ᠡᠶᠢᠮᠦ ᠲᠤᠬᠢᠶᠠᠯᠳᠤᠯ ᠬᠠᠶᠠ ᠬᠠᠷᠠᠭᠳᠠᠳᠠᠭ︕ ᠪᠠᠭᠰᠢ ᠠᠬᠠᠮᠠᠳ ᠤᠨ ᠢᠶᠠᠨ ᠢᠳᠡᠭᠡᠯ ᠨᠡᠶᠢᠳᠡᠪᠦᠷᠢ ᠶᠢ | ᠬᠦᠯᠢᠶᠡᠵᠤ ᠬᠢᠴᠢᠶᠡᠯ ᠰᠤᠷᠤᠯᠭ᠎ᠠ ᠳᠠᠭᠠᠨ ᠤᠨᠴᠠ ᠰᠢᠯᠢᠳᠡᠭ ᠪᠠᠶᠢᠬᠰᠠᠨ ᠭᠡᠤᠭᠡᠳ ᠨᠡᠶᠢᠭᠡᠮ ᠲᠡᠭᠡᠷ᠎ᠠ ᠭᠠᠷᠤᠭᠠᠳ | ᠬᠠᠷᠢᠨ ᠬᠢᠭᠰᠡᠨ ᠪᠦᠳᠦᠬᠡᠭᠰᠡᠨ ᠵᠦᠢᠯ ᠦᠭᠡᠢ ᠡᠬᠡᠯ ᠶᠡᠷᠦᠮᠳᠡᠭ ᠢᠶᠠᠷ ᠰᠢᠷ᠎ᠠ ᠡᠳᠦᠷ ᠪᠤᠷᠤ ᠬᠤᠨᠤᠬ ᠢ ᠦᠡᠭᠭᠡᠷᠡᠬᠦᠯᠵᠤ | ᠪᠠᠶᠢᠳᠠᠭ᠃ ᠠᠵᠢᠯ ᠠᠮᠢᠳᠤᠷᠠᠯ ᠤᠨ ᠨᠣᠬᠤᠴᠠᠭᠠᠨ ᠳᠤ ᠵᠠᠷᠢᠮ ᠨᠢ ᠤᠷᠮ᠎ᠠ ᠬᠤᠭᠤᠷᠠᠵᠤ ᠵᠤᠷᠢᠭ ᠬᠠᠷᠢᠵᠤ ᠬᠤᠪᠢ | ᠵᠠᠶᠠᠭᠠᠨ ᠳᠠᠭᠠᠨ ᠭᠤᠮᠤᠷᠬᠠᠵᠤ ᠰᠠᠭᠤᠬᠤ ᠳᠤ᠂ ᠵᠠᠷᠢᠮ ᠨᠢ ᠴᠤ ᠰᠢᠨ᠎ᠠ ᠤᠷᠴᠢᠨ ᠳᠠᠭᠠᠨ ᠵᠤᠬᠢᠴᠠᠵᠤ ᠤᠰᠤᠨ ᠳᠠᠭᠠᠨ | ᠤᠷᠤᠭᠰᠠᠨ ᠵᠢᠭᠠᠰᠤ ᠮᠡᠳᠦ ᠁ ᠡᠨᠡ ᠬᠦ ᠵᠦᠷᠢᠶ᠎ᠡ ᠶᠢ ᠪᠤᠢ ᠪᠤᠯᠭᠠᠬᠰᠠᠨ ᠤᠴᠢᠷ ᠰᠢᠯᠳᠠᠭᠠᠨ ᠢ ᠶᠠᠷᠢᠪᠠᠯ᠂ | ᠡᠨᠡ ᠨᠢ ᠬᠤᠪᠢ ᠬᠦᠮᠦᠨ ᠤ ︽ᠬᠠᠷᠢᠴᠠᠬᠤᠢ ᠴᠢᠳᠠᠪᠤᠷᠢ︾ ᠶᠢᠨ ᠬᠢᠵᠠᠭᠠᠷᠳᠠᠮᠠᠯ ᠠᠴᠠ ᠪᠤᠯᠤᠬᠰᠠᠨ ᠭᠡᠵᠤ ᠪᠢ | ᠬᠤᠪᠢᠨ ᠳᠠᠭᠠᠨ ᠪᠤᠳᠤᠳᠠᠭ᠃ | ᠭᠡᠷᠪᠡ ᠤᠢ ᠪᠢᠯᠢᠭ ᠢ ᠲᠦᠷᠦᠯᠬᠢ ᠭᠡᠵᠤ ᠦᠵᠡᠪᠡᠯ᠂ ᠬᠠᠷᠢᠴᠠᠬᠤᠢ ᠴᠢᠳᠠᠪᠤᠷᠢ ᠪᠤᠯ ᠦᠰᠴᠤ ᠲᠦᠷᠦᠭᠰᠡᠨ | ᠤᠷᠴᠢᠨ ᠠᠬᠤᠢ ᠦᠡᠭᠭᠡᠷᠡᠬᠦᠯᠵᠤ ᠲᠤᠭᠤᠯᠤᠬᠰᠠᠨ ᠵᠠᠮ ᠮᠦᠷ ᠤᠨ ᠲᠤᠮᠳᠠ ᠠᠭᠠᠵᠢᠮ ᠢᠶᠠᠷ ᠲᠦᠯᠦᠪᠰᠢᠨ ᠲᠤᠬᠳᠠᠳᠠᠬ | ᠪᠢᠯᠡ᠃ ᠬᠠᠷᠢᠴᠠᠬᠤᠢ ᠴᠢᠳᠠᠪᠤᠷᠢ ᠨᠢ ᠦᠭᠡᠷ᠎ᠡ ᠪᠤᠰᠤᠳ ᠢ ᠲᠠᠨᠢᠨ ᠮᠡᠳᠡᠷᠡᠬᠦ᠂ ᠭᠡᠷᠡᠭ ᠪᠤᠳᠠᠰ ᠤᠨ ᠬᠦᠭᠵᠢᠯᠳᠡ ᠶᠢᠨ | ᠵᠢᠮ᠎ᠠ ᠶᠤᠰᠤ ᠶᠢ ᠤᠶᠢᠯᠠᠭᠠᠨ ᠡᠵᠡᠮᠰᠢᠵᠤ᠂ ᠦᠪᠡᠷ ᠢ ᠪᠠᠨ ᠴᠠᠬ ᠲᠤᠬᠠᠢ ᠳᠤᠨᠢ ᠲᠤᠬᠢᠷᠠᠭᠤᠯᠤᠨ ᠵᠤᠬᠢᠴᠠᠭᠤᠯᠬᠤ | ᠲᠠᠯ᠎ᠠ ᠪᠠᠷ ᠢᠯᠡᠷᠡᠳᠡᠭ᠃ ᠡᠶᠢᠮᠦ ᠠᠴᠠ ᠵᠠᠷᠢᠮ ᠪᠠᠶᠢᠳᠠᠯ ᠳᠤ ᠬᠢᠴᠢᠶᠡᠯ ᠰᠤᠷᠤᠯᠭ᠎ᠠ ᠳᠠᠭᠠᠨ ᠤᠷᠦ᠋ᠢᠯᠠᠵᠤ ᠪᠠᠶᠢᠬᠰᠠᠨ | ᠭᠡᠤᠭᠡᠳ ᠠᠵᠢᠯ ᠠᠮᠢᠳᠤᠷᠠᠯ ᠳᠠᠭᠠᠨ ᠪᠦᠳᠦᠮᠵᠢ ᠮᠠᠭᠤᠳᠠᠢ ᠪᠤᠯᠬᠤ ᠨᠢ ᠤᠢ ᠪᠢᠯᠢᠭ ᠤᠯᠠᠨ ᠠᠴᠠ ᠬᠡᠳᠦ᠋ᠢᠳᠦᠭᠰᠡᠨ | ᠪᠤᠯᠪᠠᠴᠤ ᠬᠦᠮᠦᠰ ᠤᠨ ᠬᠤᠭᠤᠷᠤᠨᠳᠤᠬᠢ ᠬᠠᠷᠢᠯᠴᠠᠭᠠᠨ ᠳᠤ ᠲᠤᠯᠢᠮᠠᠭ ᠪᠠᠶᠢᠵᠤ᠂ ︽ᠬᠦᠮᠦᠨ ᠬᠦᠮᠦᠨ ᠤ | ᠬᠦᠴᠦᠨ ᠳᠤ᠂ ᠵᠢᠭᠠᠰᠤ ᠤᠰᠤᠨ ᠤ ᠬᠦᠴᠦᠨ ᠳᠤ︾ ᠭᠡᠳᠡᠭ ᠢ ᠤᠮᠳᠤᠭᠠᠶᠢᠯᠠᠵᠤ᠂ ᠵᠦᠪᠭᠡᠨ ᠴᠢᠳᠠᠯ | ᠴᠢᠳᠠᠪᠬᠢ ᠳᠠᠭᠠᠨ ᠬᠡᠳᠦ ᠢᠳᠡᠭᠡᠵᠦ᠂ ᠴᠢᠨᠠᠬᠰᠢᠯᠠᠭᠠᠳ ᠬᠠᠷᠢᠴᠠᠬᠤᠢ ᠴᠢᠳᠠᠪᠤᠷᠢ ᠠᠨᠠᠢ ᠠᠴᠠ ᠪᠤᠯᠵᠤ ᠵᠢᠵᠢᠭᠭᠡᠨ | ᠰᠡᠳᠦᠯᠳᠡ ᠠᠴᠠ ᠪᠤᠯᠵᠤ ᠬᠡᠳᠦᠷᠡᠮᠡᠬᠡᠢ ᠦᠢᠯᠡ ᠶᠠᠪᠤᠳᠡᠯ ᠬᠢᠳᠡᠭ ᠴᠦ ᠪᠤᠢ᠃ | ᠤᠳᠤᠬᠠᠨ ᠳᠤ ᠬᠠᠷᠢᠯᠴᠠᠭᠠᠨ ᠤ ᠲᠦᠭᠰᠢᠬᠦᠷᠢ ᠲᠠᠢ ᠬᠦᠮᠦᠨ ᠤᠯᠠᠰᠢᠷᠠᠵᠤ᠂ ᠡᠳᠡᠬᠡᠷ ᠬᠦᠮᠦᠰ ᠭᠡᠷ ᠤᠨ | ᠮᠤᠬᠤᠷ ᠲᠠᠭᠠᠨ ᠬᠤᠷᠭᠤᠳᠠᠵᠤ᠂ ᠨᠡᠶᠢᠭᠡᠮ ᠤᠨ ᠬᠠᠷᠢᠯᠴᠠᠭᠠᠨ ᠠᠴᠠ ᠵᠢᠷᠦᠬᠡᠰᠢᠶᠡᠨ ᠵᠠᠶᠢᠳᠠᠳᠠᠭ ᠲᠤᠯᠠ ᠠᠮᠢᠳᠤᠷᠠᠯ ᠨᠢ | ᠲᠠᠩ ᠴᠤᠯᠭᠤᠢ ᠤᠳᠬ᠎ᠠ ᠠᠭᠤᠯᠭ᠎ᠠ ᠦᠬᠡᠢ ᠪᠤᠯᠳᠠᠭ᠃ ᠬᠦᠮᠦᠰ ᠤᠨ ᠦᠭᠡ ᠶᠠᠷᠢᠶ᠎ᠠ᠂ ᠦᠢᠯᠡ ᠠᠵᠢᠯᠯᠠᠭ᠎ᠠ᠂ | ᠶᠠᠪᠤᠯᠴᠠᠭ᠎ᠠ ᠬᠠᠷᠢᠯᠴᠠᠭ᠎ᠠ ᠶᠢᠨ ᠠᠯᠢ ᠨᠢ ᠴᠤ ᠬᠡᠰᠡᠨ ᠤᠶᠤᠨ ᠮᠡᠳᠡᠷᠡᠮᠵᠢ ᠳᠤ ᠰᠠᠭᠤᠷᠢᠯᠠᠨ ᠬᠠᠷᠢᠴᠠᠬᠤᠢ | ᠴᠢᠳᠠᠪᠤᠷᠢ ᠪᠠᠷ ᠲᠡᠮᠵᠢᠨ ᠪᠡᠶᠡᠯᠡᠭᠳᠡᠳᠡᠭ ᠠᠴᠠ ᠡᠳᠡᠭᠡᠷ ᠬᠦᠮᠦᠰ ᠰᠡᠳᠬᠢᠯ ᠤᠨ ᠰᠠᠭᠠᠳ ᠢᠶᠠᠨ ᠲᠠᠪᠠᠵᠤ ᠴᠢᠳᠠᠪᠠᠯ | ᠠᠮᠵᠢᠯᠳᠠ ᠶᠢᠨ ᠠᠯᠳᠠᠨ ᠲᠦᠷᠦᠭᠡ ᠠᠴᠠ ᠤᠶᠢᠷᠠᠬᠠᠨ ᠪᠤᠯᠵᠤ ᠴᠢᠳᠠᠬᠤ ᠶᠤᠮ ᠡ᠃ | ᠬᠠᠷᠸᠠᠷᠳ᠋ ᠶᠡᠭᠡ ᠰᠤᠷᠭᠠᠭᠤᠯᠢ ᠶᠢᠨ ᠨᠢᠬᠡᠨ ᠪᠠᠶᠢᠴᠠᠭᠠᠯᠳᠠ ᠳᠤ᠂ ᠠᠮᠵᠢᠯᠳᠠ ᠪᠦᠲᠦᠮᠵᠢ ᠤᠯᠬᠤ ᠪᠠ ᠵᠡᠷᠭᠡ ᠵᠢᠩᠰᠡ | ᠨᠡᠮᠡᠭᠳᠡᠬᠦ ᠳᠤ 85% ᠨᠢ ᠬᠦᠮᠦᠰ ᠤᠨ ᠵᠦᠪ ᠤᠷᠮ᠎ᠠ ᠰᠡᠳᠬᠢᠯᠬᠡ᠂ ᠲᠠᠷᠤᠢ ᠬᠠᠷᠢᠴᠠᠬᠤᠢ ᠴᠢᠳᠠᠪᠤᠷᠢ ᠠᠴᠠ ᠪᠤᠯᠵᠤ᠂ | 15% ᠨᠢ ᠰᠠᠶ᠋ᠢ ᠲᠤᠰᠬᠠᠢ ᠮᠡᠷᠭᠡᠵᠢᠯ ᠤᠨ ᠴᠢᠳᠠᠪᠤᠷᠢ ᠠᠴᠠ ᠪᠤᠯᠤᠭᠰᠠᠨ ᠭᠡᠳᠡᠭ ᠢ ᠢᠯᠡᠷᠡᠬᠦᠯᠪᠡ᠂ ᠡᠨᠡ ᠨᠢ | ᠬᠦᠮᠦᠰ ᠤᠨ ᠬᠠᠷᠢᠴᠠᠬᠤᠢ ᠴᠢᠳᠠᠪᠤᠷᠢ ᠨᠢ ᠲᠡᠬᠦᠨ ᠤ ᠨᠡᠶᠢᠬᠡᠮ ᠲᠠᠢ ᠵᠤᠬᠢᠴᠠᠨ ᠠᠮᠵᠢᠯᠳᠠ ᠤᠯᠬᠤ ᠳᠤ ᠴᠢᠬᠤᠯᠠ | ᠪᠠᠳᠤᠯᠠᠭ᠎ᠠ ᠪᠤᠯᠬᠤ ᠶᠢ ᠬᠠᠷᠠᠭᠤᠯᠵᠤ ᠪᠤᠢ᠃ | ᠡᠳᠦᠷ ᠲᠤᠳᠤᠮ ᠤᠨ ᠠᠮᠢᠳᠤᠷᠠᠯ ᠲᠤᠮᠳᠠ ᠠᠬᠠᠮᠠᠳ ᠲᠤᠮᠤᠭᠠᠳᠠᠨ᠂ ᠠᠶᠢᠯ ᠰᠠᠭᠠᠬᠠᠯᠳᠠ᠂ ᠠᠵᠢᠯ ᠨᠢᠭᠡᠳᠡᠨ᠂ | ᠨᠠᠶᠢᠵᠠ ᠨᠦᠬᠦᠳ ᠨᠢ ᠬᠡᠨ ᠨᠢᠬᠡᠨ ᠢ ︽ᠤᠬᠠᠭᠠᠯᠢᠭ ᠬᠦᠮᠦᠨ︾ ᠭᠡᠬᠦ ᠦᠨᠳᠦᠷ ᠦᠨᠡᠯᠡᠯᠳᠡ ᠦᠭᠭᠦ ᠦᠶᠡᠰ ᠬᠦᠮᠦᠰ | ᠶᠡᠬᠡᠳᠡ ᠪᠠᠶᠠᠰᠳᠠᠭ᠃ ᠡᠨᠡ ᠨᠢ ︽ᠤᠬᠠᠭᠠᠯᠢᠭ ᠬᠦᠮᠦᠨ︾ ᠤ ᠬᠠᠷᠢᠴᠠᠬᠤᠢ ᠴᠢᠳᠠᠪᠤᠷᠢ ᠳᠤ ᠦᠭᠬᠦᠭᠰᠡᠨ ᠦᠨᠡᠯᠡᠯᠳᠡ | ᠪᠤᠯᠬᠤ ᠨᠢ ᠲᠠᠮᠵᠢᠭ ᠦᠬᠡᠢ᠃ ᠡᠬᠦᠨ ᠳᠤ ᠪᠢᠳᠡ ᠬᠠᠷᠢᠴᠠᠬᠤᠢ ᠴᠢᠳᠠᠪᠤᠷᠢ ᠶᠢ ᠵᠦᠪᠬᠡᠨ ᠬᠦᠮᠦᠨ ᠬᠦᠮᠦᠨ ᠤ | ᠬᠤᠭᠤᠷᠤᠨᠳᠤᠬᠢ ᠡᠪ ᠲᠠᠢ ᠬᠠᠷᠢᠯᠴᠠᠬᠤ ᠴᠢᠳᠠᠪᠤᠷᠢ ᠪᠠᠷ ᠦᠵᠡᠬᠦ ᠠᠴᠠ ᠪᠢᠰᠢ ᠬᠠᠷᠢᠨ ᠪᠢᠯᠳᠠᠦᠴᠢᠯᠠᠬᠤ᠂ ᠡᠷᠬᠦᠨ | ᠮᠠᠭᠳᠠᠬᠤ᠂ ᠬᠠᠭᠤᠷᠮᠠᠭ ᠠᠭᠠᠰᠢᠯᠠᠬᠤ ᠬᠡᠮᠡᠨ ᠢᠪᠴᠤᠤ ᠤᠳᠬ᠎ᠠ ᠠᠴᠠ ᠤᠶᠢᠯᠠᠭᠠᠵᠤ ᠪᠤᠯᠬᠤ ᠦᠬᠡᠢ᠃ ᠬᠠᠷᠢᠴᠠᠬᠤᠢ | ᠴᠢᠳᠠᠪᠤᠷᠢ ᠨᠢ ᠨᠢᠬᠡ ᠵᠦᠢᠯ ᠤᠨ ᠤᠶᠤᠨ ᠰᠠᠨᠠᠭᠠᠨ ᠤ ᠬᠦᠴᠦᠨ᠂ ᠨᠢᠬᠡ ᠵᠦᠢᠯ ᠤᠨ ᠵᠠᠩ ᠠᠭᠠᠰᠢ ᠶᠢᠨ ᠬᠡᠪ ᠴᠢᠨᠠᠷ | ᠪᠤᠯᠬᠤᠷ ᠵᠠᠪᠠᠯ ᠵᠦᠪ ᠲᠠᠯ᠎ᠠ ᠠᠴᠠ ᠤᠶᠢᠯᠠᠭᠠᠬᠤ ᠬᠡᠷᠡᠭᠳᠡᠢ᠃ | ᠬᠦᠮᠦᠨ ᠡᠨᠡ ᠶᠢᠷᠳᠢᠨᠴᠦ ᠳᠤ ᠭᠤᠤᠨᠢ ᠪᠡᠶ᠎ᠠ ᠭᠤᠵᠤᠩ ᠲᠤᠯᠤᠭᠠᠢ ᠪᠠᠷ ᠠᠮᠢᠳᠤᠷᠠᠨ ᠤᠷᠤᠰᠢᠬᠤ ᠪᠢᠰᠢ᠂ | ᠬᠠᠷᠢᠨ ᠤᠯᠠᠭᠤᠯᠠ ᠨᠡᠶᠢᠯᠡᠵᠤ᠂ ᠨᠡᠶᠢᠳᠡ ᠪᠠᠷ ᠤᠷᠤᠰᠢᠬᠤ ᠵᠠᠩ ᠵᠢᠷᠦᠮ ᠲᠠᠢ ᠪᠤᠯᠬᠤᠷ ᠦᠪᠡᠷ ᠤᠨ ᠬᠠᠷᠢᠴᠠᠬᠤᠢ | ᠴᠢᠳᠠᠪᠤᠷᠢ ᠪᠠᠨ ᠲᠡᠭᠡᠭᠰᠢᠯᠡᠬᠦᠯᠵᠤ᠂ ᠦᠭᠬᠢᠶᠡᠮᠦᠷ ᠪᠤᠳᠤᠯ ᠲᠠᠢ᠂ ᠦᠷᠦᠭᠡᠯ ᠳᠤ ᠲᠤᠰᠠᠷᠬᠠᠭ᠂ ᠦᠨᠡᠨᠴᠢ | ᠢᠳᠡᠭᠡᠮᠵᠢᠳᠡᠢ ᠶᠠᠪᠤᠪᠠᠯ ᠵᠤᠬᠢᠨ᠎ᠠ᠃ |