ᠮᠠᠨ ᠤ ᠠᠶᠢᠮᠠᠭ ᠤᠨ ᠤᠯᠤᠰ ᠤᠨ ᠪᠡᠶᠡᠷ ᠤᠨ ᠬᠤᠭᠤᠴᠠᠭᠠᠨ ᠤ ᠰᠤᠶᠤᠯ ᠵᠢᠭᠤᠯᠴᠢᠯᠠᠯ ᠤᠨ ᠰᠢᠷᠢᠰ ᠠᠵᠢᠯᠯᠠᠭ᠎ᠠ ᠲᠤᠭᠳᠠᠭᠠᠭᠳᠠᠯ᠎ᠠ
ᠨᠡᠶᠢᠲᠡᠯᠡᠭᠰᠡᠨ ᠴᠠᠭ᠄
2024/9/25
    ᠤᠯᠤᠰ ᠤᠨ ᠪᠡᠶᠡᠷ ᠤᠳᠠᠯ ᠦᠬᠡᠢ ᠬᠦᠷᠴᠦ ᠢᠷᠡᠬᠦ ᠲᠤᠬᠢᠶᠠᠯ ᠢᠶᠠᠷ ᠮᠠᠨ ᠤ ᠠᠶᠢᠮᠠᠭ ᠤᠯᠤᠰ ᠤᠨ ᠪᠡᠶᠡᠷ ᠤᠨ ᠬᠤᠭᠤᠴᠠᠭᠠᠨ ᠤ 59 ᠲᠦᠷᠦᠯ ᠤᠨ ᠰᠢᠷᠢᠰ ᠠᠵᠢᠯᠯᠠᠭ᠎ᠠ ᠶᠢ ᠲᠤᠭᠳᠠᠭᠠᠵᠦ᠂ ᠤᠯᠠᠨ ᠲᠦᠮᠡᠨ ᠳᠤ ᠰᠤᠶᠤᠯ ᠵᠢᠭᠤᠯᠴᠢᠯᠠᠯ ᠤᠨ ᠰᠢᠯᠢᠳᠡᠭ ᠦᠢᠯᠡᠴᠢᠯᠡᠭᠡ ᠬᠠᠨᠭ᠍ᠭᠠᠬᠤ ᠪᠤᠯᠤᠨ᠎ᠠ᠃    10 ᠰᠠᠷ᠎ᠠ ᠶᠢᠨ 28 ᠤ ᠡᠳᠦᠷ ᠪᠤᠯᠳᠠᠯ᠎ᠠ᠂ ᠠᠶᠢᠮᠠᠭ ᠤᠨ ᠮᠦᠽᠸᠢ᠂ ᠠᠶᠢᠮᠠᠭ ᠤᠨ ᠨᠤᠮ ᠤᠨ ᠰᠠᠩ᠂ ᠡᠯ᠎ᠠ ᠲᠤᠮᠳᠠᠲᠦ ᠪᠠᠭ᠎ᠠ ᠰᠤᠷᠭᠠᠭᠤᠯᠢ᠂ ᠪᠠᠶᠠᠨᠬᠤᠳᠠ ᠶᠢᠨ ᠰᠢᠨ᠎ᠠ ᠡᠷᠡᠨ ᠠᠭᠤᠳᠠᠮ ᠲᠠᠯᠠᠪᠠᠢ᠂ ᠠᠯᠳᠠᠨ ᠲᠤᠤᠷᠡᠢ ᠲᠠᠭᠤᠤ ᠬᠦᠭᠵᠢᠮ ᠤᠨ ᠲᠢᠩᠬᠢᠮ ᠳᠤ ᠡᠯ᠎ᠠ ᠵᠦᠢᠯ ᠤᠨ ᠦᠵᠡᠬᠦᠯᠬᠡ᠂ ᠲᠡᠤᠬᠡ ᠰᠤᠶᠤᠯ ᠤᠨ ᠲᠠᠶᠢᠯᠤᠮᠵᠢ᠂ ᠨᠤᠮ ᠤᠡᠭᠰᠢᠯᠭ᠎ᠠ᠂ ᠭᠠᠷ ᠤᠷᠠᠯᠠᠯ ᠵᠡᠷᠬᠡ 15 ᠲᠦᠷᠦᠯ ᠤᠨ ᠰᠢᠷᠢᠰ ᠠᠵᠢᠯᠯᠠᠭ᠎ᠠ ᠶᠠᠪᠤᠭᠳᠠᠨ᠎ᠠ᠃    9 ᠰᠠᠷ᠎ᠠ ᠶᠢᠨ 23 — 10 ᠰᠠᠷ᠎ᠠ ᠶᠢᠨ 31 ᠤ ᠡᠳᠦᠷ ᠪᠤᠯᠳᠠᠯ᠎ᠠ᠂ ᠠᠯᠠᠱᠠ ᠶᠢᠨ ᠶᠡᠭᠡ ᠭᠤᠪᠢ ᠶᠢᠨ ᠬᠠᠴᠢᠨ ᠴᠢᠯᠠᠭᠤᠨ ᠤ ᠰᠤᠶᠤᠯ ᠤᠨ ᠦᠢᠯᠡᠰ ᠤᠨ ᠬᠦᠷᠢᠶᠡᠯᠡᠩ ᠳᠤ ᠬᠠᠴᠢᠨ ᠴᠢᠯᠠᠭᠤᠨ ᠤ ᠨᠠᠶᠢᠷ᠂ ᠲᠡᠭᠷᠢ ᠡᠯᠡᠰᠦᠨ ᠳᠤ ᠠᠯᠠᠱᠠ ᠶᠢᠨ ᠪᠠᠭᠠᠳᠤᠷᠴᠤᠳ ᠤᠨ ᠴᠤᠭᠯᠠᠭᠠᠨ᠂ ᠬᠤᠯᠠᠳᠡᠬᠢᠨ ᠢ ᠲᠤᠭᠳᠠᠭᠠᠭᠴᠢ ᠬᠤᠷᠢᠶ᠎ᠠ ᠳᠤ ᠠᠮᠳᠠᠲᠦ ᠢᠳᠡᠬᠡᠨ ᠤ ᠨᠠᠶᠢᠷ᠂ ᠠᠯᠠᠱᠠ ᠵᠡᠬᠦᠨ ᠬᠤᠰᠢᠭᠤᠨ ᠤ ᠨᠤᠮ ᠤᠨ ᠰᠠᠩ ᠳᠤ ᠨᠤᠮ ᠤᠡᠭᠰᠢᠯᠭ᠎ᠠ ᠵᠡᠷᠬᠡ 5 ᠲᠦᠷᠦᠯ ᠤᠨ ᠰᠢᠷᠢᠰ ᠠᠵᠢᠯᠯᠠᠭ᠎ᠠ ᠶᠠᠪᠤᠭᠳᠠᠨ᠎ᠠ᠃    9 ᠰᠠᠷ᠎ᠠ ᠶᠢᠨ 30 — 10 ᠰᠠᠷ᠎ᠠ ᠶᠢᠨ 4 ᠤ ᠡᠳᠦᠷ ᠪᠤᠯᠳᠠᠯ᠎ᠠ᠂ ᠠᠯᠠᠱᠠ ᠪᠠᠷᠠᠭᠤᠨ ᠬᠤᠰᠢᠭᠤᠨ ᠤ ᠪᠠᠳᠡᠢ ᠶᠢᠨ ᠵᠢᠷᠡᠨ ᠡᠯᠡᠰᠤᠨ ᠤ ᠰᠤᠶᠤᠯ ᠵᠢᠭᠤᠯᠴᠢᠯᠠᠯ ᠤᠨ ᠨᠠᠶᠢᠷ᠂ ︽ᠬᠡᠬᠡᠷᠡᠯᠡᠨ ᠠᠶᠠᠯᠠᠬᠤ e ᠠᠩᠬᠢ︾ ᠶᠢᠨ ᠠᠯᠠᠱᠠ ᠳᠠᠬᠢ ᠪᠠᠭᠠᠳᠤᠷᠴᠤᠳ ᠤᠨ ᠴᠤᠭᠯᠠᠭᠠᠨ᠂ ᠪᠤᠳᠡᠰ ᠤᠨ ᠪᠤᠰᠤ ᠰᠤᠶᠤᠯ ᠤᠨ ᠨᠠᠶᠢᠷ᠂ ᠬᠡᠷᠡᠯ ᠵᠢᠷᠤᠭ ᠤᠨ ᠦᠵᠡᠬᠦᠯᠬᠡ᠂ ᠲᠠᠷᠢᠶᠠᠯᠠᠩ ᠮᠠᠯ ᠠᠵᠤ ᠠᠬᠤᠢ ᠶᠢᠨ ᠪᠦᠲᠦᠬᠡᠭᠳᠡᠬᠦᠨ ᠤ ᠦᠵᠡᠬᠦᠯᠬᠡ᠂ ᠪᠠᠳᠡᠢ 100 ᠶᠢᠰᠦᠨ ᠰᠠᠷ᠎ᠠ ᠶᠢᠨ ᠤᠷᠤᠯᠳᠤᠭᠠᠨ᠂ ᠲᠤᠰᠬᠠᠢ ᠲᠠᠯᠠᠪᠤᠷ ᠤᠨ ᠦᠳᠡᠰᠢᠯᠡᠭᠡ᠂ ᠤᠯᠤᠰ ᠪᠠᠶᠢᠭᠤᠯᠤᠭᠳᠠᠭᠰᠠᠨ ᠪᠡᠶᠡᠷ ᠢ ᠪᠡᠯᠬᠡᠯᠡᠬᠦ ᠦᠳᠡᠰᠢᠯᠡᠭᠡ᠂ ᠡᠷᠳᠡᠨᠢ ᠶᠢᠨ ᠡᠷᠢᠯ ᠵᠡᠷᠭᠡ 10 ᠲᠦᠷᠦᠯ ᠤᠨ ᠰᠢᠷᠢᠰ ᠠᠵᠢᠯᠯᠠᠭ᠎ᠠ ᠶᠠᠪᠤᠭᠳᠠᠨ᠎ᠠ᠃    9 ᠰᠠᠷ᠎ᠠ ᠶᠢᠨ 16 — 10 ᠰᠠᠷ᠎ᠠ ᠶᠢᠨ 26 ᠤ ᠡᠳᠦᠷ ᠪᠤᠯᠳᠠᠯ᠎ᠠ᠂ ᠡᠵᠡᠨ᠎ᠠ ᠬᠤᠰᠢᠭᠤᠨ ᠤ ᠠᠯᠳᠠᠨ ᠲᠤᠤᠷᠡᠢ ᠠᠮᠢ ᠠᠬᠤᠢ ᠶᠢᠨ ᠰᠤᠶᠤᠯ ᠵᠢᠭᠤᠯᠴᠢᠯᠠᠯ ᠤᠨ ᠨᠠᠶᠢᠷ᠂ ᠲᠤᠰᠬᠠᠢ ᠰᠡᠳᠤᠪᠲᠦ ᠬᠡᠷᠡᠯ ᠵᠢᠷᠤᠭ ᠤᠷᠡᠨ ᠪᠢᠴᠢᠯᠬᠡ ᠶᠢᠨ ᠠᠵᠢᠯᠯᠠᠭ᠎ᠠ᠂ ᠵᠢᠤᠢ ᠶᠠᠨ ᠤ ᠡᠷᠳᠡᠨ ᠤ ᠪᠠᠭᠤᠷᠢ ᠶᠢᠨ ᠬᠡᠷᠡᠯ ᠵᠢᠷᠤᠭ ᠤᠨ ᠦᠵᠡᠬᠦᠯᠬᠡ᠂ ᠲᠡᠯᠬᠡᠨ ᠪᠤᠷᠤᠯᠠᠭᠤᠯᠭ᠎ᠠ᠂ ᠠᠮᠳᠠᠲᠦ ᠢᠳᠡᠬᠡᠨ ᠤ ᠨᠠᠶᠢᠷ᠂ ᠬᠤᠪᠢᠰᠬᠠᠯ ᠤᠨ ᠰᠡᠳᠤᠪᠲᠦ ᠤᠡᠭᠰᠢᠯᠭ᠎ᠠ ᠶᠢᠨ ᠠᠵᠢᠯᠯᠠᠭ᠎ᠠ᠂ ᠬᠤᠪᠤᠷ ᠴᠤᠬᠠᠭ ᠨᠤᠮ ᠰᠤᠳᠤᠷ ᠤᠨ ᠦᠵᠡᠬᠦᠯᠬᠡ᠂ ᠶᠠᠪᠠᠭᠠᠨ ᠠᠶᠠᠯᠠᠯ᠂ ᠦᠨᠳᠦᠰᠦᠳᠠᠨ ᠤ ᠪᠦᠯᠬᠦᠮᠳᠡᠯ ᠲᠠᠪᠰᠢᠯᠳᠠ ᠶᠢᠨ ᠠᠵᠢᠯᠯᠠᠭ᠎ᠠ᠂ ᠲᠤᠭᠤᠢ ᠲᠡᠷᠬᠡᠨ ᠤ ᠤᠷᠤᠯᠳᠤᠭᠠᠨ ᠵᠡᠷᠬᠡ 17 ᠲᠦᠷᠦᠯ ᠤᠨ ᠠᠵᠢᠯᠯᠠᠭ᠎ᠠ ᠶᠠᠪᠤᠭᠳᠠᠨ᠎ᠠ᠃    ᠡᠬᠦᠨ ᠠᠴᠠ ᠭᠠᠳᠠᠨ᠎ᠠ᠂ ᠠᠯᠠᠱᠠ ᠲᠡᠬᠡᠲᠦ ᠰᠢᠨ᠎ᠠ ᠮᠡᠷᠬᠡᠵᠢᠯ ᠤᠨ ᠠᠵᠦ ᠦᠢᠯᠡᠰ ᠤᠨ ᠨᠡᠬᠡᠬᠡᠯᠳᠠ ᠶᠢᠨ ᠤᠷᠤᠨ᠂ ᠴᠡᠭᠡ ᠪᠤᠭᠤᠮᠳᠠ ᠶᠢᠨ ᠠᠵᠦ ᠠᠬᠤᠢ ᠶᠢᠨ ᠨᠡᠬᠡᠬᠡᠯᠳᠠ ᠶᠢᠨ ᠤᠷᠤᠨ᠂ ᠬᠤᠶᠡᠷᠬᠤᠳᠳᠤᠭ ᠤᠨ ᠬᠦᠳᠡᠭᠡ ᠠᠮᠢ ᠠᠬᠤᠢ ᠨᠡᠬᠦᠳᠠᠯ ᠠᠷᠠᠳ ᠤᠨ ᠵᠢᠱᠢᠶ᠎ᠠ ᠦᠵᠡᠬᠦᠯᠬᠦ ᠤᠷᠤᠨ ᠤ ᠡᠯ᠎ᠠ ᠲᠦᠷᠦᠯ ᠤᠨ ᠰᠤᠶᠤᠯ ᠵᠢᠭᠤᠯᠴᠢᠯᠠᠯ ᠤᠨ ᠠᠵᠢᠯᠯᠠᠭ᠎ᠠ ᠴᠤ ᠨᠢᠬᠡᠨᠳᠠ ᠡᠬᠢᠯᠡᠵᠤ 10 ᠰᠠᠷ᠎ᠠ ᠪᠤᠯᠳᠠᠯ᠎ᠠ ᠦᠷᠬᠦᠯᠵᠢᠯᠡᠬᠦ ᠪᠠᠷ ᠪᠤᠢ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号