷ᠎ᠡ ᠪᠠᠨ ᠮᠡᠳᠡᠭᠦᠯᠦᠨ ᠤᠷᠤᠯᠴᠠᠵᠤ᠂ ᠠᠯᠠᠱᠠ ᠶᠢᠨ ᠮᠠᠰᠢᠨ ᠲᠡᠷᠭᠡ ᠮᠤᠲ᠋ᠤᠷ ᠲᠡᠷᠭᠡᠨ ᠤ | ᠬᠦᠳᠡᠯᠭᠡᠭᠡᠨ ᠤ ᠨᠡᠶᠢᠬᠡᠮᠯᠢᠭ ᠤᠨ ᠨᠠᠶᠠᠨᠳᠠᠢ᠂ ᠨᠠᠰᠤᠨᠵᠢᠷᠭᠠᠯ᠂ ᠵᠠᠩ ᠹᠸᠢ᠂ ᠰᠢᠩ ᠶᠦᠸᠧ ᠵᠢᠩ᠂ ᠮᠦ ᠬᠤᠩ ᠮᠢᠨ᠂ | ᠶᠠᠨ ᡁᠢ ᠯᠦᠨ ᠵᠢᠷᠭᠤᠭᠤᠯᠠ ᠬᠡᠭᠡᠷᠡᠯᠡᠨ ᠠᠶᠠᠯᠠᠬᠤ e ᠠᠩᠭᠢ ᠶᠢᠨ ᠠᠯᠠᠱᠠ ᠶᠢᠨ ᠬᠤᠪᠢᠶᠠᠷᠢ ᠠᠩᠭᠢ ᠶᠢ | ᠲᠦᠯᠦᠭᠡᠯᠡᠨ ᠤᠷᠤᠯᠳᠤᠭᠠᠨ ᠳᠤ ᠤᠷᠤᠯᠴᠠᠭᠠᠳ ᠰᠢᠯᠢᠳᠡᠭ ᠬᠢᠷᠢ ᠪᠦᠳᠦᠮᠵᠢ ᠪᠠᠷ ᠮᠠᠩᠯᠠᠢ ᠰᠢᠭᠦᠷᠦᠭᠰᠡᠨ ᠨᠢ | ᠨᠤᠳᠤᠭ ᠤᠨ ᠨᠡᠷ᠎ᠡ ᠠᠯᠳᠠᠷ ᠢ ᠡᠷᠭᠦᠭᠰᠡᠨ ᠤᠮᠤᠬᠰᠢᠯ ᠪᠤᠯᠵᠡᠢ᠃ T3 ᠶᠢᠨ ᠰᠢᠷᠢᠰ ᠤᠷᠤᠯᠳᠤᠭᠠᠨ ᠪᠤᠯ ᠦᠨᠡᠭᠡᠷ | ᠮᠠᠰᠢᠨ ᠲᠡᠷᠭᠡᠨ ᠤ ᠪᠠᠭ᠋ᠠᠳᠠᠳ ᠢ ᠡᠯᠡᠰᠦ ᠮᠠᠩᠬᠠᠨ ᠳᠤ ᠪᠠᠷᠳᠠᠭ᠎ᠠ ᠲᠤᠭᠤᠯᠬᠤ ᠰᠠᠶᠢᠨ ᠪᠠᠭᠠᠳᠤᠷ ᠪᠤᠯᠭᠠᠨ | ᠬᠦᠮᠦᠵᠢᠭᠦᠯᠵᠤ᠂ ᠡᠯ᠎ᠡ ᠭᠠᠵᠠᠷ ᠠᠴᠠ ᠢᠷᠡᠭᠰᠡᠨ ᠬᠠᠰᠢᠷ ᠮᠡᠷᠭᠡᠵᠢᠯᠳᠡᠳ ᠤᠨ ᠮᠡᠷᠭᠡᠵᠢᠯ᠂ ᠲᠤᠷᠰᠢᠯᠭ᠎ᠠ ᠪᠠᠨ | ᠦᠵᠡᠯᠴᠡᠵᠤ ᠰᠤᠯᠢᠯᠴᠠᠬᠤ ᠳᠤ ᠲᠠᠪᠴᠠᠩ ᠬᠠᠩᠭᠠᠨ ᠦᠭᠴᠦ ᠪᠠᠶᠢᠳᠠᠭ᠃ | ᠴᠤᠬᠯᠠᠭᠠᠨ ᠤ ᠬᠤᠶᠠᠳᠤᠭᠠᠷ ᠲᠤ ᠦᠵᠡᠬᠦᠯᠦᠯᠭᠡ ᠲᠤᠬᠯᠠᠯᠳᠠ ᠶᠢᠨ ᠲᠦᠷᠦᠯ ᠪᠠᠭᠳᠠᠨ᠎ᠠ᠃ ᠴᠤᠬᠯᠠᠭᠠᠨ ᠢ | ᠵᠤᠬᠢᠶᠠᠨ ᠪᠠᠶᠢᠭᠤᠯᠤᠬᠴᠢ ᠶᠢᠨ ᠬᠤᠪᠢ ᠴᠤ ᠪᠤᠯᠤᠬ᠂ ᠵᠤᠭᠠᠴᠠᠬᠴᠢ ᠴᠤ ᠪᠤᠯᠤᠬ᠂ ᠪᠠᠭᠠᠳᠤᠷᠴᠤᠳ ᠤᠨ | ᠴᠤᠬᠯᠠᠭᠠᠨ ᠳᠤ ᠤᠷᠤᠯᠳᠤᠭᠠᠨ ᠤ ᠠᠭᠤᠯᠭ᠎ᠠ ᠠᠴᠠ ᠦᠭᠡᠷ᠎ᠡ ᠶᠠᠮᠠᠷ ᠠᠭᠤᠯᠭ᠎ᠠ ᠲᠤᠬᠢᠷᠠᠭᠤᠯᠬᠤ᠂ ᠶᠠᠭᠤ ᠦᠵᠡᠬᠦ᠂ | ᠨᠠᠭᠠᠳᠤᠮ ᠲᠤᠬᠯᠠᠭᠠᠮ ᠤᠨ ᠵᠦᠢᠯ ᠶᠠᠭᠤ ᠶᠠᠭᠤ ᠪᠠᠶᠢᠬᠤ ᠨᠢ ᠶᠡᠭᠡ ᠴᠢᠬᠤᠯᠠ ᠪᠠᠶᠢᠳᠠᠭ᠃ ᠠᠯᠠᠱᠠ ᠶᠢᠨ | ᠪᠠᠭᠠᠳᠤᠷᠴᠤᠳ ᠤᠨ ᠴᠤᠬᠯᠠᠭᠠᠨ ᠤ ᠨᠡᠷ᠎ᠡ ᠨᠦᠯᠦᠭᠡ ᠦᠷᠭᠡᠳᠴᠦ᠂ ᠴᠤᠬᠯᠠᠭᠠᠨ ᠳᠤ ᠢᠷᠡᠬᠦ ᠲᠡᠷᠭᠡ ᠮᠠᠰᠢᠨ᠂ | ᠵᠤᠭᠠᠴᠠᠬᠰᠠᠳ ᠤᠨ ᠲᠤᠭ᠎ᠠ ᠤᠯᠠᠰᠢᠷᠠᠬᠤ ᠶᠢ ᠲᠠᠭᠠᠯᠳᠤᠨ ᠵᠠᠮ ᠨᠡᠪᠳᠡᠷᠡᠯᠭᠡ᠂ ᠤᠰᠤ ᠴᠠᠬᠢᠯᠭᠠᠨ᠂ ᠴᠢᠮᠡᠭᠡ | ᠬᠤᠯᠪᠤᠭ᠎ᠠ᠂ ᠲᠡᠷᠭᠡᠨ ᠵᠤᠬᠰᠤᠭᠠᠯ᠂ ᠬᠤᠨᠤᠵᠤ ᠰᠠᠭᠤᠬᠤ ᠵᠡᠷᠭᠡ ᠰᠠᠭᠤᠷᠢ ᠪᠦᠳᠦᠭᠡᠨ ᠪᠠᠶᠢᠭᠤᠯᠤᠯᠳᠠ ᠶᠢᠨ | ᠨᠦᠭᠦᠴᠡᠯ ᠨᠢ ᠵᠤᠭᠠᠴᠠᠬᠰᠠᠳ ᠲᠤ ᠪᠦᠷᠢᠨ ᠦᠢᠯᠡᠴᠢᠯᠡᠭᠡ ᠬᠠᠩᠭᠠᠵᠤ ᠴᠢᠳᠠᠬᠤ ᠦᠭᠡᠢ ᠪᠤᠯᠤᠬᠰᠠᠨ ᠢ | ᠦᠭᠡᠷᠡᠴᠢᠯᠡᠬᠦ ᠪᠠᠷ 2016 ᠤᠨ ᠳᠤ ᠤᠯᠤᠰ ᠤᠨ 5A ᠲᠡᠰ ᠤᠨ ᠵᠢᠭᠤᠯᠴᠢᠯᠠᠯ ᠤᠨ ᠤᠷᠤᠨ ᠤ ᠪᠦᠳᠦᠭᠡᠨ | ᠪᠠᠶᠢᠭᠤᠯᠤᠯᠳᠠ ᠶᠢᠨ ᠪᠠᠷᠢᠮᠵᠢᠶ᠎ᠠ ᠱᠠᠭᠠᠷᠳᠠᠯᠭ᠎ᠠ ᠪᠠᠷ 9.99 ᠬᠠᠪᠳᠠᠭᠠᠢ ᠲᠦᠷᠪᠡᠯᠵᠢᠨ ᠺᠢᠯᠣᠮᠧᠲᠷ ᠲᠠᠯᠠᠪᠠᠢ ᠲᠠᠢ | ᠠᠯᠠᠱᠠ ᠶᠢᠨ ᠪᠠᠭᠠᠳᠤᠷᠴᠤᠳ ᠤᠨ ᠴᠤᠬᠯᠠᠭᠠᠨ ᠤ ᠰᠢᠨ᠎ᠡ ᠲᠠᠯᠠᠪᠠᠢ ᠶᠢ ᠪᠠᠶᠢᠭᠤᠯᠵᠡᠢ᠃ ᠡᠶᠢᠮᠦ ᠦᠷᠭᠡᠨ | ᠪᠠᠭᠳᠠᠭᠠᠮᠵᠢ ᠲᠠᠢ ᠴᠤᠬᠯᠠᠭᠠᠨ ᠤ ᠲᠠᠯᠠᠪᠠᠢ ᠶᠢ ᠪᠦᠷᠢᠨ ᠰᠠᠶᠢᠬᠠᠨ ᠠᠰᠢᠬᠯᠠᠵᠤ ᠴᠢᠳᠠᠪᠠᠯ ᠲᠡᠭᠦᠨ ᠤ ᠦᠨ᠎ᠡ | ᠦᠷᠳᠡᠭ ᠢ ᠰᠠᠶ᠋ᠢ ᠪᠠᠳᠠᠷᠠᠭᠤᠯᠵᠤ ᠴᠢᠳᠠᠨ᠎ᠠ᠃ ᠡᠨᠡ ᠵᠢᠯ ᠤᠨ ᠴᠤᠬᠯᠠᠭᠠᠨ ᠳᠤ ᠮᠠᠰᠢᠨ ᠲᠡᠷᠭᠡ ᠮᠤᠲ᠋ᠤᠷ ᠲᠡᠷᠭᠡᠨ ᠤ | ᠮᠡᠷᠭᠡᠵᠢᠯ ᠤᠨ ᠦᠵᠡᠬᠦᠯᠦᠯᠭᠡ᠂ ᠡᠭᠴᠡ ᠨᠢᠰᠭᠡᠯ ᠳᠤ ᠰᠠᠭᠤᠵᠤ ᠪᠠᠭᠠᠳᠤᠷᠴᠤᠳ ᠤᠨ ᠴᠤᠬᠯᠠᠭᠠᠨ ᠢ | ᠤᠬᠳᠠᠷᠭᠤᠢ ᠠᠴᠠ ᠬᠠᠷᠠᠬᠤ᠂ ᠡᠯᠡᠰᠦᠨ ᠳᠤ ᠬᠦᠯ ᠪᠦᠮᠪᠦᠭᠡ ᠢᠰᠭᠦᠯᠬᠦ ᠦᠵᠡᠬᠦᠯᠦᠯᠭᠡ ᠶᠢᠨ ᠤᠷᠤᠯᠳᠤᠭᠠᠨ᠂ | ᠲᠠᠭᠤᠤ ᠬᠦᠭᠵᠢᠮ ᠤᠨ ᠴᠡᠩᠬᠡᠭᠦᠨ᠂ ᠠᠯᠠᠱᠠ ᠶᠢᠨ ᠪᠤᠳᠠᠰ ᠤᠨ ᠪᠤᠰᠤ ᠰᠤᠶᠤᠯ ᠤᠨ ᠦᠪ ᠤᠨ ᠲᠡᠯᠭᠡᠨ | ᠦᠵᠡᠬᠦᠯᠦᠯᠭᠡ᠂ ︽MMA︾ ᠲᠤᠯᠤᠯᠳᠤᠭᠠᠨ᠂ ᠬᠠᠨ ᠲᠡᠭᠷᠢ ᠠᠯᠠᠱᠠ ᠶᠢᠨ ᠰᠤᠶᠤᠯ ᠵᠢᠭᠤᠯᠴᠢᠯᠠᠯ ᠤᠨ ᠪᠠᠷᠠᠭ᠎ᠠ | ᠲᠠᠸᠠᠷ ᠤᠨ ᠲᠡᠯᠭᠡᠨ ᠪᠤᠷᠤᠯᠠᠭᠤᠯᠭ᠎ᠠ᠂ ᠭᠤᠯᠠᠰᠣᠨ ᠨᠢᠰᠬᠦ ᠦᠵᠡᠬᠦᠯᠦᠯᠭᠡ᠂ ᠮᠤᠷᠢᠨ ᠮᠡᠷᠭᠡᠵᠢᠯ ᠤᠨ ᠦᠵᠡᠬᠦᠯᠦᠯᠭᠡ᠂ | ᠬᠡᠭᠡᠷ᠎ᠠ ᠶᠢᠨ ᠠᠶᠠᠯᠠᠯ ᠤᠨ ᠬᠡᠷᠡᠭᠰᠡᠯ ᠪᠤᠳᠠᠰ ᠤᠨ ᠦᠵᠡᠬᠦᠯᠦᠯᠭᠡ ᠵᠡᠷᠭᠡ ᠦᠵᠡᠬᠦᠯᠦᠯᠭᠡ ᠨᠠᠭᠠᠳᠤᠮ ᠲᠤᠬᠯᠠᠭᠠᠮ ᠢ | ᠲᠤᠬᠢᠷᠠᠭᠤᠯᠤᠬᠰᠠᠨ ᠪᠠᠶᠢᠨ᠎ᠠ᠃ ᠡᠳᠡᠭᠡᠷ ᠠᠴᠠ ᠭᠠᠳᠠᠨ᠎ᠠ ᠲᠤᠭᠤᠷᠢᠨ ᠵᠤᠭᠠᠴᠠᠬᠴᠢ ᠶᠢᠨ ᠠᠩᠬᠠᠷᠤᠯ ᠰᠤᠨᠢᠷᠬᠠᠯ ᠢ | ᠲᠠᠳᠠᠬᠰᠠᠨ ᠨᠢ ᠬᠠᠰᠠᠷ ᠪᠦᠭᠡ ᠶᠢᠨ ᠡᠭᠦᠰᠭᠡᠨ ᠪᠠᠶᠢᠭᠤᠯᠤᠬᠴᠢ ᠪᠠᠭᠠᠨ᠎ᠠ ᠭᠤᠸᠠᠢ ᠮᠤᠩᠭᠤᠯ ᠪᠦᠬᠡ ᠶᠢᠨ ᠰᠤᠶᠤᠯ ᠢᠶᠠᠨ | ᠲᠦᠭᠡᠮᠡᠯᠵᠢᠭᠦᠯᠦᠨ ᠲᠡᠯᠭᠡᠷᠡᠭᠦᠯᠬᠦ ᠵᠤᠷᠢᠯᠭ᠎ᠠ ᠪᠠᠷ ᠮᠤᠩᠭᠤᠯ ᠪᠦᠬᠡ ᠶᠢᠨ ᠦᠵᠡᠬᠦᠯᠦᠯᠭᠡ ᠶᠢᠨ ᠤᠷᠤᠯᠳᠤᠭᠠᠨ ᠢ | ᠪᠠᠭᠠᠳᠤᠷᠴᠤᠳ ᠤᠨ ᠴᠤᠬᠯᠠᠭᠠᠨ ᠤ ᠨᠢᠭᠡᠨ ᠠᠭᠤᠯᠭ᠎ᠠ ᠪᠠᠷ ᠠᠩᠬ᠎ᠠ ᠲᠤᠬᠢᠷᠠᠭᠤᠯᠤᠬᠰᠠᠨ ᠨᠢ ᠦᠨᠡᠭᠡᠷ ᠮᠤᠩᠭᠤᠯ | ᠪᠠᠭ᠋ᠠᠷᠬᠠᠯ ᠢ ᠲᠦᠷᠦᠭᠳᠡᠭᠦᠯᠵᠤ᠂ ᠬᠤᠯᠠ ᠤᠶᠢᠷ᠎ᠠ ᠠᠴᠠ ᠬᠦᠷᠦᠯᠴᠡᠨ ᠢᠷᠡᠭᠰᠡᠨ ᠵᠤᠭᠠᠴᠠᠬᠰᠠᠳ ᠢ ᠪᠠᠶᠠᠷᠯᠠᠭᠤᠯᠵᠤ | ᠴᠢᠳᠠᠵᠡᠢ᠃ ᠡᠨᠡ ᠨᠢ ᠪᠠᠭᠠᠳᠤᠷᠴᠤᠳ ᠤᠨ ᠴᠤᠬᠯᠠᠭᠠᠨ ᠤ ᠠᠭᠤᠯᠭ᠎ᠠ ᠶᠢᠨ ᠰᠢᠨ᠎ᠡ ᠡᠭᠦᠳᠦᠯᠳᠡ᠂ ᠰᠢᠨ᠎ᠡ ᠤᠨᠴᠠᠯᠢᠭ | ᠪᠤᠯᠵᠤ᠂ ᠪᠠᠭᠠᠳᠤᠷᠴᠤᠳ ᠤᠨ ᠴᠤᠬᠯᠠᠭᠠᠨ ᠨᠢ ᠵᠦᠪᠬᠡᠨ ᠲᠡᠷᠭᠡ ᠮᠠᠰᠢᠨ᠂ ᠡᠯᠡᠰᠦ ᠮᠠᠩᠬ᠎ᠠ ᠲᠡᠳᠦᠢ ᠦᠭᠡᠢ ᠮᠤᠷᠢᠨ | ᠮᠡᠷᠭᠡᠵᠢᠯ᠂ ᠮᠤᠩᠭᠤᠯ ᠪᠦᠬᠡ᠂ ᠮᠤᠩᠭᠤᠯ ᠲᠠᠭᠤᠤ ᠤᠷᠠᠯᠢᠭ ᠢ ᠠᠭᠤᠰᠤᠯᠴᠠᠭᠤᠯᠤᠨ ᠪᠠᠭᠳᠠᠭᠠᠪᠠᠯ ᠰᠠᠶ᠋ᠢ ᠤᠯᠠᠮ | ᠤᠳᠬ᠎ᠠ ᠪᠦᠷᠢᠨ ᠪᠤᠯᠵᠤ᠂ ᠨᠡᠩ ᠠᠷᠪᠢᠨ ᠵᠤᠭᠠᠴᠠᠬᠰᠠᠳ ᠢ ᠲᠠᠳᠠᠨ ᠠᠪᠴᠢᠷᠠᠵᠤ ᠴᠢᠳᠠᠬᠤ ᠪᠤᠯᠤᠨ᠎ᠠ᠃ | ᠴᠤᠬᠯᠠᠭᠠᠨ ᠤ ᠭᠤᠷᠪᠠᠳᠤᠭᠠᠷ ᠲᠤ ᠠᠷᠠᠯᠵᠢᠶ᠎ᠠ ᠬᠤᠳᠠᠯᠳᠤᠭ᠎ᠠ ᠤᠷᠤᠨ᠎ᠠ᠃ ᠬᠦᠮᠦᠰ ᠬᠠᠮᠢᠭ᠎ᠠ ᠶᠠᠪᠤᠬᠰᠠᠨ | ᠴᠤ ᠬᠠᠮᠤᠭ ᠤᠨ ᠤᠷᠢᠳᠠᠪᠠᠷ ᠪᠤᠳᠤᠯᠬᠢᠯᠠᠳᠠᠬ ᠨᠢ ᠬᠤᠨᠤᠵᠤ ᠰᠠᠭᠤᠬᠤ ᠪᠤᠯᠤᠨ ᠢᠳᠡᠵᠤ ᠤᠤᠭᠤᠬᠤ ᠬᠤᠶᠠᠷ ᠪᠤᠯᠤᠨ᠎ᠠ᠃ | ᠴᠤᠬᠯᠠᠭᠠᠨ ᠨᠠᠶᠢᠷ ᠪᠤᠯᠬᠤᠷ ᠠᠷᠠᠯᠵᠢᠶ᠎ᠠ ᠬᠤᠳᠠᠯᠳᠤᠭ᠎ᠠ ᠪᠠᠷ ᠶᠠᠭᠠᠬᠢᠨ ᠲᠤᠳᠠᠵᠤ ᠪᠤᠯᠤᠨ᠎ᠠ᠂ ᠡᠨᠡ ᠨᠢ ᠠᠷᠠᠯᠵᠢᠶᠠᠴᠢᠨ | ᠮᠠᠶᠢᠮᠠᠶᠢᠴᠢᠨ ᠳᠤ ᠠᠰᠢᠬ ᠤᠷᠤᠯᠭ᠎ᠠ ᠤᠯᠬᠤ ᠬᠠᠮᠤᠭ ᠤᠨ ᠰᠠᠶᠢᠨ ᠵᠠᠪᠰᠢᠶᠡᠨ ᠮᠦᠨ᠃ ᠡᠨᠡ ᠵᠢᠯ ᠤᠨ | ᠴᠤᠬᠯᠠᠭᠠᠨ ᠳᠤ ᠮᠠᠰᠢ ᠤᠯᠠᠨ ᠠᠷᠠᠯᠵᠢᠶ᠎ᠠ ᠬᠤᠳᠠᠯᠳᠤᠭ᠎ᠠ ᠲᠡᠯᠭᠡᠭᠳᠡᠭᠰᠡᠨ ᠨᠢ ᠦᠩᠭᠡᠷᠡᠭᠰᠡᠨ ᠤ ᠵᠤᠷᠰᠢᠯ ᠢ | ᠦᠷᠭᠦᠯᠵᠢᠯᠡᠭᠦᠯᠦᠭᠰᠡᠨ ᠪᠠᠶᠢᠨ᠎ᠠ᠃ ᠠᠮᠳᠠᠳᠤ ᠢᠳᠡᠭᠡᠨ ᠤᠮᠳᠠᠭᠠᠨ ᠤ ᠵᠡᠭᠡᠯᠢ ᠭᠡᠵᠤ ᠬᠤᠶᠠᠷ ᠬᠡᠰᠡᠭ ᠬᠤᠪᠢᠶᠠᠨ | ᠲᠤᠬᠳᠠᠮᠠᠯ ᠴᠡᠭ ᠭᠠᠷᠭᠠᠬᠰᠠᠨ ᠠᠴᠠ ᠭᠠᠳᠠᠨ᠎ᠠ ᠶᠠᠪᠤᠭᠤᠯ ᠲᠡᠷᠭᠡ ᠪᠠᠷ᠂ ᠵᠢᠳᠭᠦᠭᠦᠷ ᠮᠠᠰᠢᠨ ᠢᠶᠠᠷ᠂ ᠵᠠᠮ ᠤᠨ | ᠬᠦᠪᠡᠭᠡᠨ ᠤ ᠵᠠᠳᠠᠭᠠᠢ ᠵᠠᠬ᠎ᠠ ᠪᠠᠷ ᠬᠤᠭᠤᠯᠠ ᠤᠮᠳᠠᠭᠠᠨ ᠤ ᠲᠦᠷᠦᠯ ᠤᠨ ᠠᠷᠠᠯᠵᠢᠶ᠎ᠠ ᠪᠠᠷᠤᠭ ᠵᠠᠢ ᠵᠠᠪᠰᠠᠷ ᠦᠭᠡᠢ | ᠲᠡᠯᠭᠡᠭᠳᠡᠭᠰᠡᠨ ᠬᠠᠷᠠᠬᠳᠠᠨ᠎ᠠ᠃ ᠭᠡᠬᠦ ᠳᠡᠭᠡᠨ ᠠᠰᠢᠬ ᠤᠯᠵᠠ ᠲᠡᠶᠢᠮᠦ ᠰᠠᠶᠢᠨ ᠪᠢᠰᠢ ᠭᠡᠵᠡᠬᠡᠵᠤ ᠪᠠᠶᠢᠯ᠎ᠠ᠃ ᠵᠠᠯᠭᠠᠭᠠᠳ | ᠬᠡᠭᠡᠷ᠎ᠠ ᠶᠢᠨ ᠠᠶᠠᠯᠠᠯ ᠤᠨ ᠬᠤᠪᠴᠠᠰᠤ᠂ ᠮᠠᠯᠠᠭᠠᠢ᠂ ᠨᠠᠷᠠᠨ ᠤ ᠭᠡᠷᠡᠯ ᠢ ᠬᠠᠯᠬᠠᠯᠠᠬᠤ ᠨᠢᠳᠤᠨ ᠰᠢᠯ᠂ ᠬᠦᠵᠦᠭᠦᠪᠴᠢ | ᠵᠡᠷᠭᠡ ᠶᠢ ᠪᠠᠭᠳᠠᠭᠠᠬᠰᠠᠨ ᠡᠳ᠋ ᠪᠤᠳᠠᠰ ᠤᠨ ᠬᠤᠳᠠᠯᠳᠤᠭ᠎ᠠ᠂ ᠮᠠᠰᠢᠨ ᠲᠡᠷᠭᠡᠨ ᠤ ᠪᠠᠭ᠋ᠠᠳᠠᠳ ᠲᠤ ᠬᠠᠨᠳᠤᠭᠤᠯᠤᠬᠰᠠᠨ | ᠮᠠᠰᠢᠨ ᠲᠡᠷᠭᠡ ᠶᠢ ᠦᠭᠡᠷᠡᠴᠢᠯᠡᠨ ᠤᠬᠰᠠᠷᠠᠬᠤ ᠮᠠᠰᠢᠨ ᠲᠤᠨᠤᠬᠯᠠᠯ ᠤᠨ ᠬᠤᠳᠠᠯᠳᠤᠭ᠎ᠠ᠂ ᠬᠡᠤᠬᠡᠳ ᠤᠨ ᠲᠤᠷ᠎ᠠ | ᠰᠤᠨᠢᠷᠬᠠᠯ ᠢ ᠲᠠᠳᠠᠬᠰᠠᠨ ᠬᠡᠶᠢᠳᠦ ᠪᠦᠮᠪᠦᠭᠡ ᠮᠡᠳᠦ ᠶᠢ ᠪᠠᠭᠳᠠᠭᠠᠬᠰᠠᠨ ᠨᠠᠭᠠᠳᠤᠮ ᠲᠤᠬᠯᠠᠭᠠᠮ ᠤᠨ ᠬᠤᠳᠠᠯᠳᠤᠭ᠎ᠠ ᠁ | ᠭᠡᠳ ᠬᠠᠶᠢᠬᠤ ᠪᠤᠶᠠᠨ ᠪᠢᠰᠢ᠂ ᠪᠠᠶᠢᠬᠤ ᠯᠠ ᠪᠤᠶᠠᠨ ᠳ᠋ᠠ᠃ ᠲᠡᠳᠡᠨᠡᠷ ᠤᠨ ᠠᠷᠠᠯᠵᠢᠶ᠎ᠠ ᠠᠰᠢᠭ ᠨᠡᠶᠢᠳᠡᠮ ᠰᠠᠶᠢᠨ | ᠪᠢᠰᠢ ᠪᠠᠶᠢᠬᠤ ᠨᠢ ᠡᠵᠡᠩᠨᠡᠭᠴᠢᠳ ᠤᠨ ᠴᠢᠷᠠᠢ ᠳᠤ ᠢᠯᠡᠷᠡᠨ᠎ᠡ᠃ ᠭᠤᠤᠯ ᠰᠢᠯᠳᠠᠭᠠᠨ ᠨᠢ ᠴᠤᠬᠯᠠᠭᠠᠨ ᠳᠤ ᠢᠷᠡᠭᠰᠡᠨ | ᠲᠤᠭᠤᠷᠢᠨ ᠵᠤᠭᠠᠴᠠᠬᠰᠠᠳ ᠴᠦᠬᠡᠨ ᠶᠤᠮ ᠴᠢᠨᠢ ᠳ᠋ᠠ᠃ ᠴᠤᠬᠯᠠᠭᠠᠨ ᠤ ᠭᠤᠤᠯ ᠲᠠᠯᠠᠪᠠᠢ ᠶᠢᠨ ᠡᠮᠦᠨ᠎ᠡ ᠬᠦᠪᠡᠭᠡ ᠪᠠᠷ | ᠮᠤᠩᠭᠤᠯ ᠭᠡᠷ᠂ ᠮᠠᠶᠢᠬᠠᠨ᠂ ᠭᠡᠷᠳᠦ ᠲᠡᠷᠭᠡ᠂ ᠰᠢᠯᠢᠨ ᠭᠡᠷ ᠤᠨ ᠬᠤᠨᠤᠭ ᠪᠠᠭᠤᠳᠠᠯ ᠵᠢᠭᠳᠡᠷᠡᠵᠤ ᠬᠠᠷᠠᠬᠳᠠᠪᠠᠴᠤ | ᠪᠤᠳᠠᠳᠠᠢ ᠵᠠᠬᠢᠶᠠᠯᠠᠭ᠎ᠠ ᠨᠢ ᠦᠩᠭᠡᠷᠡᠭᠰᠡᠨ ᠤ ᠬᠠᠭᠠᠰ ᠢ ᠴᠤ ᠬᠦᠷᠬᠦ ᠦᠭᠡᠢ ᠭᠡᠵᠤ ᠬᠠᠷᠢᠭᠤᠴᠠᠯᠭᠠᠳᠠᠨ ᠶᠠᠷᠢᠵᠤ | ᠪᠠᠶᠢᠬᠰᠠᠨ ᠶᠤᠮ᠃ ᠰᠠᠶᠢᠨ ᠮᠠᠭᠤ ᠵᠡᠷᠭᠡᠴᠡᠨ ᠤᠷᠤᠰᠢᠳᠠᠭ ᠤᠨ ᠤᠴᠢᠷ ᠴᠤ ᠪᠤᠯᠪᠠᠤ᠂ ᠡᠨᠡ ᠵᠢᠯ ᠤᠨ | ᠪᠠᠭᠠᠳᠤᠷᠴᠤᠳ ᠤᠨ ᠴᠤᠬᠯᠠᠭᠠᠨ ᠤ ᠨᠠᠭᠠᠳᠤᠮ ᠲᠤᠬᠯᠠᠭᠠᠮ ᠤᠨ ᠲᠦᠷᠦᠯ ᠤᠨ ᠠᠷᠠᠯᠵᠢᠶ᠎ᠠ ᠠᠷᠭ᠎ᠠ ᠦᠭᠡᠢ ᠰᠠᠶᠢᠬᠠᠨ | ᠪᠠᠶᠢᠯ᠎ᠠ᠃ ᠦᠩᠭᠡᠷᠡᠭᠰᠡᠨ ᠲᠠᠢ ᠬᠠᠷᠢᠴᠠᠭᠤᠯᠪᠠᠯ ᠡᠨᠡ ᠵᠢᠯ ᠤᠨ ᠨᠠᠭᠠᠳᠤᠮ ᠲᠤᠬᠯᠠᠭᠠᠮ ᠤᠨ ᠲᠦᠷᠦᠯ ᠢ ᠭᠠᠳᠠᠷ | ᠤᠷᠤᠨ ᠤ ᠨᠢᠭᠡ ᠵᠢᠭᠤᠯᠴᠢᠯᠠᠯ ᠤᠨ ᠺᠤᠮᠫᠠᠨᠢ ᠠᠴᠠ ᠲᠠᠭᠠᠭᠠᠴᠢᠯᠠᠨ ᠠᠪᠴᠤ᠂ ᠨᠢᠭᠡ ᠪᠢᠯᠧᠲ ᠨᠢ 400 | ᠲᠦᠭᠦᠷᠢᠭ ᠤᠨ ᠲᠡᠮᠡᠭᠡ ᠤᠨᠤᠬᠤ᠂ ᠨᠤᠮᠤ ᠬᠠᠷᠪᠤᠬᠤ᠂ ᠡᠯᠡᠰᠦᠨ ᠳᠤ ᠭᠤᠯᠭᠤᠬᠤ᠂ ᠵᠢᠷᠭᠤᠭᠠᠨ ᠬᠦᠷᠳᠦᠳᠦ | ᠲᠡᠷᠭᠡᠨ ᠳᠤ ᠰᠠᠭᠤᠬᠤ᠂ ᠲᠦᠷᠪᠡᠨ ᠬᠦᠷᠳᠦᠳᠦ ᠲᠡᠷᠭᠡ ᠨᠠᠭᠠᠳᠬᠤ᠂ ᠲᠦᠳᠡᠭ ᠭᠠᠯ ᠤᠨ ᠦᠳᠡᠰᠢᠯᠡᠭᠡ ᠵᠡᠷᠭᠡ | ᠠᠷᠪᠠᠨ ᠨᠢᠭᠡᠨ ᠠᠭᠤᠯᠭ᠎ᠠ ᠶᠢ ᠪᠠᠭᠳᠠᠭᠠᠬᠰᠠᠨ ᠨᠠᠭᠠᠳᠤᠮ ᠲᠤᠬᠯᠠᠭᠠᠮ ᠤᠨ ᠲᠦᠷᠦᠯ ᠨᠢ ᠵᠤᠭᠠᠴᠠᠬᠰᠠᠳ ᠤᠨ | ᠬᠦᠷᠢᠶᠡᠯᠡᠯ ᠢ ᠤᠯᠵᠤ᠂ ᠠᠰᠢᠭ ᠤᠯᠵᠠ ᠰᠠᠶᠢᠨ ᠪᠠᠶᠢᠯ᠎ᠠ᠃ ᠮᠠᠯᠴᠢᠨ ᠠᠯᠳ᠋ᠬᠠᠠᠭᠤᠯᠠ ᠶᠢᠨ ᠬᠡᠯᠡᠬᠦ ᠪᠠᠷ᠂ ᠮᠠᠯᠴᠢᠳ | ᠵᠢᠭᠤᠯᠴᠢᠯᠠᠯ ᠤᠨ ᠺᠤᠮᠫᠠᠨᠢ ᠲᠠᠢ ᠭᠡᠷ ᠡ ᠲᠤᠬᠳᠠᠬᠤ ᠪᠠᠷ ᠲᠠᠮᠵᠢᠨ ᠲᠡᠮᠡᠭᠡ ᠪᠠᠨ ᠵᠤᠭᠠᠴᠠᠬᠰᠠᠳ ᠲᠤ ᠤᠨᠤᠭᠤᠯᠬᠤ ᠳᠤ | ᠦᠢᠯᠡᠴᠢᠯᠡᠵᠤ᠂ ᠺᠤᠮᠫᠠᠨᠢ ᠠᠴᠠ ᠨᠢᠭᠡ ᠲᠡᠮᠡᠭᠡ ᠳᠤ ᠡᠳᠦᠷ ᠪᠦᠷᠢ 300 ᠲᠦᠭᠦᠷᠢᠭ ᠤᠯᠭᠤᠬᠤ ᠪᠠᠷ ᠬᠡᠯᠡᠯᠴᠡᠪᠠ᠂ | ᠪᠢ ᠡᠨᠡ ᠵᠢᠯ 11 ᠲᠡᠮᠡᠭᠡ ᠠᠪᠴᠢᠷᠠᠭᠠᠳ ᠨᠢᠭᠡ ᠲᠡᠮᠡᠭᠡ ᠡᠳᠦᠷ ᠲᠤ 300 ᠲᠦᠭᠦᠷᠢᠭ ᠢᠶᠠᠷ ᠪᠤᠳᠤᠪᠠᠯ 11 | ᠲᠡᠮᠡᠭᠡ 3300 ᠲᠦᠭᠦᠷᠢᠭ ᠤᠯᠵᠤ᠂ ᠲᠠᠪᠤᠨ ᠡᠳᠦᠷ ᠤᠨ ᠬᠤᠭᠤᠴᠠᠭᠠᠨ ᠳᠤ 16500 ᠲᠦᠭᠦᠷᠢᠭ ᠤᠨ | ᠤᠷᠤᠯᠭ᠎ᠠ ᠤᠯᠴᠢᠬᠠᠨ᠎ᠠ ᠭᠡᠵᠤ ᠪᠠᠶᠢᠪᠠ᠃ | 2012 ᠤᠨ ᠠᠴᠠ ᠡᠬᠢᠯᠡᠵᠤ ᠠᠯᠠᠱᠠ ᠶᠢᠨ ᠪᠠᠭᠠᠳᠤᠷᠴᠤᠳ ᠤᠨ ᠴᠤᠬᠯᠠᠭᠠᠨ ᠨᠢ ᠤᠷᠤᠯᠳᠤᠭᠠᠨ᠂ | ᠦᠵᠡᠬᠦᠯᠦᠯᠭᠡ᠂ ᠲᠤᠬᠯᠠᠯᠳᠠ᠂ ᠲᠠᠭᠤᠤ ᠬᠦᠭᠵᠢᠮ᠂ ᠢᠳᠡᠭᠡᠨ ᠤᠮᠳᠠᠭᠠᠨ᠂ ᠬᠤᠳᠠᠯᠳᠤᠭ᠎ᠠ ᠠᠷᠠᠯᠵᠢᠶ᠎ᠠ ᠭᠡᠳ ᠤᠯᠠᠨ | ᠠᠭᠤᠯᠭ᠎ᠠ ᠶᠢ ᠪᠠᠭᠳᠠᠭᠠᠵᠤ᠂ 9000 ᠭᠠᠷᠤᠢ ᠲᠡᠷᠭᠡ ᠮᠠᠰᠢᠨ 27000 ᠭᠠᠷᠤᠢ ᠵᠤᠭᠠᠴᠠᠬᠰᠠᠳ ᠢ ᠬᠦᠯᠢᠶᠡᠨ | ᠠᠪᠴᠤ ᠪᠠᠶᠢᠬᠰᠠᠨ ᠪᠤᠯ 2019 ᠤᠨ ᠪᠤᠯᠬᠤ ᠳᠤ 40 ᠲᠦᠮᠡᠨ ᠲᠡᠷᠭᠡ᠂ 120 ᠲᠦᠮᠡᠨ ᠵᠤᠭᠠᠴᠠᠬᠰᠠᠳ ᠢ | ᠬᠦᠯᠢᠶᠡᠨ ᠠᠪᠴᠤ᠂ ᠠᠯᠠᠱᠠ ᠶᠢᠨ ᠡᠯᠡᠰᠦ ᠮᠠᠩᠬᠠᠨ ᠳᠠᠬᠢ ᠮᠠᠰᠢᠨ ᠲᠡᠷᠭᠡᠨ ᠤ ᠰᠤᠶᠤᠯ ᠢᠶᠠᠷ ᠭᠤᠤᠯ ᠪᠤᠯᠭᠠᠬᠰᠠᠨ | ᠰᠤᠶᠤᠯ ᠵᠢᠭᠤᠯᠴᠢᠯᠠᠯ ᠤᠨ ᠦᠪᠡᠳᠡᠭᠰᠢ ᠨᠠᠶᠢᠷ ᠪᠤᠯᠤᠬᠰᠠᠨ ᠪᠠᠶᠢᠨ᠎ᠠ᠃ ᠢᠯᠠᠩᠭᠤᠶ᠎ᠠ 2018 ᠤᠨ ᠪᠤᠯᠤᠨ 2019 | ᠤᠨ ᠳᠤ ᠪᠦᠬᠦ ᠤᠯᠤᠰ ᠤᠨ ︽10 · 1︾ ᠤ ᠠᠮᠠᠷᠠᠯᠳᠠ ᠶᠢᠨ ᠬᠠᠮᠤᠭ ᠤᠨ ᠬᠦᠭᠵᠢᠶᠡᠨ ᠲᠠᠢ ᠵᠢᠭᠤᠯᠴᠢᠯᠠᠯ ᠤᠨ | ᠭᠠᠵᠠᠷ ᠤᠨ ᠡᠩᠨᠡᠭᠡᠨ ᠳᠤ ᠤᠷᠤᠵᠤ ᠪᠠᠶᠢᠬᠰᠠᠨ ᠶᠤᠮ᠃ ᠡᠨᠡ ᠵᠢᠯ ᠤᠯᠠᠨ ᠵᠦᠢᠯ ᠤᠨ ᠰᠢᠯᠳᠠᠭᠠᠨ ᠠᠴᠠ ᠪᠤᠯᠵᠤ | ᠬᠦᠷᠢᠶ᠎ᠡ ᠬᠡᠪᠴᠢᠶ᠎ᠡ ᠨᠢ ᠲᠡᠶᠢᠮᠦ ᠶᠡᠭᠡ ᠪᠢᠰᠢ ᠪᠠᠶᠢᠬᠰᠠᠨ ᠴᠤ ᠤᠯᠤᠰ ᠤᠨ ᠲᠤᠳᠤᠭᠠᠳᠤ ᠶᠢᠨ ᠡᠯ᠎ᠡ ᠭᠠᠵᠠᠷ ᠤᠨ | ᠵᠤᠭᠠᠴᠠᠬᠰᠠᠳ ᠴᠤᠬᠯᠠᠷᠠᠵᠤ᠂ ᠨᠠᠮᠤᠷ ᠤᠨ ᠦᠩᠭᠡ ᠶᠢ ᠴᠢᠮᠡᠵᠤ᠂ ᠨᠠᠭᠠᠳᠤᠮᠴᠢᠨ ᠵᠤᠭᠠᠴᠠᠬᠰᠠᠳ ᠪᠠᠶᠠᠰᠴᠤ | ᠪᠠᠶᠠᠷᠯᠠᠯᠳᠤᠬᠰᠠᠨ ᠰᠠᠶᠢᠬᠠᠨ ᠴᠤᠬᠯᠠᠭᠠᠨ ᠪᠤᠯᠤᠬᠰᠠᠨ ᠪᠠᠶᠢᠨ᠎ᠠ᠃ | | | | | | ᠨᠠᠭᠠᠳᠤᠮ ᠲᠤᠬᠯᠠᠭᠠᠮ ᠤᠨ ᠵᠠᠬ᠎ᠠ ᠲᠡᠯᠭᠡᠬᠦᠷ | | | | | | ᠵᠤᠭᠠᠴᠠᠭᠰᠠᠳ ᠲᠡᠮᠡᠭᠡ ᠤᠨᠤᠨ᠎ᠠ | | | | | | ᠮᠠᠰᠢᠨ ᠲᠡᠷᠭᠡᠨ ᠤ ᠡᠯᠡᠰᠦᠨ ᠳᠤ ᠦᠷᠢᠰᠦᠯᠳᠦᠬᠦ ᠤᠷᠤᠯᠳᠤᠭᠠᠨ | | | | | | ᠠᠷᠠᠯᠵᠢᠶ᠎ᠠ ᠬᠤᠳᠠᠯᠳᠤᠭ᠎ᠠ ᠶᠢᠨ ᠵᠠᠬ᠎ᠠ ᠲᠡᠯᠭᠡᠬᠦᠷ | | | | | ︵ᠵᠣᠬᠢᠶᠠᠭᠴᠢ᠄ ᠬᠠᠷᠠᠨᠢᠳᠤᠨ︶ | | |