ᠣᠶᠢᠷ᠎ᠠ ᠳᠤ᠂ ᠡᠵᠡᠨ᠎ᠡ ᠬᠤᠰᠢᠭᠤᠨ ᠤ ᠳ᠋ᠦᠩᠹᠧᠩ ᠪᠠᠯᠭᠠᠰᠤᠨ ᠤ ᠭᠤᠷᠣᠨᠠᠢ ᠭᠠᠴᠠᠭ᠎ᠠ᠂ ᠤᠯᠠᠭᠠᠨᠨᠠᠭᠤᠷ | ᠭᠠᠴᠠᠭᠠᠨ ᠳᠤ ᠥᠪᠡᠷᠲᠡᠭᠡᠨ ᠵᠠᠰᠠᠬᠤ ᠣᠷᠣᠨ ᠤ ᠲᠠᠰ ᠤᠨ ᠲᠥᠷᠥᠯ ᠵᠦᠢᠯ ᠪᠣᠯᠬᠤ ᠴᠠᠬᠢᠯᠭᠠᠨ ᠨᠡᠪᠳᠡᠷᠡᠬᠦᠯᠬᠦ | ᠢᠨᠵᠧᠨᠧᠷᠢᠩ ᠢ ᠡᠬᠢᠯᠡᠬᠦᠯᠤᠯᠡ᠃ | ᠲᠣᠰ ᠤᠳᠠᠭᠠᠨ ᠤ ᠴᠠᠬᠢᠯᠭᠠᠨ ᠨᠡᠪᠲᠡᠷᠡᠭᠦᠯᠬᠦ ᠲᠥᠷᠥᠯ ᠵᠦᠢᠯ ᠨᠢ ᠭᠤᠷᠣᠨᠠᠢ ᠳᠠᠬᠢ ᠲᠤᠤᠷᠵᠢᠯ ᠢ ᠨᠡᠪᠳᠡᠷᠡᠬᠦᠯᠬᠦ | 2 ᠵᠦᠢᠯ ᠤᠨ ᠢᠨᠵᠧᠨᠧᠷᠢᠩ ᠪᠠᠶᠢᠵᠣ᠂ 5170 ᠭᠠᠷᠤᠢ ᠲᠦᠮᠡᠨ ᠲᠥᠭᠦᠷᠢᠭ ᠤᠨ ᠪᠡᠯᠡ ᠣᠷᠣᠭᠤᠯᠬᠤ ᠪᠠᠷ | ᠲᠥᠯᠥᠪᠯᠡᠵᠦ ᠪᠠᠶᠢᠨ᠎ᠠ᠃ ᠲᠣᠰ ᠲᠥᠷᠥᠯ ᠵᠦᠢᠯ ᠢ ᠳᠠᠯᠠᠶᠢᠬᠦ᠋ᠪ ᠪᠠᠯᠭᠠᠰᠤ ᠠᠴᠠ ᠡᠮᠣᠨᠡᠰᠢᠬᠢ 35 ᠺᠢᠯᠣᠸᠠᠲ ᠤᠨ | ᠬᠦᠴᠦᠳᠡᠯ ᠥᠭᠡᠷᠡᠴᠢᠯᠡᠬᠦ ᠥᠷᠲᠡᠭᠡ ᠶᠢ ᠥᠷᠭᠡᠳᠭᠡᠨ ᠪᠠᠶᠢᠭᠤᠯᠵᠤ᠂ 35 ᠺᠢᠯᠣᠮᠧᠲᠷ ᠤᠨ ᠱᠤᠭᠤᠮ ᠢ 135.85 | ᠺᠢᠯᠣᠮᠧᠲᠷ᠂ 10 ᠺᠢᠯᠣᠸᠠᠲ ᠤᠨ ᠱᠤᠭᠤᠮ ᠢ 36 ᠺᠢᠯᠣᠮᠧᠲᠷ᠂ 0.4 ᠺᠢᠯᠣᠸᠠᠲ ᠤᠨ ᠱᠤᠭᠤᠮ ᠢ 12 | ᠺᠢᠯᠣᠮᠧᠲᠷ ᠰᠢᠨ᠎ᠡ ᠪᠠᠷ ᠪᠠᠶᠢᠭᠤᠯᠵᠤ᠂ ᠰᠢᠨ᠎ᠡ ᠪᠠᠷ ᠪᠠᠶᠢᠭᠤᠯᠤᠭᠰᠠᠨ ᠱᠤᠭᠤᠮ ᠤᠨ ᠳᠠᠭᠠᠤ 42 ᠬᠦᠴᠦᠳᠡᠯ | ᠥᠭᠡᠷᠡᠴᠢᠯᠡᠭᠴᠢ ᠪᠠᠶᠢᠭᠤᠯᠵᠤ᠂ ᠶᠡᠷᠦᠩᠬᠡᠢ ᠪᠠᠭᠲᠠᠭᠠᠮᠵᠢ ᠨᠢ 4950 ᠺᠢᠯᠣᠸᠠᠲ ᠠᠮᠫᠧᠷ ᠪᠣᠯᠣᠨ᠎ᠠ᠃ ᠲᠥᠷᠥᠯ | ᠵᠦᠢᠯ ᠪᠠᠶᠢᠭᠤᠯᠤᠭᠳᠠᠭᠰᠠᠨ ᠤ ᠳᠠᠷᠠᠭ᠎ᠠ ᠡᠵᠡᠨ᠎ᠡ ᠬᠤᠰᠢᠭᠤᠨ ᠤ ᠴᠠᠬᠢᠯᠭᠠᠨ ᠲᠣᠣᠷ ᠤᠨ ᠪᠦᠲᠦᠴᠡ ᠶᠢ | ᠰᠢᠯᠢᠳᠡᠭᠵᠢᠭᠦᠯᠵᠦ᠂ ᠬᠢᠯᠢ ᠬᠢᠵᠠᠭᠠᠷ ᠣᠷᠣᠨ ᠤ ᠮᠠᠯᠴᠢᠨ ᠲᠠᠷᠢᠶᠠᠴᠢᠨ ᠤ ᠦᠢᠯᠡᠳᠪᠦᠷᠢᠯᠡᠯ ᠠᠮᠢᠳᠤᠷᠠᠯ ᠤᠨ | ᠴᠠᠬᠢᠯᠭᠠᠨ ᠤ ᠬᠡᠷᠡᠭᠴᠡᠭᠡ ᠶᠢ ᠰᠢᠢᠳᠪᠦᠷᠢᠯᠡᠨ᠂ ᠣᠷᠣᠨ ᠨᠤᠲᠤᠭ ᠤᠨ ᠠᠵᠤ ᠠᠬᠤᠢ ᠶᠢᠨ ᠪᠦᠲᠦᠭᠡᠨ ᠪᠠᠶᠢᠭᠤᠯᠤᠯᠲᠠ | ᠪᠠ ᠠᠵᠤ ᠦᠢᠯᠡᠰ ᠤᠨ ᠬᠥᠭᠵᠢᠯᠲᠡ ᠶᠢ ᠠᠬᠢᠭᠤᠯᠵᠤ᠂ ᠨᠡᠶᠢᠭᠡᠮ ᠤᠨ ᠣᠯᠠᠨ ᠨᠡᠶᠢᠲᠡ ᠶᠢᠨ ᠦᠢᠯᠡᠴᠢᠯᠡᠭᠡᠨ ᠤ ᠬᠢᠷᠢ | ᠲᠦᠪᠰᠢᠨ ᠢ ᠳᠡᠭᠡᠭᠰᠢᠯᠡᠬᠦᠯᠬᠦ ᠪᠣᠯᠣᠨ᠎ᠠ᠃ | ᠳ᠋ᠦᠩᠹᠧᠩ ᠪᠠᠯᠭᠠᠰᠣᠨ ᠤ ᠭᠤᠷᠣᠨᠠᠢ ᠭᠠᠴᠠᠭ᠎ᠠ᠂ ᠤᠯᠠᠭᠠᠨᠨᠠᠭᠤᠷ ᠭᠠᠴᠠᠭ᠎ᠠ ᠪᠣᠯ ᠡᠵᠡᠨ᠎ᠡ ᠬᠤᠰᠢᠭᠤᠨ ᠳᠤ | ᠣᠳᠣ ᠪᠣᠯᠳᠠᠯ᠎ᠠ ᠴᠠᠬᠢᠯᠭᠠᠨ ᠨᠡᠪᠲᠡᠷᠡᠭᠡᠳᠦᠢ ᠪᠤᠶᠢᠳᠠ ᠪᠥᠭᠯᠡᠭᠦᠦ ᠣᠷᠣᠨ ᠪᠠᠶᠢᠵᠣ᠂ ᠥᠩᠭᠡᠷᠡᠭᠰᠡᠨ ᠳᠤ ᠮᠠᠯᠴᠢᠨ | ᠲᠠᠷᠢᠶᠠᠴᠢᠨ ᠴᠠᠬᠢᠯᠭᠠᠨ ᠬᠡᠷᠡᠭᠯᠡᠬᠦ ᠳᠤ ᠭᠤᠣᠯᠳᠠᠭᠤ ᠰᠠᠯᠬᠢ ᠭᠡᠷᠡᠯ ᠢ ᠬᠠᠷᠢᠯᠴᠠᠨ ᠨᠥᠬᠦᠪᠦᠷᠢᠯᠡᠬᠦ᠂ ᠴᠠᠶᠢᠶ᠋ᠢᠦ | ᠲᠣᠰᠣ ᠪᠠᠷ ᠴᠠᠬᠢᠯᠭᠠᠨ ᠭᠠᠷᠭᠠᠬᠤ ᠵᠡᠷᠭᠡ ᠠᠷᠭ᠎ᠠ ᠬᠡᠯᠪᠡᠷᠢ ᠳᠤ ᠲᠦᠰᠢᠭᠯᠡᠵᠦ ᠪᠠᠶᠢᠵᠠᠢ᠃ ᠡᠨᠡ ᠵᠢᠯ ᠤᠨ ᠡᠬᠢᠨ ᠳᠤ᠂ | ᠡᠵᠡᠨ᠎ᠡ ᠬᠤᠰᠢᠭᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠤ ᠬᠦᠴᠦᠲᠡᠢ ᠳᠡᠮᠵᠢᠯᠭᠡ ᠳᠣᠣᠷ᠎ᠠ᠂ | ᠬᠤᠰᠢᠭᠤᠨ ᠤ ᠴᠠᠬᠢᠯᠭᠠᠨ ᠬᠠᠩᠭᠠᠬᠤ ᠺᠣᠮᠫᠠᠨᠢ ᠠᠴᠠ ᠭᠤᠷᠣᠨᠠᠢ ᠭᠠᠴᠠᠭ᠎ᠠ᠂ ᠤᠯᠠᠭᠠᠨᠨᠠᠭᠤᠷ ᠭᠠᠴᠠᠭ᠎ᠠ ᠳᠤ ᠴᠠᠬᠢᠯᠭᠠᠨ | ᠨᠡᠪᠲᠡᠷᠡᠭᠦᠯᠬᠦ ᠲᠥᠷᠥᠯ ᠵᠦᠢᠯ ᠢ ᠬᠡᠷᠡᠭᠵᠢᠭᠦᠯᠬᠦ ᠪᠠᠷ ᠲᠣᠭᠲᠠᠭᠰᠠᠨ ᠪᠠᠶᠢᠨ᠎ᠠ᠃ ᠴᠠᠬᠢᠯᠭᠠᠨ ᠨᠡᠪᠲᠡᠷᠡᠭᠰᠡᠨ ᠤ ᠳᠠᠷᠠᠭ᠎ᠠ | ᠭᠤᠷᠣᠨᠠᠢ ᠭᠠᠴᠠᠭ᠎ᠠ᠂ ᠤᠯᠠᠭᠠᠨᠨᠠᠭᠤᠷ ᠭᠠᠴᠠᠭ᠎ᠠ ᠪᠠ ᠵᠠᠮ ᠳᠠᠭᠠᠤ ᠶᠢᠨ 47 ᠮᠠᠯᠴᠢᠨ ᠡᠷᠦᠬᠡ ᠶᠢᠨ 94 ᠬᠥᠮᠥᠨ ᠤ | ᠦᠢᠯᠡᠳᠪᠦᠷᠢᠯᠡᠯ ᠠᠮᠢᠳᠤᠷᠠᠯ ᠳᠤ ᠬᠡᠷᠡᠭᠯᠡᠬᠦ ᠴᠠᠬᠢᠯᠭᠠᠨ ᠤ ᠬᠦᠴᠢᠷ ᠠᠰᠠᠭᠤᠳᠠᠯ ᠢ ᠰᠢᠢᠳᠪᠦᠷᠢᠯᠡᠵᠦ᠂ 3000 ᠭᠠᠷᠤᠢ | ᠮᠠᠯ ᠤᠨ ᠣᠣᠭᠤᠬᠤ ᠤᠰᠤᠨ ᠤ ᠠᠰᠠᠭᠤᠳᠠᠯ ᠢ ᠴᠤ ᠪᠦᠲᠦᠮᠵᠢᠲᠡᠶ ᠰᠢᠢᠳᠪᠦᠷᠢᠯᠡᠬᠦ ᠪᠣᠯᠣᠨ᠎ᠠ᠃ |