ᠠᠵᠢᠯ ᠤᠨ ᠭᠤᠤᠯ ᠰᠢᠵᠢᠮ ᠢ ᠳᠣᠣᠱᠯᠠᠭᠤᠯᠬᠤ ᠳᠤ ᠨᠡᠶᠢᠳᠡᠴᠢ ᠤᠬᠠᠮᠰᠠᠷ ᠢ ᠦᠨᠡᠨ ᠬᠦ ᠪᠠᠲᠤ ᠪᠣᠢ ᠪᠣᠯᠭᠠᠬᠤ ᠬᠡᠷᠡᠭᠲᠡᠢ
ᠨᠡᠶᠢᠲᠡᠯᠡᠭᠰᠡᠨ ᠴᠠᠭ᠄
2024/9/20
    ᠶᠡᠷᠦᠩᠬᠡᠢ ᠱᠦᠵᠢ ᠰᠢ ᠶᠢᠨ ᠫᠢᠩ ︽ᠮᠠᠨ ᠤ ᠤᠯᠤᠰ ᠤᠨ ᠬᠠᠮᠤᠭ ᠤᠨ ᠶᠡᠭᠡ ᠳᠠᠪᠠᠭᠤᠯᠢᠭ ᠪᠣᠯ ᠮᠠᠨ ᠤ ᠤᠯᠤᠰ ᠤᠨ ᠨᠡᠶᠢᠭᠡᠮ ᠵᠢᠷᠤᠮᠲᠤ ᠪᠠᠶᠢᠭᠤᠯᠤᠯ ᠨᠢ ᠬᠦᠴᠦᠨ ᠢᠶᠠᠨ ᠲᠥᠪᠯᠡᠷᠡᠭᠦᠯᠦᠨ ᠶᠡᠭᠡ ᠶᠠᠪᠤᠳᠠᠯ ᠢ ᠪᠦᠲᠦᠭᠡᠵᠦ ᠴᠢᠳᠠᠨ᠎ᠠ ᠃ ᠡᠨᠡ ᠪᠣᠯ ᠮᠠᠨ ᠤ ᠠᠵᠢᠯ ᠦᠢᠯᠡᠰ ᠪᠦᠲᠦᠭᠡᠬᠦ ᠶᠢᠨ ᠴᠢᠬᠤᠯᠠ ᠡᠷᠳᠡᠨᠢ ᠮᠥᠨ ︾ ᠭᠡᠵᠦ ᠬᠡᠯᠡᠪᠡ ᠃ ᠣᠳᠣᠬᠠᠨ ᠳᠤ ᠂ ᠥᠪᠥᠷ ᠮᠣᠩᠭᠤᠯ ᠶᠠᠭ ᠶᠡᠷᠦᠩᠬᠡᠢ ᠱᠦᠵᠢ ᠰᠢ ᠶᠢᠨ ᠫᠢᠩ ᠤᠨ ᠥᠪᠥᠷ ᠮᠣᠩᠭᠤᠯ ᠤᠨ ᠲᠤᠬᠠᠢ ᠴᠢᠬᠤᠯᠠ ᠵᠢᠭᠠᠪᠤᠷᠢ ᠶᠢᠨ ᠵᠣᠷᠢᠭ ᠰᠠᠨᠠᠭ᠎ᠠ ᠶᠢ ᠳᠣᠣᠱᠯᠠᠭᠤᠯᠣᠨ ᠨᠠᠶᠢᠳᠠᠪᠤᠷᠢᠵᠢᠭᠤᠯᠬᠤ ᠪᠠ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠠᠲᠤ ᠴᠣᠭᠴᠠᠯᠠᠬᠤ ᠠᠵᠢᠯ ᠤᠨ ᠭᠤᠤᠯ ᠰᠢᠵᠢᠮ ᠲᠠᠢ ᠨᠢᠭᠲᠠ ᠤᠶᠠᠯᠳᠤᠭᠤᠯᠤᠨ ᠂ ︽ᠲᠣᠰ ᠭᠠᠵᠠᠷ ᠤᠨ ᠣᠨᠴᠠᠯᠢᠭ ᠲᠠᠢ ᠥᠭᠡᠷᠡᠴᠢᠯᠡᠯᠲᠡ ︾ ᠶᠢ ᠢᠳᠡᠪᠬᠢᠲᠡᠢ ᠰᠦᠪᠡᠭᠴᠢᠯᠡᠵᠦ ᠪᠠᠶᠢᠨ᠎ᠠ ᠂ ᠢᠯᠠᠩᠭᠤᠶ᠎ᠠ ︽ᠲᠠᠷᠢᠬᠢ ᠲᠣᠯᠣᠭᠠᠢ ᠶᠢᠨ ᠪᠠᠶᠢᠭᠤᠯᠤᠯᠲᠠ ︾ ᠶᠢ ᠦᠨᠡᠨ ᠪᠣᠳᠠᠲᠠᠢ ᠪᠠᠷ ᠴᠢᠩᠭᠠᠳᠬᠠᠵᠤ ᠂ ᠶᠡᠭᠡ ᠲᠠᠯ᠎ᠠ ᠠᠴᠠ ᠪᠣᠳᠣᠯᠬᠢᠯᠠᠨ ᠂ ᠪᠠᠭ᠎ᠠ ᠲᠠᠯ᠎ᠠ ᠠᠴᠠ ᠭᠠᠷᠳᠠᠵᠤ ᠂ ᠨᠡᠶᠢᠳᠡᠴᠢ ᠤᠬᠠᠮᠰᠠᠷ ᠢ ᠦᠨᠡᠨ ᠬᠦ ᠪᠠᠲᠤ ᠪᠣᠢ ᠪᠣᠯᠭᠠᠬᠤ ᠴᠢᠬᠤᠯᠠᠳᠠᠢ ᠃     ᠬᠠᠮᠲᠤ ᠨᠡᠶᠢᠲᠡ ᠪᠣᠯ ᠬᠤᠪᠢ ᠬᠥᠮᠦᠨ ᠤ ᠦᠰᠦᠨ ᠪᠣᠶᠢᠵᠢᠯᠲᠠ ᠶᠢᠨ ᠰᠢᠮᠡᠳᠦ ᠬᠥᠷᠥᠰᠥ ᠮᠥᠨ ᠂ ᠬᠠᠮᠲᠤ ᠨᠡᠶᠢᠲᠡ ᠶᠢᠨ ᠠᠰᠢᠭ ᠲᠤᠰᠠ ᠪᠣᠯ ᠮᠦᠠ ᠴᠤ ᠬᠤᠪᠢ ᠬᠥᠮᠦᠨ ᠤ ᠠᠰᠢᠭ ᠲᠤᠰᠠ ᠶᠢᠨ ᠲᠦᠰᠢᠭ ᠮᠥᠨ ᠃ ᠤᠳᠤᠬᠠᠨ ᠳᠤ ᠵᠠᠷᠢᠮ ᠪᠠᠶᠢᠭᠤᠯᠭ᠎ᠠ ᠨᠢᠭᠡᠴᠡ ᠪᠤᠶᠤ ᠬᠤᠲᠠ ᠪᠠᠯᠭᠠᠰᠤ ᠂ ᠮᠠᠯᠵᠢᠬᠤ ᠲᠠᠷᠢᠶᠠᠯᠠᠬᠤ ᠣᠷᠣᠨ ᠳᠤ ᠪᠠᠰᠠ ᠥᠪᠡᠷ ᠢ ᠪᠠᠨ ᠯᠡ ᠪᠤᠳᠤᠭᠠᠳ ᠪᠤᠰᠤᠳ ᠢ ᠦᠯᠦ ᠬᠠᠶᠢᠬᠤᠷᠬᠤ ᠠᠮᠢᠨᠴᠢᠷ ᠦᠵᠡᠯ ᠂ ᠬᠤᠪᠢᠨᠴᠢᠷ ᠦᠵᠡᠯ ᠤᠨ ᠦᠵᠡᠭᠳᠡᠯ ᠣᠷᠣᠰᠢᠵᠤ ᠪᠠᠶᠢᠨ᠎ᠠ᠃ ᠵᠠᠷᠢᠮ ᠨᠢ ᠪᠤᠰᠤᠳ ᠬᠥᠮᠦᠨ ᠪᠤᠶᠤ ᠬᠠᠮᠲᠤ ᠨᠡᠶᠢᠳᠡ ᠶᠢᠨ ᠠᠰᠢᠭ ᠲᠤᠰᠠ ᠶᠢ ᠥᠴᠦᠬᠡᠨ ᠴᠦ ᠬᠠᠶᠢᠬᠤᠷᠬᠤ ᠦᠭᠡᠢ ᠂ ᠬᠠᠶᠠᠭᠠᠨ ᠳᠤᠨᠢ ᠬᠠᠶᠠᠵᠤ ᠂ ᠥᠪᠡᠷ ᠤᠨ ᠠᠰᠢᠭ ᠲᠤᠰᠠ ᠪᠠᠨ ᠯᠠ ᠪᠤᠳᠤᠵᠤ ᠂ ᠡᠭᠦᠳᠡᠨ ᠡᠮᠦᠨᠡᠬᠢ ᠴᠠᠰᠤ ᠪᠠᠨ ᠯᠠ ᠠᠷᠢᠯᠭᠠᠵᠤ ᠪᠠᠶᠢᠨ᠎ᠠ ︔ ᠵᠠᠷᠢᠮ ᠨᠢ ᠬᠤᠪᠢ ᠶᠢᠨ ᠠᠰᠢᠭ ᠲᠤᠰᠠ ᠶᠢᠨ ᠢᠶᠠᠨ ᠲᠥᠯᠥᠭᠡ ᠡᠯᠳᠡᠪ ᠠᠷᠭ᠎ᠠ ᠶᠢ ᠬᠡᠷᠡᠭᠯᠡᠨ ᠨᠢᠬᠡᠴᠡ ᠂ ᠬᠥᠷᠰᠢ ᠵᠡᠷᠭᠡᠯᠡᠳᠡᠭᠡ ᠪᠠ ᠨᠡᠶᠢᠭᠡᠮ ᠤᠨ ᠡᠶ᠎ᠡ ᠵᠣᠬᠢᠴᠠᠩᠭᠤᠢ ᠶᠢ ᠬᠦᠨᠳᠦ ᠨᠣᠴᠢᠲᠠᠢ ᠬᠤᠬᠢᠷᠠᠭᠤᠯᠵᠤ ᠪᠠᠶᠢᠨ᠎ᠠ ᠃ ᠳᠤᠰᠤᠯ ᠤᠰᠤ ᠲᠡᠯᠡᠢ ᠳᠤ ᠤᠷᠤᠪᠠᠯ ᠰᠠᠶ᠋ᠢ ᠡᠭᠦᠷᠢᠳᠡ ᠬᠠᠳᠠᠵᠤ ᠰᠢᠷᠭᠢᠬᠦ ᠥᠬᠡᠢ ᠭᠡᠳᠡᠭ ᠢ ᠪᠢᠳᠡ ᠰᠡᠷᠭᠡᠭ ᠢᠶᠠᠷ ᠲᠠᠨᠢᠬᠤ ᠬᠡᠷᠡᠭᠲᠡᠢ ᠃ ᠬᠥᠮᠦᠨ ᠨᠢᠭᠡ ᠪᠦᠷᠢ ᠪᠣᠯ ᠬᠠᠮᠲᠤ ᠨᠡᠶᠢᠲᠡ ᠶᠢᠨ ᠳᠣᠲᠣᠷᠠᠬᠢ ᠨᠢᠭᠡ ᠪᠦᠷᠢᠯᠳᠦᠬᠦᠨ ᠮᠥᠨ ᠂ ᠬᠠᠮᠲᠤ ᠨᠡᠶᠢᠲᠡ ᠶᠢᠨ ᠠᠮᠵᠢᠯᠲᠠ ᠪᠠ ᠬᠥᠭᠵᠢᠯᠲᠡ ᠨᠢ ᠪᠦᠷᠢᠯᠳᠦᠬᠦᠨ ᠨᠢᠭᠡ ᠪᠦᠷᠢ ᠶᠢᠨ ᠢᠳᠡᠪᠬᠢᠲᠡᠢ ᠣᠷᠣᠯᠴᠠᠯᠭ᠎ᠠ ᠪᠠ ᠬᠠᠮᠲᠤ ᠶᠢᠨ ᠴᠢᠷᠮᠠᠶᠢᠯᠭ᠎ᠠ ᠠᠴᠠ ᠰᠠᠯᠵᠤ ᠴᠢᠳᠠᠬᠤ ᠦᠭᠡᠢ ᠶᠤᠮ ᠂ ᠨᠡᠶᠢᠭᠡᠮ ᠤᠨ ᠬᠥᠭᠵᠢᠯᠲᠡ ᠂ ᠬᠠᠮᠲᠤ ᠨᠡᠶᠢᠲᠡ ᠶᠢᠨ ᠪᠤᠵᠠᠭᠠᠶᠢᠷᠠᠯ ᠨᠢ ᠪᠠᠰᠠ ᠬᠤᠪᠢ ᠬᠥᠮᠦᠨ ᠤ ᠦᠰᠦᠨ ᠪᠣᠶᠢᠵᠢᠯᠲᠠ ᠳᠤ ᠨᠡᠩ ᠥᠷᠭᠡᠨ ᠠᠭᠤᠳᠠᠮ ᠲᠠᠪᠴᠠᠩ ᠢ ᠪᠠᠶᠢᠭᠤᠯᠵᠤ ᠦᠭᠳᠡᠭ ᠃     ᠥᠭᠡᠷᠡᠴᠢᠯᠡᠯᠲᠡ ᠳᠤ ᠵᠦᠬᠡᠷ ᠬᠠᠷᠠᠵᠦ ᠰᠠᠭᠤᠭᠴᠢ ᠭᠡᠵᠦ ᠦᠭᠡᠢ ᠶᠤᠮ ᠃ ᠥᠪᠥᠷ ᠮᠣᠩᠭᠤᠯ ᠳᠤ ᠠᠪᠴᠤ ᠬᠡᠯᠡᠪᠡᠯ ᠂ ᠨᠠᠮ ᠤᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠭᠤᠷᠪᠠᠳᠤᠭᠠᠷ ᠪᠦᠬᠦᠳᠠ ᠬᠤᠷᠠᠯ ᠤᠨ ᠵᠣᠷᠢᠭ ᠰᠠᠨᠠᠭ᠎ᠠ ᠶᠢ ᠳᠣᠣᠱᠯᠠᠭᠤᠯᠣᠨ ᠨᠠᠶᠢᠳᠠᠪᠤᠷᠢᠵᠢᠭᠤᠯᠵᠤ ᠂ ᠥᠭᠡᠷᠡᠴᠢᠯᠡᠯᠲᠡ ᠶᠢ ᠤᠯᠠᠮ ᠨᠢᠭᠡ ᠠᠯᠬᠤᠮ ᠪᠦᠬᠦ ᠲᠠᠯ᠎ᠠ ᠪᠠᠷ ᠭᠦᠨᠵᠡᠭᠡᠶᠢᠷᠡᠭᠦᠯᠵᠦ ᠂ ᠰᠡᠳᠭᠢᠯ ᠨᠢᠭᠡᠳᠦᠨ ᠬᠦᠴᠦ ᠪᠠᠨ ᠬᠠᠮᠲᠤᠳᠬᠠᠵᠤ ᠬᠤᠶᠠᠷ ᠶᠡᠭᠡ ᠶᠠᠪᠤᠳᠠᠯ ᠢ ᠰᠠᠶᠢᠲᠤᠷ ᠬᠢᠵᠦ ᠂ ᠠᠵᠢᠯ ᠤᠨ ᠭᠤᠣᠯ ᠰᠢᠵᠢᠮ ᠢ ᠳᠣᠣᠱᠯᠠᠭᠤᠯᠬᠤ ᠲᠠᠯ᠎ᠠ ᠪᠠᠷ ᠰᠢᠨ᠎ᠡ ᠠᠮᠵᠢᠯᠲᠠ ᠪᠦᠲᠦᠮᠵᠢ ᠤᠯᠬᠤ ᠳᠤ ᠡᠷᠬᠡᠪᠰᠢ ᠨᠡᠶᠢᠳᠡᠴᠢ ᠤᠬᠠᠮᠰᠠᠷ ᠢ ᠪᠠᠲᠤ ᠪᠤᠢ ᠪᠣᠯᠭᠠᠬᠤ ᠬᠡᠷᠡᠭᠲᠡᠢ ᠃ ︽ᠡᠩ ᠤᠨ ᠴᠡᠷᠢᠭ ᠪᠠᠶᠢᠭᠰᠠᠨ ᠴᠤ ᠬᠡᠬᠦᠳᠡᠭ ᠴᠡᠭᠡᠵᠢᠨ ᠳᠡᠭᠡᠨ ᠵᠠᠩᠵᠤᠨ ᠤ ᠪᠤᠳᠤᠯᠭ᠎ᠠ ᠲᠠᠢ ᠪᠠᠶᠢᠬᠤ ︾ ᠤᠬᠠᠮᠰᠠᠷ ᠲᠠᠢ ᠪᠠᠶᠢᠵᠤ ᠂ ᠪᠠᠭ᠎ᠠ ᠲᠠᠯ᠎ᠠ ᠠᠴᠠ ᠦᠰᠦᠷᠤᠨ ᠭᠠᠷᠴᠤ ᠂ ᠬᠡᠰᠡᠭ ᠲᠠᠯ᠎ᠠ ᠶᠢᠨ ᠠᠰᠢᠭ ᠤᠨ ᠲᠦᠯᠦᠭᠡ ᠶᠡᠭᠡ ᠲᠠᠯ᠎ᠠ ᠶᠢ ᠦᠯᠦ ᠬᠠᠶᠢᠬᠤᠷᠬᠤ ᠶᠢ ᠴᠡᠭᠡᠷᠯᠡᠵᠦ ᠂ ᠪᠠᠭ᠎ᠠ ᠰᠠᠭ᠎ᠠ ᠶᠠᠭᠤᠮ᠎ᠠ ᠶᠢ ᠬᠥᠭᠡᠭᠡᠴᠡᠯᠳᠦᠬᠦ ᠪᠠᠨ ᠪᠤᠯᠢᠵᠤ ᠂ ᠣᠯᠵᠤ ᠠᠯᠳᠠᠬᠤ ᠶᠢ ᠯᠠ ᠪᠤᠳᠤᠬᠤ ᠪᠠᠨ ᠪᠤᠯᠢᠵᠤ ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠳᠠ ᠶᠢᠨ ᠥᠪᠥᠷ ᠮᠣᠩᠭᠤᠯ ᠤᠨ ᠦᠢᠯᠡᠳᠦᠯᠭᠡ ᠶᠢᠨ ︽ᠨᠠᠷᠢᠯᠢᠭ ᠵᠢᠷᠤᠭ ︾ ᠢ ᠬᠠᠮᠲᠤ ᠪᠠᠷ ᠵᠢᠷᠤᠭᠯᠠᠬᠤ ᠬᠡᠷᠡᠭᠲᠡᠢ ᠃     ᠨᠠᠮ ᠤᠨ ᠭᠡᠰᠢᠭᠦᠨ ᠺᠠᠳ᠋ᠷᠴᠤᠳ ᠪᠣᠯ ᠠᠵᠢᠯ ᠬᠢᠵᠦ ᠦᠢᠯᠡᠰ ᠪᠤᠰᠬᠠᠬᠤ ᠭᠤᠣᠯᠯᠠᠭᠴᠢ ᠬᠦᠴᠦᠨ ᠂ ᠡᠮᠦᠨ᠎ᠡ ᠨᠢ ᠭᠠᠪᠰᠢᠭᠠᠶᠢᠯᠠᠬᠤ ᠭᠤᠣᠯᠯᠠᠭᠴᠢ ᠬᠦᠴᠦᠨ ᠮᠥᠨ ᠃ ᠨᠡᠶᠢᠳᠡᠴᠢ ᠤᠬᠠᠮᠰᠠᠷ ᠢ ᠪᠠᠲᠤ ᠪᠣᠢ ᠪᠣᠯᠭᠠᠬᠤ ᠳᠤ ᠥᠷᠭᠡᠨ ᠣᠯᠠᠨ ᠨᠠᠮ ᠤᠨ ᠭᠡᠰᠢᠭᠦᠨ ᠺᠠᠳ᠋ᠷᠴᠤᠳ ᠪᠡᠶ᠎ᠡ ᠪᠠᠷ ᠢᠶᠠᠨ ᠬᠡᠪ ᠲᠠᠭᠤᠷᠢᠶᠠᠯ ᠪᠣᠯᠵᠣ ᠂ ᠵᠣᠷᠢᠭᠲᠠᠢ ᠪᠠᠷ ᠲᠦᠷᠦᠭᠦᠯᠡᠨ ᠬᠢᠵᠦ ᠂ ᠬᠤᠶᠠᠷ ᠶᠡᠭᠡ ᠶᠠᠪᠤᠳᠠᠯ ᠢ ᠰᠠᠶᠢᠲᠤᠷ ᠬᠢᠬᠦ ᠬᠠᠷᠢᠭᠤᠴᠠᠯᠭ᠎ᠠ ᠡᠭᠦᠷᠭᠡᠯᠡᠯ ᠤᠨ ᠳᠤᠮᠳᠠ ᠂ ᠠᠷᠠᠳ ᠤᠨ ᠠᠮᠢᠳᠤᠷᠠᠯ ᠤᠨ ᠠᠵᠨ ᠵᠢᠷᠭᠠᠯ ᠢ ᠲᠠᠰᠤᠷᠠᠯᠲᠠ ᠥᠬᠡᠢ ᠨᠡᠮᠡᠭᠳᠡᠭᠦᠯᠬᠦ ᠢᠳᠡᠪᠬᠢᠲᠡᠢ ᠠᠵᠢᠯᠯᠠᠭᠠᠨ ᠤ ᠳᠤᠮᠳᠠ ᠂ ᠠᠭᠤᠯᠠ ᠳᠠᠭᠠᠷᠠᠪᠠᠯ ᠵᠠᠮ ᠨᠡᠭᠡᠭᠡᠵᠦ ᠂ ᠤᠰᠤ ᠳᠠᠭᠠᠷᠠᠪᠠᠯ ᠬᠥᠭᠦᠷᠭᠡ ᠲᠠᠯᠪᠢᠵᠤ ᠂ ᠦᠨᠡᠨ ᠬᠦ ᠠᠳᠬᠤᠨ ᠪᠣᠳᠠᠲᠠᠢ ᠠᠵᠢᠯᠯᠠᠵᠤ ᠡᠯ᠎ᠡ ᠵᠦᠶᠯ ᠤᠨ ᠥᠭᠡᠷᠡᠴᠢᠯᠡᠯᠲᠡ ᠶᠢᠨ ᠠᠷᠭ᠎ᠠ ᠬᠡᠮᠵᠢᠶ᠎ᠡ ᠶᠢ ᠰᠠᠶᠢᠲᠤᠷ ᠨᠠᠷᠢᠯᠢᠭ ᠨᠠᠶᠢᠳᠠᠪᠤᠷᠢᠵᠢᠭᠤᠯᠵᠤ ᠂ ᠠᠵᠢᠯ ᠤᠨ ᠭᠤᠤᠯ ᠰᠢᠵᠢᠮ ᠢ ᠳᠣᠣᠱᠯᠠᠭᠤᠯᠬᠤ ᠲᠠᠯ᠎ᠠ ᠪᠠᠷ ᠪᠥᠬᠦ ᠬᠦᠴᠦᠨ ᠢᠶᠠᠷ ᠢᠶᠠᠨ ᠰᠢᠨ᠎ᠡ ᠦᠷ᠎ᠡ ᠪᠦᠲᠦᠮᠵᠢ ᠤᠯᠬᠤ ᠬᠡᠷᠡᠭᠲᠡᠢ ᠃     ᠲᠡᠦᠬᠡ ᠶᠢᠨ ᠰᠦᠷ ᠳᠠᠯᠠᠶᠢᠴᠠ ᠨᠢ ᠠᠷᠠᠳ ᠲᠦᠮᠡᠨ ᠤ ᠬᠠᠮᠲᠤ ᠶᠢᠨ ᠲᠡᠮᠡᠴᠡᠯ ᠳᠤ ᠪᠠᠶᠢᠳᠠᠭ ᠃ ᠨᠡᠶᠢᠳᠡᠴᠢ ᠤᠬᠠᠮᠰᠠᠷ ᠢ ᠪᠠᠲᠤ ᠪᠤᠢ ᠪᠣᠯᠭᠠᠬᠤ ᠳᠤ ᠂ ᠥᠪᠥᠷ ᠮᠣᠩᠭᠤᠯ ᠤᠨ ᠬᠥᠮᠦᠨ ᠪᠦᠷᠢ ᠰᠡᠳᠭᠢᠯ ᠨᠢᠭᠡᠳᠦᠨ ᠬᠦᠴᠦ ᠪᠠᠨ ᠬᠠᠮᠲᠤᠳᠬᠠᠵᠤ ᠂ ᠡᠬᠢᠯᠡᠬᠦᠯᠦᠨ ᠬᠢᠵᠤ ᠡᠷᠡᠮᠡᠬᠡᠶᠢᠯᠡᠨ ᠴᠢᠷᠮᠠᠶᠢᠵᠦ ᠂ ᠲᠤᠬᠠᠶᠢᠯᠠᠭᠰᠠᠨ ᠠᠵᠢᠯ ᠤᠨ ᠪᠠᠶᠢᠷᠢ ᠠᠴᠠ ᠪᠠᠨ ᠡᠭᠦᠰᠴᠦ ᠂ ᠡᠳᠦᠷ ᠲᠤᠳᠤᠮ ᠤᠨ ᠠᠮᠢᠳᠤᠷᠠᠯ ᠠᠴᠠ ᠡᠬᠢᠯᠡᠵᠦ ᠂ ᠬᠠᠨᠴᠤᠢ ᠰᠢᠮᠠᠯᠠᠨ ᠴᠢᠷᠮᠠᠶᠢᠨ ᠠᠵᠢᠯᠯᠠᠬᠤ ᠴᠤᠭ ᠰᠦᠯᠳᠡ ᠪᠠᠷ ᠂ ᠬᠤᠪᠢ ᠬᠦᠮᠦᠨ ᠬᠠᠮᠳᠤ ᠨᠡᠶᠢᠳᠡ ᠶᠢᠨ ᠲᠦᠯᠦᠭᠡ ᠴᠢᠷᠮᠠᠶᠢᠵᠤ ᠂ ᠬᠦᠮᠦᠨ ᠪᠦᠷᠢ ᠪᠦᠯᠬᠦᠮᠳᠡᠨ ᠬᠠᠮᠳᠤ ᠨᠡᠶᠢᠳᠡ ᠪᠤᠯᠵᠤ ᠂ ᠬᠤᠪᠢ ᠬᠦᠮᠦᠨ ᠤ ᠠᠮᠵᠢᠯᠳᠠ ᠪᠦᠲᠦᠮᠵᠢ ᠶᠢ ᠬᠤᠷᠠᠮᠳᠤᠭᠤᠯᠤᠨ ᠬᠠᠮᠳᠤ ᠨᠡᠶᠢᠳᠡ ᠶᠢᠨ ᠠᠮᠵᠢᠯᠳᠠ ᠪᠦᠲᠦᠮᠵᠢ ᠶᠢ ᠤᠯᠵᠤ ᠂ ᠬᠠᠮᠲᠤ ᠪᠠᠷ ᠥᠭᠡᠷᠡᠴᠢᠯᠡᠯᠲᠡ ᠶᠢᠨ ᠲᠥᠯᠥᠭᠡ ᠠᠷᠭ᠎ᠠ ᠤᠬᠠᠭᠠᠨ ᠰᠦᠪᠡᠭᠴᠢᠯᠡᠵᠦ ᠂ ᠬᠠᠮᠲᠤ ᠪᠠᠷ ᠥᠭᠡᠷᠡᠴᠢᠯᠡᠯᠲᠡ ᠶᠢᠨ ᠲᠥᠯᠥᠭᠡ ᠬᠦᠴᠦᠯᠡᠵᠦ ᠂ ᠰᠢᠨ᠎ᠡ ᠵᠠᠮ ᠨᠡᠭᠡᠭᠡᠵᠦ ᠳᠤᠮᠳᠠ ᠲᠦᠪᠰᠢᠨ ᠳᠤ ᠤᠷᠤᠬᠤ ᠳᠤ ᠰᠢᠨ᠎ᠡ ᠵᠢᠳᠬᠦᠯ ᠴᠢᠷᠮᠠᠶᠢᠯᠭ᠎ᠠ ᠭᠠᠷᠭᠠᠬᠤ ᠬᠡᠷᠡᠭᠲᠡᠢ ᠃     ᠨᠡᠶᠢᠳᠡᠴᠢ ᠤᠬᠠᠮᠰᠠᠷ ᠢ ᠪᠠᠲᠤ ᠪᠤᠢ ᠪᠣᠯᠭᠠᠬᠤ ᠳᠤ ᠪᠠᠰᠠ ᠡᠭᠦᠳᠬᠦ ᠪᠠ ᠪᠣᠶᠢᠵᠢᠭᠤᠯᠬᠤ ᠳᠡᠭᠡᠷ᠎ᠡ ᠬᠦᠴᠦ ᠲᠠᠯᠪᠢᠬᠤ ᠬᠡᠷᠡᠭᠲᠡᠢ ᠃ ᠨᠡᠶᠢᠳᠡᠴᠢ ᠦᠵᠡᠯ ᠤᠨ ᠬᠥᠮᠦᠵᠢᠯ ᠢ ᠭᠦᠨᠵᠡᠭᠡᠶᠢᠷᠡᠭᠦᠯᠵᠦ ᠂ ᠬᠥᠮᠦᠨ ᠪᠠ ᠶᠠᠪᠤᠳᠠᠯ ᠤᠨ ᠬᠢᠨᠢ ᠬᠢᠷᠢ ᠪᠠᠷ ᠤᠷᠮᠠᠰᠢᠭᠤᠯᠤᠨ ᠵᠣᠷᠢᠭᠵᠢᠭᠤᠯᠬᠤ ᠂ ᠳᠦᠷᠢᠮ ᠲᠣᠭᠲᠠᠭᠠᠬᠤ ᠂ ᠵᠠᠯᠬᠠᠭᠠᠨ ᠴᠡᠭᠡᠷᠯᠡᠭᠦᠯᠬᠦ ᠵᠠᠷᠢᠮ ᠠᠷᠭ᠎ᠠ ᠬᠡᠮᠵᠢᠶ᠎ᠡ ᠶᠢ ᠰᠤᠳᠤᠯᠤᠨ ᠲᠣᠭᠲᠠᠭᠠᠵᠤ ᠂ ᠬᠥᠮᠦᠰ ᠢ ᠬᠥᠲᠥᠯᠥᠨ ᠵᠢᠯᠣᠭᠤᠳᠴᠤ ᠪᠠᠶᠢᠭᠠᠳ ︽ᠬᠥᠮᠦᠨ ᠪᠦᠬᠦᠨ ᠮᠢᠨᠦ ᠲᠥᠯᠥᠭᠡ ᠪᠠᠶᠢᠬᠤ ᠂ ᠪᠢ ᠬᠥᠮᠦᠨ ᠪᠦᠬᠦᠨ ᠤ ᠲᠥᠯᠥᠭᠡ ᠪᠠᠶᠢᠬᠤ ︾ ᠪᠠ ︽ᠬᠠᠮᠲᠤ ᠨᠡᠶᠢᠲᠡ ᠰᠠᠶᠢᠨ ᠪᠤᠯᠪᠠᠯ ᠬᠤᠪᠢ ᠬᠦᠮᠦᠨ ᠨᠡᠩ ᠰᠠᠶᠢᠨ ᠪᠤᠯᠬᠤ ︾ ᠣᠶᠢᠯᠠᠭᠠᠭᠳᠠᠬᠤᠨ ᠢ ᠪᠤᠢ ᠪᠣᠯᠭᠠᠵᠤ ᠂ ᠤᠬᠠᠮᠰᠠᠷ ᠠᠴᠠ ᠪᠠᠨ ᠨᠡᠶᠢᠲᠡ ᠶᠢᠨ ᠡᠳ᠋ ᠪᠣᠳᠠᠰ ᠢ ᠬᠠᠶᠢᠷᠠᠯᠠᠨ ᠬᠠᠮᠠᠭᠠᠯᠠᠵᠤ ᠂ ᠨᠡᠶᠢᠲᠡ ᠶᠢᠨ ᠠᠰᠢᠭ ᠲᠤᠰᠠ ᠶᠢ ᠬᠠᠮᠠᠭᠠᠯᠠᠵᠤ ᠂ ᠶᠠᠪᠤᠳᠠᠯ ᠪᠠᠶᠢᠪᠠᠯ ᠬᠠᠮᠲᠤ ᠪᠠᠷ ᠬᠢᠬᠦ ᠂ ᠬᠦᠴᠢᠷ ᠪᠠᠶᠢᠪᠠᠯ ᠬᠠᠮᠲᠤ ᠪᠠᠷ ᠡᠭᠦᠷᠭᠡᠯᠡᠬᠦ ᠂ ᠦᠷ᠎ᠡ ᠪᠦᠲᠦᠭᠡᠯ ᠢ ᠬᠠᠮᠲᠤ ᠪᠠᠷ ᠡᠳ᠋ᠯᠡᠬᠦ ᠬᠡᠷᠡᠭᠲᠡᠢ ᠃     ᠬᠠᠮᠲᠤ ᠨᠡᠶᠢᠳᠡ ᠪᠤᠵᠠᠭᠠᠶᠢᠷᠠᠬᠤ ᠲᠤᠳᠤᠮ ᠬᠤᠪᠢ ᠬᠥᠮᠦᠨ ᠲᠡᠳᠦᠢ ᠭᠤᠶᠤ ᠂ ᠲᠡᠳᠦᠢ ᠡᠷᠬᠢᠮ ᠳᠡᠭᠡᠳᠦ ᠪᠤᠯᠵᠤ ᠴᠢᠳᠠᠨ᠎ᠠ ᠭᠡᠵᠦ ᠨᠢᠭᠡᠨ ᠰᠤᠷᠭᠠᠨ ᠬᠦᠮᠦᠵᠢᠯᠳᠡᠨ ᠬᠡᠯᠡᠵᠦ ᠥᠩᠭᠡᠷᠡᠭᠰᠡᠨ ᠪᠢᠯᠡ ᠃ ᠬᠤᠪᠢ ᠬᠥᠮᠦᠨ ᠤ ᠦᠷᠳᠡᠭ ᠢᠶᠠᠨ ᠨᠡᠶᠢᠭᠡᠮ ᠤᠨ ᠬᠤᠪᠢ ᠨᠡᠮᠡᠷᠢ ᠲᠠᠢ ᠵᠣᠯᠭᠠᠭᠤᠯᠵᠤ ᠂ ᠬᠤᠪᠢ ᠬᠥᠮᠦᠨ ᠤ ᠦᠷᠳᠡᠭ ᠢᠶᠠᠨ ᠬᠠᠮᠲᠤ ᠨᠡᠶᠢᠳᠡ ᠶᠢᠨ ᠶᠡᠭᠡ ᠬᠠᠶᠢᠷ᠎ᠠ ᠪᠣᠯᠤᠨ ᠲᠡᠮᠡᠴᠡᠯ ᠳᠤᠮᠳᠠ ᠲᠠᠯᠪᠢᠵᠤ ᠂ ᠠᠵᠢᠯ ᠤᠨ ᠭᠤᠣᠯ ᠰᠢᠵᠢᠮ ᠢ ᠭᠤᠶᠢᠪᠢᠰᠢ ᠦᠭᠡᠢ ᠰᠠᠶᠢᠲᠤᠷ ᠳᠣᠣᠱᠯᠠᠭᠤᠯᠵᠦ ᠂ ᠪᠦᠯᠬᠦᠮᠳᠡᠨ ᠨᠢᠭᠡᠳᠴᠦ ᠪᠠᠶᠢᠭᠠᠳ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠶᠡᠭᠡ ᠲᠠᠯ᠎ᠠ ᠳᠠᠬᠢ ᠥᠪᠥᠷ ᠮᠣᠩᠭᠤᠯ ᠤᠨ ᠴᠢᠬᠤᠯᠠ ᠬᠠᠷᠢᠭᠤᠴᠠᠯᠭ᠎ᠠ ᠪᠣᠯᠤᠨ ᠬᠦᠨᠳᠦ ᠡᠭᠦᠷᠭᠡ ᠶᠢ ᠡᠭᠦᠷᠭᠡᠯᠡᠪᠡᠯ ᠮᠠᠨ ᠤ ᠦᠢᠯᠡᠰ ᠯᠠᠪᠲᠠᠢ ᠴᠤᠴᠠᠯᠲᠠ ᠦᠭᠡᠢ ᠦᠬᠡᠳᠡᠯᠡᠵᠤ ᠂ ᠯᠠᠪᠲᠠᠢ ᠬᠦᠭᠵᠢᠨ ᠪᠠᠳᠠᠷᠠᠵᠦ ᠂ ᠢᠷᠡᠭᠡᠳᠦᠢ ᠯᠠᠪᠲᠠᠢ ᠬᠢᠵᠠᠭᠠᠯᠠᠰᠢ ᠦᠭᠡᠢ ᠭᠡᠭᠡᠨ ᠰᠠᠷᠠᠭᠤᠯ ᠪᠣᠯᠬᠤ ᠶᠤᠮ ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号