ᠠᠯᠠᠱᠠ ᠶᠢᠨ ᠪᠠᠭᠠᠲᠤᠷᠴᠤᠳ ᠤᠨ ᠴᠤᠭᠯᠠᠭᠠᠨ ᠤ ᠦᠶᠯᠡᠴᠢᠯᠡᠭᠡ ᠪᠠᠲᠤᠯᠠᠭ᠎ᠠ ᠶᠢᠨ ᠠᠵᠢᠯ ᠡᠮᠬᠢ ᠵᠢᠷᠤᠮ ᠲᠠᠢ ᠶᠠᠪᠤᠭᠳᠠᠵᠤ ᠪᠠᠶᠢᠨ᠎ᠠ
ᠨᠡᠶᠢᠲᠡᠯᠡᠭᠰᠡᠨ ᠴᠠᠭ᠄
2024/9/20
    2024 ᠣᠨ ᠤ ᠠᠯᠠᠱᠠ ᠶᠢᠨ ᠪᠠᠭᠠᠲᠤᠷᠴᠤᠳ ᠤᠨ ᠴᠤᠭᠯᠠᠭᠠᠨ ᠤ ᠪᠡᠯᠡᠳᠬᠡᠯ ᠠᠵᠢᠯ ᠰᠢᠪᠳᠤᠷᠭᠠᠨ ᠳᠠᠭᠠᠨ ᠤᠷᠤᠵᠠᠢ ᠃ ᠤᠶᠢᠷ᠎ᠠ ᠶᠢᠨ ᠡᠳᠦᠷ ᠂ ᠰᠤᠷᠪᠤᠯᠵᠢᠯᠠᠭᠴᠢ ᠠᠯᠠᠱᠠ ᠶᠢᠨ ᠬᠦᠰᠡᠯ ᠮᠦᠷᠦᠬᠡᠳᠦᠯ ᠡᠯᠡᠰᠦ ᠮᠠᠩᠬᠠᠨ ᠤ ᠴᠡᠴᠡᠷᠯᠢᠭ ᠲᠤ ᠬᠦᠷᠬᠦ ᠳᠤ ᠪᠠᠷᠢᠯᠭ᠎ᠠ ᠶᠢᠨ ᠠᠵᠢᠯᠲᠠᠳ ᠴᠠᠭ ᠢ ᠵᠡᠪᠳᠤᠨ ᠶᠠᠭᠠᠷᠠᠯᠳᠡᠢ ᠠᠵᠢᠯᠯᠠᠵᠦ ᠂ ᠵᠠᠮ ᠱᠤᠭᠤᠮ ᠢ ᠰᠢᠨᠡᠳᠬᠡᠬᠦ ᠂ ᠤᠰᠤ ᠴᠠᠬᠢᠯᠭᠠᠨ ᠤ ᠲᠥᠬᠦᠭᠡᠷᠦᠮᠵᠢ ᠶᠢ ᠥᠭᠡᠷᠡᠴᠢᠯᠡᠬᠦ ᠂ ᠰᠦᠯᠵᠢᠶᠡᠨ ᠤ ᠴᠢᠮᠡᠭᠡ ᠬᠤᠯᠪᠣᠭ᠎ᠠ ᠶᠢ ᠲᠡᠰ ᠳᠡᠪᠰᠢᠭᠦᠯᠬᠦ ᠵᠡᠷᠭᠡ ᠠᠵᠢᠯ ᠡᠮᠬᠢ ᠴᠡᠭᠴᠡ ᠲᠠᠢ ᠶᠠᠪᠤᠭᠳᠠᠵᠤ ᠪᠠᠶᠢᠯ᠎ᠠ ᠃     ︽᠎ 6 ᠰᠠᠷ᠎ᠠ ᠠᠴᠠ ᠨᠠᠭᠠᠰᠢ ᠪᠢᠳᠡ ᠬᠦᠷᠢᠶᠡᠯᠡᠩ ᠲᠣᠭᠤᠷᠢᠭ ᠲᠤ ᠰᠢᠪᠡᠷ ᠰᠢᠷᠣᠢ ᠶᠢ ᠴᠡᠪᠡᠷᠯᠡᠬᠦ ᠲᠡᠭᠰᠢᠯᠡᠬᠦ ᠠᠵᠢᠯ ᠢᠶᠠᠨ ᠡᠬᠢᠯᠡᠬᠦᠯᠦᠭᠰᠡᠨ ᠪᠦᠬᠡᠳ ᠬᠦᠷᠢᠶ᠎ᠡ ᠬᠠᠰᠢᠶ᠎ᠠ ᠂ ᠵᠠᠮ ᠤᠨ ᠰᠠᠭᠤᠷᠢ ᠶᠢᠨ ᠬᠠᠵᠠᠭᠤ ᠂ ᠵᠠᠷ ᠢᠯᠡᠷᠬᠡᠶᠢᠯᠡᠯ ᠂ ᠡᠬᠦᠳᠠ ᠬᠠᠭᠠᠯᠭ᠎ᠠ ᠂ ᠡᠯᠧᠺᠲᠷᠣᠨ ᠬᠢᠨᠠᠨ ᠡᠵᠡᠮᠰᠢᠯ ᠵᠢᠴᠢ ᠤᠰᠤ ᠴᠠᠬᠢᠯᠭᠠᠨ ᠤ ᠲᠤᠤᠷᠵᠢᠯ ᠢ ᠰᠠᠯᠪᠢᠨ ᠵᠠᠰᠠᠵᠦ ᠥᠭᠡᠷᠡᠴᠢᠯᠡᠨ ᠳᠡᠰ ᠳᠡᠪᠰᠢᠭᠦᠯᠵᠠᠢ ᠃ ᠡᠬᠦᠨ ᠠᠴᠠ ᠭᠠᠳᠠᠨ᠎ᠠ ᠂ ᠳᠡᠯᠭᠡᠭᠡ ᠮᠠᠶᠢᠮᠠᠢ ᠶᠢᠨ ᠪᠠᠶᠢᠷᠢ ᠂ ᠳᠡᠯᠭᠡᠨ ᠦᠵᠡᠭᠦᠯᠬᠡ ᠶᠢᠨ ᠪᠠᠶᠢᠷᠢ ᠂ ᠠᠷᠠᠯᠵᠢᠶᠠᠴᠢᠨ ᠤᠷᠢᠬᠤ ᠪᠠ ᠤᠬᠠᠭᠤᠯᠤᠨ ᠪᠣᠷᠣᠯᠠᠭᠤᠯᠬᠤ ᠠᠵᠢᠯ ᠴᠤ ᠤᠳᠤᠬᠠᠨ ᠳᠤ ᠨᠢᠬᠡᠨᠳᠠ ᠰᠢᠪᠳᠤᠷᠭᠠᠨ ᠳᠠᠭᠠᠨ ᠤᠷᠤᠭᠰᠠᠨ ᠪᠠᠶᠢᠨ᠎ᠠ ︾ ᠬᠡᠵᠦ ᠠᠯᠠᠱᠠ ᠵᠡᠭᠦᠨ ᠬᠤᠰᠢᠭᠤᠨ ᠤ ᠰᠣᠶᠣᠯ ᠵᠢᠭᠤᠯᠴᠢᠯᠠᠯ ᠤᠨ ᠪᠦᠯᠦᠭᠯᠡᠯ ᠤᠨ ᠳᠡᠳ᠋ ᠶᠡᠷᠦᠩᠬᠡᠢ ᠳᠠᠭᠠᠭᠠᠮᠠᠯ ᠾᠧ ᡁᠢ ᠭᠦᠸᠧ ᠰᠤᠷᠪᠤᠯᠵᠢᠯᠠᠭᠴᠢ ᠳᠤ ᠬᠡᠯᠡᠪᠡ ᠃     ᠡᠬᠦᠨ ᠠᠴᠠ ᠭᠠᠳᠠᠨ᠎ᠠ ᠂ ᠨᠠᠶᠢᠷ ᠤᠨ ᠲᠠᠯᠠᠪᠠᠢ ᠶᠢᠨ ᠣᠷᠴᠢᠨ ᠲᠣᠭᠤᠷᠢᠨ ᠴᠡᠪᠡᠷ ᠲᠡᠭᠰᠢ ᠪᠠᠶᠢᠬᠤ ᠶᠢ ᠪᠠᠲᠤᠯᠠᠬᠤ ᠶᠢᠨ ᠲᠥᠯᠥᠭᠡ ᠂ ᠠᠯᠠᠱᠠ ᠵᠡᠭᠦᠨ ᠬᠤᠰᠢᠭᠤᠨ ᠤ ᠬᠤᠲᠠ ᠶᠢᠨ ᠦᠵᠡᠮᠵᠢ ᠣᠷᠴᠢᠨ ᠲᠣᠭᠤᠷᠢᠨ ᠤ ᠠᠷᠢᠭᠤᠨ ᠴᠡᠪᠡᠷ ᠢ ᠪᠠᠳᠣᠯᠠᠬᠤ ᠲᠥᠪ ᠤᠨ ᠬᠢᠨ ᠨᠢᠭᠡᠨᠲᠡ 500 ᠭᠠᠷᠤᠢ ᠠᠵᠢᠯᠳᠠᠨ︵ᠤᠳᠠᠭ᠎ᠠ ︶᠎ ᠢ ᠲᠣᠮᠢᠯᠠᠨ ᠡᠮᠦᠨᠡᠬᠢ ᠬᠤᠭᠤᠴᠠᠭᠠᠨ ᠤ ᠴᠡᠪᠡᠷᠯᠡᠵᠦ ᠲᠢᠭᠯᠡᠬᠦ ᠠᠵᠢᠯ ᠢ ᠥᠷᠨᠢᠭᠦᠯᠪᠡ ᠃ ᠣᠲᠣ ᠪᠣᠯᠲᠠᠯ᠎ᠠ ᠂ 38 ᠬᠤᠪᠢ ᠬᠤᠭ ᠨᠤᠪᠰᠢ ᠶᠢ ᠴᠡᠪᠡᠷᠯᠡᠨ ᠲᠡᠭᠡᠭᠡᠪᠦᠷᠢᠯᠡᠵᠦ ᠂ ᠵᠢᠵᠢᠭ ᠬᠡᠯᠪᠡᠷᠢ ᠶᠢᠨ 53 ᠵᠤᠷᠯᠤᠩ ᠢ ᠠᠷᠢᠭᠤᠳᠬᠠᠨ ᠴᠡᠪᠡᠷᠯᠡᠭᠰᠡᠨ ᠪᠤᠶᠤ ᠰᠠᠯᠪᠢᠨ ᠵᠠᠰᠠᠵᠦ ᠂ ᠲᠣᠭᠤᠷᠢᠭ ᠬᠡᠯᠪᠡᠷᠢᠲᠦ 4 ᠲᠤᠮᠤ ᠵᠤᠷᠯᠤᠩ ᠤᠨ ᠲᠡᠬᠡᠪᠦᠷ ᠢ ᠰᠠᠯᠪᠢᠨ ᠵᠠᠰᠠᠬᠤ ᠠᠵᠢᠯ ᠢ ᠪᠡᠶᠡᠯᠡᠭᠦᠯᠦᠭᠰᠡᠨ ᠪᠠᠶᠢᠨ᠎ᠠ ᠃
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号