ᠲᠡᠮᠡᠭᠡᠨ ᠵᠢᠩ ᠤᠨ ᠴᠤᠪᠤᠭ᠎ᠠ ᠪᠠᠷ ᠲᠤᠤᠯᠢᠰ ᠢᠶᠠᠨ ᠪᠢᠴᠢᠭᠯᠡᠭᠰᠡᠨ ᠠᠶᠠᠨ
ᠨᠡᠶᠢᠲᠡᠯᠡᠭᠰᠡᠨ ᠴᠠᠭ᠄
2018/12/28
      ︽ᠠᠶᠠᠠ ᠵᠥᠭᠡᠯᠠᠠ \ ᠠᠴᠢᠶ᠎ᠠ ᠭᠥᠠᠳᠤ \ ᠪᠥᠢᠯᠠ ᠬᠤᠭᠤᠯᠤᠯ ᠥᠭᠡᠢ \ ᠪᠤᠷᠠᠠᠳᠠᠭ ᠳᠠᠰᠤᠯᠤᠯ ᠥᠭᠡᠢ \ ᠰᠠᠭᠠᠤᠠ ᠥᠭᠡᠢ \ ᠰᠠᠶᠢᠠ ᠶᠠᠪᠤᠭᠠᠤᠠ ᠢᠷᠠᠭᠡᠷᠠᠢ︕︾ ᠭᠡᠮᠠᠠ ᠲᠡᠮᠡᠭᠡᠨ ᠠᠶᠠᠨ ᠳᠤ ᠶᠠᠪᠤᠬᠰᠠᠨ ᠠᠶᠠᠨᠴᠢᠳ ᠤᠨ ᠦᠯᠵᠡᠢ ᠭᠡᠰᠢᠭ ᠢ ᠪᠡᠯᠭᠡᠳᠡᠵᠦ᠂ ᠭᠠᠨᠵᠤᠭ᠎ᠠ ᠲᠦᠭᠦᠷᠡᠩ ᠪᠤᠴᠠᠵᠤ ᠢᠷᠡᠬᠦ ᠶᠢ ᠬᠤᠷᠦ᠋ᠢᠯᠠᠨ ᠢᠷᠦᠭᠡᠳᠡᠭ ᠶᠤᠰᠤ ᠵᠠᠩᠰᠢᠯ ᠪᠤᠯ ᠠᠯᠠᠱᠠ ᠨᠤᠳᠤᠭ᠂ ᠠᠯᠠᠱᠠᠴᠤᠳ ᠤᠨ ᠲᠤᠮᠳᠠ ᠬᠡᠳᠦᠨ ᠵᠠᠭᠤᠨ ᠵᠢᠯ ᠢᠶᠠᠷ ᠤᠯᠠᠮᠵᠢᠯᠠᠬᠳᠠᠵᠤ ᠢᠷᠡᠭᠰᠡᠨ ᠦᠪᠡᠷᠮᠢᠴᠡ ᠲᠠᠷᠬᠠᠨ ᠰᠤᠶᠤᠯ ᠪᠢᠯᠡ᠃ 12 ᠰᠠᠷ᠎ᠠ ᠶᠢᠨ 27 ᠤ ᠡᠳᠦᠷ ᠡᠬᠢᠯᠡᠭᠰᠡᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠬᠤᠶᠠᠳᠤᠭᠠᠷ ᠬᠤᠭᠤᠴᠠᠭᠠᠨ ᠤ ᠲᠡᠮᠡᠭᠡᠨ ᠰᠤᠶᠤᠯ ᠤᠨ ᠨᠠᠭᠠᠳᠤᠮ ᠵᠢᠴᠢ ᠠᠯᠠᠱᠠ ᠶᠢᠨ ᠪᠠᠭᠠᠳᠤᠷᠴᠤᠳ ᠤᠨ ᠴᠤᠬᠯᠠᠭᠠᠨ ᠤ ᠲᠡᠮᠡᠭᠡᠨ ᠰᠤᠶᠤᠯ ᠤᠨ ᠵᠢᠭᠤᠯᠴᠢᠯᠠᠯ ᠤᠨ ᠨᠠᠶᠢᠷ ᠤᠨ ᠡᠬᠢᠯᠡᠯᠳᠡ ᠶᠢᠨ ᠶᠤᠰᠤᠯᠠᠯ ᠳᠤ ᠠᠷᠪᠠᠨ ᠬᠡᠳᠦᠨ ᠠᠶᠠᠨ ᠤ ᠲᠡᠮᠡᠭᠡᠳ ᠤᠨ ᠴᠤᠪᠤᠭ᠎ᠠ ᠠᠷᠤ ᠠᠷᠤ ᠠᠴᠠ ᠴᠦᠷᠬᠡᠯᠡᠨ᠂ ᠨᠠᠭᠠᠳᠤᠮᠴᠢᠨ ᠤᠯᠠᠨ ᠦᠵᠡᠭᠴᠢ ᠲᠦᠮᠡᠨ ᠤ ᠬᠠᠷᠠᠭ᠎ᠠ ᠶᠢ ᠮᠢᠯᠢᠶᠠᠯ᠎ᠠ᠃             ᠠᠯᠠᠱᠠ ᠳᠤ ᠠᠶᠠᠠ ᠳᠠᠭᠡᠭᠡᠪᠤᠷᠢ ᠭᠢᠭᠦ ᠶᠢ ᠠᠶᠠᠠ ᠳᠤ ᠭᠠᠷᠬᠤ ᠭᠡᠳᠡᠭ᠃ ᠲᠡᠮᠡᠭᠡᠨ ᠠᠶᠠᠨ ᠵᠢᠩ ᠤᠨ ᠶᠤᠰᠤ ᠵᠠᠩᠰᠢᠯ ᠤᠨ ᠬᠤᠪᠢ ᠳᠤ ᠠᠶᠠᠨ ᠤ ᠲᠡᠮᠡᠭᠡ ᠰᠢᠯᠢᠵᠦ ᠪᠠᠷᠢᠬᠤ᠂ ᠤᠶᠠᠯᠭ᠎ᠠ ᠰᠦᠢᠯᠭ᠎ᠠ ᠶᠢ ᠲᠠᠭᠠᠷᠠᠭᠤᠯᠬᠤ᠂ ᠲᠡᠮᠡᠭᠡᠨ ᠤ ᠲᠠᠷᠭᠤ ᠬᠦᠴᠦ ᠶᠢ ᠬᠠᠳᠠᠭᠠᠯᠠᠬᠤ᠂ ᠬᠢᠮᠦᠰᠦ ᠲᠠᠪᠠᠬ ᠢ ᠪᠠᠬᠢᠵᠢᠭᠦᠯᠬᠦ᠂ ᠴᠢᠳᠠᠯ ᠴᠢᠨᠰᠠᠭ᠎ᠠ ᠶᠢ ᠰᠠᠶᠢᠵᠢᠷᠠᠭᠤᠯᠬᠤ ᠠᠴᠠ ᠠᠪᠤᠭᠠᠳ ᠪᠤᠶᠢᠯᠠ ᠪᠤᠷᠠᠨᠳᠠᠬ᠂ ᠵᠠᠭᠠᠰᠤ ᠠᠷᠭᠠᠮᠵᠢᠶ᠎ᠠ᠂ ᠰᠤᠮᠠᠯ᠂ ᠲᠤᠯᠭ᠎ᠠ᠂ ᠲᠤᠭᠤᠭ᠎ᠠ ᠰᠢᠨᠠᠭ᠎ᠠ᠂ ᠱᠠᠭᠤ᠂ ᠪᠤᠷᠪᠢ᠂ ᠬᠦᠨᠡᠰᠦ ᠬᠤᠭᠤᠯᠠ᠂ ᠬᠤᠴᠢᠯᠭ᠎ᠠ ᠲᠡᠪᠢᠰᠭᠡᠷ᠂ ᠮᠠᠶᠢᠬᠠᠨ ᠵᠡᠷᠭᠡ ᠠᠶᠠᠨ ᠤ ᠪᠡᠯᠡᠳᠭᠡᠯ ᠢ ᠪᠦᠷᠢᠨ ᠬᠢᠳᠡᠭ᠃ ᠠᠶᠠᠠ ᠳᠤ ᠮᠤᠷᠳᠠᠬᠤ ᠳᠤ ᠭᠡᠷ ᠪᠥᠭᠦᠳᠠᠭᠡᠷ ᠢᠶᠠᠨ ᠴᠤᠭᠯᠠᠷᠠᠵᠤ᠂ ᠠᠶᠠᠠ ᠤ ᠥᠯᠵᠠᠢ ᠭᠡᠰᠢᠭ᠂  ᠰᠠᠶᠢᠠ ᠰᠠᠶᠢᠬᠠᠠ ᠪᠥᠭᠦᠠ  ᠢ ᠪᠠᠯᠭᠡᠳᠠᠵᠤ᠂ ᠴᠠᠢ ᠵᠤᠭᠤᠭᠯᠠᠠ᠂ ᠰᠠᠩ ᠳᠠᠭᠡᠵᠢ ᠡᠷᠭᠦᠵᠤ᠂ ᠴᠠᠭᠠᠠ ᠢᠳᠠᠭᠡᠠ ᠠᠮᠰᠠᠠ᠂ ᠬᠠᠰᠢᠶ᠎ᠠ ᠬᠤᠳᠠ  ᠪᠠᠨ ᠵᠥᠪ ᠡᠷᠭᠢᠠ ᠭᠡᠢ ᠮᠤᠷᠢ  ᠶᠢᠨ ᠵᠥᠭ  ᠲᠤ ᠮᠤᠷᠳᠠᠵᠦ᠂ ᠭᠡᠷ ᠬᠤᠳᠠᠯᠠ   ᠶᠢᠨ ᠳᠤᠮᠤᠭᠠᠳᠠᠠ ᠠᠴᠠ ︽ᠠᠶᠠᠠ  ᠤ ᠢᠷᠤᠭᠡᠯ︾ ᠲᠠᠯᠪᠢᠳᠠᠬ᠃ ᠠᠶᠠᠠ ᠳᠤ ᠶᠠᠪᠤᠭᠠᠳ ᠪᠤᠴᠠᠵᠤ ᠢᠷᠠᠭᠦ ᠳᠡᠭᠡᠨ ᠪᠤᠶᠠᠨ ᠭᠡᠰᠢᠭ ᠤᠨ ᠵᠥᠭ  ᠠᠴᠠ ᠢᠷᠡᠵᠦ᠂ ᠭᠡᠷ  ᠲᠤ ᠪᠠᠶᠢᠬᠰᠠᠨ ᠬᠦᠮᠦᠰ ᠬᠠᠳᠠᠭ ᠰᠠᠮᠪᠠᠢ  ᠪᠠᠨ ᠳᠠᠯᠭᠡᠠ ᠭᠥᠭᠦᠷ ᠰᠤᠯᠢᠯᠴᠠᠠ ᠵᠤᠯᠭᠠᠵᠤ᠂ ᠠᠶᠠᠠ  ᠤ ᠤᠨᠤᠭ᠎ᠠ ᠳᠠᠮᠡᠭᠡ  ᠶᠢ ᠬᠠᠪᠰᠤᠷᠤᠨ ᠤᠶᠠᠵᠤ᠂ ᠠᠴᠢᠶ᠎ᠠ  ᠶᠢ ᠪᠠᠭᠤᠯᠭᠠᠠ᠂ ᠬᠤᠯᠠ ᠶᠠᠪᠤᠵᠤ ᠶᠡᠭᠡ  ᠶᠢ ᠪᠥᠳᠤᠭᠡᠭᠰᠠᠠ ᠠᠶᠠᠠᠴᠢᠤᠠ  ᠢᠶᠠᠨ ᠭᠥᠠᠳᠤᠤᠠᠭᠡᠠ ᠤᠭᠳᠤᠵᠤ ᠪᠠᠶᠢᠬᠤ  ᠪᠠᠨ ᠢᠯᠠᠤᠠᠭᠡᠳᠡᠭ᠃ ᠠᠶᠠᠠ ᠢᠷᠡᠭᠰᠠᠭᠡᠷ ᠭᠡᠷ  ᠤᠨ  ᠬᠢᠨᠢ ᠪᠥᠭᠦᠠ  ᠢᠶᠠᠷ  ᠢᠶᠠᠨ ᠠᠶᠠᠠ  ᠤ ᠴᠠᠢ ᠵᠤᠭᠤᠭᠯᠠᠵᠤ᠂ ᠠᠶᠠᠠᠴᠢᠤᠠ ᠠᠴᠠ     ︽ᠠᠳᠠᠠ ᠳᠠᠮᠠᠭᠡᠠ  ᠤ ᠭᠥᠯᠤᠰᠤ / ᠠᠶᠠᠠ ᠵᠠᠮ  ᠤᠨ ᠤᠷᠤᠯᠭ᠎ᠠ / ᠠᠷᠠᠯᠵᠢᠶ᠎ᠠ ᠮᠠᠶᠢᠮᠠᠢ ᠶᠢᠨ ᠳᠠᠭᠡᠵᠢ / ᠠᠯᠠᠱᠠ ᠥᠢᠷᠠᠤᠠ  ᠤᠨ ᠵᠤᠷᠰᠢᠯ / ᠬᠤᠸᠠ ᠳᠠᠮᠠᠭᠡᠠ  ᠤ ᠭᠥᠯᠤᠰᠤ / ᠬᠤᠯᠠ  ᠶᠢᠨ ᠠᠶᠠᠠ  ᠤ ᠤᠷᠤᠯᠭ᠎ᠠ / ᠬᠤᠳᠠ ᠮᠠᠶᠢᠮᠠᠢ  ᠶᠢᠨ ᠳᠠᠭᠡᠵᠢ / ᠬᠤᠱᠤᠤᠠ ᠳᠤᠷᠭᠤᠤᠠ ᠤᠨ ᠵᠠᠩᠰᠢᠯ︾ ᠬᠡᠮᠠᠠ ᠭᠡᠷ ᠲᠤ ᠪᠠᠶᠢᠯᠴᠠᠭᠰᠠᠠ ᠪᠥᠭᠦᠠ ᠳᠤ ᠳᠠᠪᠠᠯ ᠤᠨ ᠳᠤᠷᠭ᠎ᠠ᠂  ᠰᠢᠭᠢᠷ ᠪᠤᠷᠠᠮ ᠳᠥᠷᠤᠭᠦᠳᠠᠢ ᠠᠶᠠᠠ ᠤ ᠳᠠᠭᠡᠵᠢ᠂ ᠭᠠᠷ ᠤᠨ ᠪᠠᠯᠡᠭ ᠪᠠᠷᠢᠳᠠᠭ ᠤᠯᠠᠮᠵᠢᠯᠠᠯᠳᠤ ᠶᠤᠰᠤ ᠵᠠᠩᠰᠢᠯ ᠲᠠᠢ ᠪᠠᠶᠢᠳᠠᠬ᠃       ᠲᠦᠮᠡᠨ ᠲᠡᠮᠡᠭᠡ ᠪᠠᠷ ᠲᠠᠩᠰᠤᠭ ᠭᠤᠪᠢ ᠪᠠᠨ ᠬᠤᠳᠤᠯᠵᠠᠭᠤᠯᠤᠬᠰᠠᠨ ᠦᠩ ᠦᠷᠭᠡᠨ ᠠᠯᠠᠱᠠ ᠦᠶᠦᠭ ᠲᠠᠪᠠᠳᠠᠢ ᠡᠪᠦᠯ ᠤᠨ ᠰᠠᠶᠢᠬᠠᠨ ᠤᠯᠠᠷᠢᠯ ᠢᠶᠠᠷ ᠪᠦᠬᠦ ᠤᠯᠤᠰ ᠤᠨ ᠬᠡᠪᠴᠢᠶᠡᠨ ᠤ ᠲᠡᠮᠡᠭᠡᠨ ᠰᠤᠶᠤᠯ ᠵᠢᠭᠤᠯᠴᠢᠯᠠᠯ ᠤᠨ ᠨᠠᠭᠠᠳᠤᠮ ᠢ ᠵᠤᠬᠢᠶᠠᠨ ᠪᠠᠶᠢᠭᠤᠯᠤᠨ ᠡᠷᠬᠢᠯᠡᠵᠦ᠂ ︽ᠲᠡᠮᠡᠭᠡᠳᠦ ᠨᠤᠳᠤᠭ︾ ᠤᠨ ᠠᠯᠳᠠᠷ ᠢ ᠲᠠᠶᠠᠩ ᠳᠤ ᠲᠠᠭᠤᠷᠢᠰᠤᠭᠤᠯᠵᠤ᠂ ᠲᠡᠮᠡᠭᠡ᠂ ᠭᠤᠪᠢ᠂ ᠮᠠᠯᠴᠢᠨ ᠤ ᠭᠤᠷᠮᠤᠰᠤᠨ ᠤᠷᠤᠰᠢᠬᠤᠢ ᠶᠢᠨ ᠠᠮᠢᠳᠤᠷᠠᠯ ᠢ ᠨᠡᠶᠢᠬᠡᠮ ᠨᠡᠶᠢᠳᠡ ᠳᠤ ᠦᠵᠡᠭᠦᠯᠦᠨ ᠲᠠᠨᠢᠭᠤᠯᠵᠤ᠂ ᠤᠨᠴᠠᠭᠠᠢᠢᠯᠠᠨ ᠲᠡᠮᠡᠭᠡᠨ ᠠᠶᠠᠨ ᠵᠢᠩ ᠤᠨ ᠦᠵᠡᠭᠦᠯᠦᠯᠭᠡ ᠨᠢ ᠵᠢᠭᠤᠯᠴᠢᠯᠠᠭᠴᠢ᠂ ᠦᠵᠡᠭᠴᠢ ᠶᠢᠨ ᠰᠤᠨᠢᠷᠬᠠᠯ ᠢ ᠬᠠᠮᠤᠬ ᠠᠴᠠ ᠢᠯᠡᠭᠦᠦ ᠲᠠᠳᠠᠵᠦ᠂ ᠲᠤᠰ ᠤᠳᠠᠭᠠᠨ ᠤ ᠨᠠᠭᠠᠳᠤᠮ ᠤᠨ ᠭᠤᠤᠯ ᠠᠭᠤᠯᠭ᠎ᠠ ᠪᠤᠯᠵᠡᠢ᠃                               (ᠵᠣᠬᠢᠶᠠᠭᠴᠢ᠄ ᠰᠡᠴᠡᠨᠪᠠᠳᠤ      ᠪᠠᠭᠠᠨ᠎ᠠ      ᠨᠠᠷᠠᠨ᠎ᠠ)
 
ᠢᠷᠡᠯᠲᠡ᠄ ᠠᠯᠠᠱᠠ ᠶᠢᠨ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号