ᠵᠠᠯᠠᠭᠤ ᠺᠠᠳ᠋ᠷᠴᠤᠳ ᠤᠨ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ | ᠳᠣᠣᠱᠯᠠᠭᠤᠯᠬᠤ ᠶᠢ ᠲᠣᠪᠤᠶᠢᠮ᠎ᠠ ᠰᠠᠶᠢᠲᠤᠷ ᠠᠳᠬᠤᠬᠤ ᠶᠢᠨ ᠲᠥᠯᠥᠭᠡ᠂ 4 ᠰᠠᠷ᠎ᠠ ᠶᠢᠨ 14 ᠤ ᠡᠳᠦᠷ ᠠᠴᠠ | 15 ᠤ ᠡᠳᠦᠷ ᠪᠣᠯᠲᠠᠯ᠎ᠠ᠂ ᠮᠠᠨ ᠤ ᠠᠶᠢᠮᠠᠭ ᠰᠢᠶᠠᠨ ᠭᠠᠵᠠᠷ ᠤᠨ ᠲᠠᠰ ᠤᠨ ᠵᠠᠯᠠᠭᠤ ᠺᠠᠳ᠋ᠷᠴᠤᠳ ᠤᠨ ᠲᠥᠪ ᠤᠨ | ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠰᠤᠷᠤᠯᠴᠠᠨ ᠳᠣᠣᠱᠯᠠᠭᠤᠯᠬᠤ ᠵᠢᠱᠢᠶ᠎ᠡ ᠦᠵᠡᠭᠦᠯᠬᠦ | ᠪᠣᠯᠪᠠᠰᠣᠷᠠᠯ ᠤᠨ ᠠᠩᠭᠢ ᠡᠷᠭᠢᠯᠡᠵᠦ᠂ 40 ᠨᠠᠰᠤᠨ ᠠᠴᠠ ᠳᠣᠷᠣᠭᠰᠢᠬᠢ 42 ᠭᠠᠵᠠᠷ ᠤᠨ ᠲᠠᠰ ᠤᠨ ᠺᠠᠳ᠋ᠷ ᠢ | ᠲᠥᠪᠯᠡᠷᠡᠬᠦᠯᠤᠨ ᠪᠣᠯᠪᠠᠰᠣᠷᠠᠯ ᠳᠤ ᠣᠷᠣᠯᠴᠠᠭᠤᠯᠵᠡᠢ᠃ | ᠪᠣᠯᠪᠠᠰᠤᠷᠠᠯ ᠤᠨ ᠠᠩᠭᠢ ᠨᠢ ᠲᠤᠰᠬᠠᠢ ᠰᠡᠳᠦᠪ ᠢᠶᠠᠷ ᠬᠠᠪᠰᠤᠷᠤᠨ ᠵᠢᠯᠤᠭᠤᠳᠬᠤ᠂ ᠰᠡᠷᠡᠮᠵᠢᠯᠠᠯ ᠤᠨ ᠬᠥᠮᠦᠵᠢᠯ | ᠬᠢᠬᠦ᠂ ᠪᠣᠳᠠᠲᠠᠢ ᠭᠠᠵᠠᠷ ᠲᠤᠨᠢ ᠰᠤᠳᠤᠯᠤᠨ ᠰᠤᠷᠤᠯᠴᠠᠬᠤ᠂ ᠰᠣᠯᠢᠯᠴᠠᠭ᠎ᠠ ᠬᠢᠵᠦ ᠰᠤᠳᠤᠯᠤᠨ ᠶᠠᠷᠢᠯᠴᠠᠬᠤ ᠵᠡᠷᠭᠡ | ᠠᠷᠭ᠎ᠠ ᠬᠡᠯᠪᠡᠷᠢ ᠪᠠᠷ᠂ ᠰᠢ ᠶᠢᠨ ᠫᠢᠩ ᠶᠡᠷᠦᠩᠬᠡᠢ ᠱᠦᠵᠢ ᠶᠢᠨ ᠨᠠᠮ ᠤᠨ ᠰᠤᠷᠲᠠᠯ ᠤᠨ ᠪᠠᠶᠢᠭᠤᠯᠤᠯᠲᠠ ᠶᠢ | ᠴᠢᠩᠭᠠᠳᠬᠠᠬᠤ ᠲᠤᠬᠠᠢ ᠴᠢᠬᠤᠯᠠ ᠥᠭᠦᠯᠡᠯᠲᠡ ᠶᠢ ᠭᠦᠨᠵᠡᠭᠡᠢ ᠰᠣᠷᠣᠯᠴᠠᠨ᠂ ᠲᠥᠪ ᠤᠨ ᠨᠠᠢᠮᠠᠨ ᠲᠣᠭᠲᠠᠭᠠᠯ ᠵᠢᠴᠢ | ᠲᠡᠭᠦᠨ ᠤ ᠬᠡᠷᠡᠭᠵᠢᠭᠦᠯᠬᠦ ᠨᠠᠷᠢᠨ ᠳᠦᠷᠢᠮ ᠤᠨ ᠵᠣᠷᠢᠭ ᠰᠠᠨᠠᠭ᠎ᠠ ᠶᠢ ᠭᠦᠨᠵᠡᠭᠡᠢ ᠣᠶᠢᠯᠠᠭᠠᠵᠤ᠂ ᠵᠠᠯᠠᠭᠤ | ᠺᠠᠳ᠋ᠷᠴᠤᠳ ᠤᠨ ᠨᠠᠮᠴᠢ ᠴᠢᠨᠠᠷ ᠤᠨ ᠪᠣᠯᠪᠠᠰᠤᠷᠠᠯ ᠢ ᠨᠢ ᠴᠢᠩᠭᠠᠳᠬᠠᠨ᠂ ᠬᠦᠰᠡᠯᠡᠩ ᠢᠲᠡᠭᠡᠯ ᠵᠣᠷᠢᠭ ᠢ ᠨᠢ | ᠪᠠᠲᠤᠳᠬᠠᠨ᠂ ᠰᠠᠬᠢᠯᠭ᠎ᠠ ᠪᠠᠲᠤ ᠶᠢᠨ ᠤᠬᠠᠮᠰᠠᠷ ᠢ ᠨᠢ ᠴᠢᠩᠭᠠᠳᠬᠠᠵᠤ᠂ ᠰᠠᠶᠢᠨ ᠰᠠᠶᠢᠬᠠᠨ ᠰᠤᠷᠲᠠᠯ ᠢᠶᠠᠷ ᠠᠵᠢᠯ ᠤᠨ | ᠪᠠᠶᠢᠷᠢ ᠳᠠᠭᠠᠨ ᠰᠠᠭᠤᠷᠢᠯᠠᠨ᠂ ᠢᠯᠡᠭᠦᠬᠡᠨ ᠬᠤᠪᠢ ᠨᠡᠮᠡᠷᠢ ᠦᠵᠡᠭᠦᠯᠬᠦ ᠪᠠᠷ ᠬᠦᠮᠤᠵᠢᠬᠦᠯᠤᠨ ᠵᠢᠯᠤᠭᠤᠳᠬᠤ ᠪᠤᠯᠤᠨ᠎ᠠ᠃ | ᠪᠣᠯᠪᠠᠰᠤᠷᠠᠯ ᠤᠨ ᠬᠤᠭᠤᠴᠠᠭᠠᠨ ᠳᠤ ᠪᠠᠰᠠ ᠲᠡᠳᠡᠨᠡᠷ ᠢ ᠵᠣᠬᠢᠶᠠᠨ ᠪᠠᠶᠢᠭᠤᠯᠵᠤ ᠬᠤᠶᠠᠷᠬᠤᠳᠳᠤᠭ ᠤᠨ ᠬᠦᠳᠡᠭᠡ ᠠᠮᠢ | ᠠᠬᠤᠢ ᠨᠡᠭᠦᠳᠡᠯ ᠠᠷᠠᠳ ᠤᠨ ᠵᠢᠱᠢᠶ᠎ᠡ ᠦᠵᠡᠭᠦᠯᠬᠦ ᠣᠷᠣᠨ ᠤ ︽2 · 22︾ ᠤᠨ ᠰᠡᠷᠡᠮᠵᠢᠯᠡᠯ ᠤᠨ ᠬᠥᠮᠦᠵᠢᠯ ᠤᠨ | ᠰᠠᠭᠤᠷᠢᠨ ᠳᠤ ᠲᠤᠬᠠᠢ ᠶᠢᠨ ᠲᠠᠯᠠᠪᠠᠢ ᠶᠢᠨ ᠵᠢᠭᠠᠨ ᠰᠤᠷᠭᠠᠯᠲᠠ ᠥᠷᠨᠢᠭᠦᠯᠬᠦ ᠶᠢᠨ ᠬᠠᠮᠲᠤ ᠲᠥᠪᠯᠡᠷᠡᠭᠦᠯᠦᠨ | ᠰᠠᠨᠠᠯ ᠢᠶᠠᠨ ᠰᠣᠯᠢᠯᠴᠠᠵᠤ᠂ ᠪᠦᠬᠦ ᠠᠶᠢᠮᠠᠭ ᠤᠨ ᠠᠵᠢᠯ ᠤᠨ ᠰᠤᠷᠲᠠᠯ ᠢ ᠰᠠᠶᠢᠵᠢᠷᠠᠭᠤᠯᠬᠤ᠂ ᠰᠤᠷᠤᠯᠴᠠᠯᠭ᠎ᠠ | ᠬᠥᠮᠦᠵᠢᠯ ᠢ ᠠᠬᠢᠭᠤᠯᠬᠤ ᠲᠤᠬᠠᠢ ᠰᠠᠨᠠᠯ ᠰᠠᠨᠠᠭᠤᠯᠤᠮᠵᠢ ᠬᠤᠷᠢᠶᠠᠪᠠ᠃ | ᠣᠶᠢᠯᠠᠭᠠᠭᠰᠠᠨ ᠢᠶᠠᠷ᠂ ᠲᠥᠪ ᠤᠨ ᠨᠠᠢᠮᠠᠨ ᠲᠣᠭᠲᠠᠭᠠᠯ ᠤᠨ ᠵᠣᠷᠢᠭ ᠰᠠᠨᠠᠭ᠎ᠠ ᠶᠢ ᠭᠦᠨᠵᠡᠭᠡᠢ ᠳᠣᠣᠱᠯᠠᠭᠤᠯᠬᠤ | ᠰᠤᠷᠤᠯᠴᠠᠯᠭ᠎ᠠ ᠬᠥᠮᠦᠵᠢᠯ ᠢ ᠡᠬᠢᠯᠡᠭᠦᠯᠦᠭᠰᠡᠨ ᠠᠴᠠ ᠨᠠᠭᠠᠰᠢ᠂ ᠠᠶᠢᠮᠠᠭ ᠤᠨ ᠨᠠᠮ ᠤᠨ ᠬᠤᠷᠢᠶ᠎ᠠ ᠳᠡᠭᠡᠳᠦ | ᠬᠡᠮᠵᠢᠶ᠎ᠡ ᠪᠠᠷ ᠴᠢᠬᠤᠯᠠᠴᠢᠯᠠᠨ᠂ ᠵᠢᠱᠢᠶ᠎ᠡ ᠦᠵᠡᠭᠦᠯᠦᠨ ᠬᠥᠲᠥᠯᠥᠨ ᠳᠠᠭᠠᠭᠤᠯᠵᠤ᠂ ᠡᠯ᠎ᠡ ᠱᠠᠲᠤᠨ ᠤ ᠨᠠᠮ ᠤᠨ | ᠵᠣᠬᠢᠶᠠᠨ ᠪᠠᠶᠢᠭᠤᠯᠤᠯᠲᠠ ᠦᠳᠲᠡᠷ ᠲᠦᠷᠭᠡᠨ ᠳᠠᠭᠠᠬᠤ᠂ ᠵᠡᠷᠭᠡ ᠪᠠᠷ ᠲᠦᠯᠬᠢᠨ ᠠᠬᠢᠭᠤᠯᠬᠤ᠂ ᠨᠣᠮ ᠤᠩᠰᠢᠬᠤ | ᠠᠩᠭᠢ ᠡᠷᠭᠢᠯᠡᠬᠦ᠂ ᠰᠤᠳᠤᠯᠤᠨ ᠶᠠᠷᠢᠯᠴᠠᠵᠤ ᠰᠣᠯᠢᠯᠴᠠᠬᠤ᠂ ᠨᠡᠶᠢᠲᠡᠯᠢᠭ ᠬᠡᠷᠡᠭ ᠤᠨ ᠵᠢᠱᠢᠶ᠎ᠡ ᠶᠢ ᠵᠠᠳᠠᠯᠬᠤ᠂ | ᠠᠰᠠᠭᠤᠳᠠᠯ ᠢ ᠪᠠᠶᠢᠴᠠᠭᠠᠨ ᠳᠡᠯᠭᠡᠬᠦ ᠵᠡᠷᠭᠡ ᠣᠯᠠᠨ ᠵᠦᠢᠯ ᠤᠨ ᠬᠡᠯᠪᠡᠷᠢ ᠪᠠᠷ ᠳᠠᠮᠵᠢᠭᠤᠯᠤᠨ᠂ ᠰᠤᠷᠤᠯᠴᠠᠬᠤ | ᠪᠠᠶᠢᠴᠠᠭᠠᠬᠤ ᠵᠠᠰᠠᠬᠤ ᠡᠯ᠎ᠡ ᠵᠦᠢᠯ ᠤᠨ ᠠᠵᠢᠯ ᠢ ᠨᠢᠭᠡ ᠴᠣᠭᠴᠠᠵᠢᠭᠤᠯᠤᠨ ᠢᠲᠡᠪᠬᠢᠲᠠᠢ ᠠᠬᠢᠭᠤᠯᠵᠡᠢ᠃ | ᠳᠠᠷᠠᠭᠠᠴᠢ ᠶᠢᠨ ᠠᠯᠬᠤᠮ ᠳᠤ᠂ ᠮᠠᠨ ᠤ ᠠᠶᠢᠮᠠᠭ ᠭᠤᠣᠯ ᠰᠡᠳᠦᠪ ᠲᠤ ᠠᠩᠬᠠᠷᠤᠯ ᠢᠶᠠᠨ ᠲᠥᠪᠯᠡᠷᠡᠭᠦᠯᠵᠦ᠂ ᠳᠥᠭᠦᠮ | ᠪᠣᠳᠠᠲᠠᠢ ᠶᠢ ᠡᠷᠬᠢᠮᠯᠡᠨ᠂ ᠭᠤᠣᠯᠳᠠᠯᠭ᠎ᠠ ᠶᠢ ᠳᠤᠪᠤᠶᠢᠯᠭᠠᠵᠤ᠂ ᠶᠡᠷᠦᠩᠭᠡᠶᠢᠯᠡᠭᠰᠡᠨ ᠠᠷᠭ᠎ᠠ ᠪᠣᠳᠣᠯᠭ᠎ᠠ ᠶᠢ | ᠭᠡᠷᠡᠭᠵᠢᠬᠦᠯᠣᠨ᠂ ᠠᠰᠠᠭᠤᠳᠠᠯ ᠢ ᠪᠠᠶᠢᠴᠠᠭᠠᠨ ᠳᠡᠯᠭᠡᠬᠦ ᠪᠠ ᠲᠥᠪᠯᠡᠷᠡᠭᠦᠯᠦᠨ ᠴᠡᠭᠴᠡᠯᠡᠨ ᠵᠠᠰᠠᠬᠤ ᠶᠢ | ᠭᠤᠣᠯᠳᠠᠯᠭ᠎ᠠ ᠲᠠᠢ ᠰᠠᠶᠢᠲᠤᠷ ᠠᠳᠬᠤᠵᠤ᠂ ᠰᠤᠷᠤᠯᠴᠠᠯᠭ᠎ᠠ ᠶᠠᠰᠣ ᠴᠢᠨᠠᠷ ᠲᠠᠢ᠂ ᠪᠠᠶᠢᠴᠠᠭᠠᠯᠲᠠ ᠡᠷᠴᠢᠮ ᠲᠠᠢ᠂ | ᠥᠭᠡᠷᠡᠴᠢᠯᠡᠯᠲᠡ ᠦᠷ᠎ᠡ ᠪᠦᠲᠦᠮᠵᠢ ᠲᠠᠢ ᠪᠠᠶᠢᠬᠤ ᠶᠢ ᠪᠠᠲᠤᠯᠠᠵᠤ᠂ ᠰᠤᠷᠤᠯᠴᠠᠯᠭ᠎ᠠ ᠬᠥᠮᠦᠵᠢᠯ ᠤᠨ ᠡᠷᠴᠢᠮᠲᠡᠢ ᠡᠮᠬᠢ | ᠵᠢᠷᠤᠮ ᠲᠠᠢ ᠴᠢᠨᠠᠷ ᠰᠠᠶᠢᠲᠠᠢ ᠥᠷᠨᠢᠬᠦ ᠶᠢ ᠠᠬᠢᠭᠤᠯᠬᠤ ᠪᠤᠯᠤᠨ᠎ᠠ᠃ |