ᠬᠠᠮᠤᠭ ᠤᠨ ᠶᠡᠭᠡ ᠦᠷᠡᠨ ᠦᠢᠯᠡᠳᠪᠦᠷᠢᠯᠡᠬᠦ ᠲᠥᠷᠥᠯ ᠵᠦᠢᠯ ᠢ ᠣᠷᠳᠣᠰ ᠲᠤ ᠡᠬᠢᠯᠡᠭᠦᠯᠪᠡ
ᠨᠡᠶᠢᠲᠡᠯᠡᠭᠰᠡᠨ ᠴᠠᠭ᠄
2024/7/17
    ᠲᠤᠮᠳᠠᠳᠦ ᠤᠯᠤᠰ ᠤᠨ ᠴᠦᠮ᠎ᠡ ᠶᠢᠨ ᠠᠵᠤ ᠦᠢᠯᠡᠳᠪᠦᠷᠢ ᠶᠢᠨ ᠪᠦᠯᠦᠭᠯᠡᠯ ᠠᠴᠠ ᠣᠶᠢᠯᠠᠭᠠᠭᠰᠠᠨ ᠢᠶᠠᠷ᠂ ᠮᠠᠨ ᠤ ᠤᠯᠤᠰ ᠤᠨ ᠬᠡᠪᠴᠢᠶ᠎ᠡ ᠪᠠᠷ ᠬᠠᠮᠤᠭ ᠤᠨ ᠶᠡᠭᠡ ᠪᠠᠶᠢᠭᠠᠯᠢ ᠶᠢᠨ ᠦᠷᠡᠨ ᠦᠢᠯᠡᠳᠪᠦᠷᠢᠯᠡᠬᠦ ᠲᠥᠷᠥᠯ ᠵᠦᠢᠯ — ︽ᠤᠯᠤᠰ ᠤᠨ ᠦᠷᠡᠨ ᠨᠢᠭᠡᠳᠦᠭᠡᠷ︾ ᠤᠨ ᠵᠢᠱᠢᠶ᠎ᠡ ᠦᠵᠡᠭᠦᠯᠬᠦ ᠢᠨᠵᠧᠨᠧᠷᠢᠩ ᠢ 7 ᠰᠠᠷ᠎ᠠ ᠶᠢᠨ 12 ᠤᠨ ᠡᠳᠦᠷ ᠣᠷᠳᠣᠰ ᠤᠨ ᠳᠠᠯᠠᠳ ᠬᠤᠰᠢᠭᠤᠨ ᠳᠤ ᠡᠬᠢᠯᠡᠭᠦᠯᠪᠠ᠃    ︽ᠤᠯᠤᠰ ᠤᠨ ᠦᠷᠡᠨ ᠨᠢᠭᠡᠳᠦᠭᠡᠷ︾ ᠤᠨ ᠵᠢᠱᠢᠶ᠎ᠡ ᠦᠵᠡᠭᠦᠯᠬᠦ ᠢᠨᠵᠧᠨᠧᠷᠢᠩ ᠤᠨ ᠲᠦᠷᠦᠯ ᠵᠦᠢᠯ ᠤᠨ ᠶᠡᠷᠦᠩᠬᠡᠢ ᠪᠡᠯᠡ ᠣᠷᠣᠭᠤᠯᠤᠯᠲᠠ ᠪᠠᠷᠤᠭ 15 ᠳ᠋ᠦᠩᠰᠢᠭᠤᠷ ᠲᠥᠭᠦᠷᠢᠭ ᠲᠤ ᠬᠦᠷᠴᠦ᠂ ᠲᠦᠷᠦᠯ ᠵᠦᠢᠯ ᠢ ᠪᠠᠶᠢᠭᠤᠯᠵᠤ ᠳᠠᠭᠤᠰᠤᠭᠰᠠᠨ ᠤ ᠳᠠᠷᠠᠭ᠎ᠠ᠂ ᠤᠯᠤᠰ ᠤᠨ ᠳᠣᠲᠣᠭᠠᠳᠤ ᠶᠢᠨ ᠦᠢᠯᠡᠳᠪᠦᠷᠢᠯᠡᠬᠦ ᠬᠡᠪᠴᠢᠶ᠎ᠡ ᠪᠠᠷ ᠬᠠᠮᠤᠭ ᠤᠨ ᠶᠡᠭᠡ᠂ ᠪᠠᠷᠢᠮᠵᠢᠶ᠎ᠠ ᠪᠠᠷ ᠬᠠᠮᠤᠭ ᠤᠨ ᠥᠨᠳᠥᠷ ᠪᠠᠶᠢᠭᠠᠯᠢ ᠶᠢᠨ ᠦᠷᠡᠨ ᠦᠢᠯᠡᠳᠪᠦᠷᠢᠯᠡᠬᠦ ᠰᠠᠭᠤᠷᠢᠨ ᠪᠣᠯᠬᠤ ᠪᠣᠯᠣᠨ᠎ᠠ᠃    ︽ᠤᠯᠤᠰ ᠤᠨ ᠦᠷᠡᠨ ᠨᠢᠭᠡᠳᠦᠭᠡᠷ︾ ᠤᠨ ᠮᠠᠯᠲᠠᠬᠤ ᠮᠡᠷᠭᠡᠵᠢᠯ ᠤᠨ ᠤᠯᠠᠮᠵᠢᠯᠠᠯᠲᠤ ᠠᠭᠤᠷᠬᠠᠢ ᠮᠠᠯᠲᠠᠬᠤ ᠮᠡᠷᠭᠡᠵᠢᠯ ᠲᠠᠢ ᠠᠳᠠᠯᠢ ᠦᠭᠡᠢ ᠲᠠᠯ᠎ᠠ ᠨᠢ ᠬᠡᠪᠡᠯ᠂ ︽ᠤᠯᠤᠰ ᠤᠨ ᠦᠷᠡᠨ ᠨᠢᠭᠡᠳᠦᠭᠡᠷ︾ ᠨᠢ ᠳᠡᠯᠡᠬᠡᠢ ᠶᠢᠨ ᠲᠡᠷᠢᠭᠦᠨ ᠤ ᠦᠷᠡᠨ ᠳᠡᠪᠲᠦᠭᠡᠨ ᠮᠠᠯᠲᠠᠬᠤ ᠮᠡᠷᠭᠡᠵᠢᠯ ᠢ ᠬᠡᠷᠡᠭᠯᠡᠵᠦ᠂ ᠬᠦᠳᠡᠷ ᠢ ᠭᠠᠵᠠᠷ ᠤᠨ ᠭᠠᠳᠠᠷᠭᠤ ᠳᠤ ᠭᠠᠷᠭᠠᠨ ᠠᠪᠴᠤ ᠰᠶᠢᠳᠪᠦᠷᠢᠯᠡᠬᠦ ᠴᠢᠬᠤᠯᠠ ᠦᠭᠡᠢ᠂ ᠬᠠᠷᠢᠨ ᠡᠬᠡ ᠪᠠᠶᠢᠭᠠᠯᠢ ᠳᠤ ᠦᠷᠭᠦᠯᠵᠢ ᠬᠠᠷᠠᠭᠳᠠᠳᠠᠭ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠪᠣᠯᠣᠨ ᠬᠦᠴᠢᠯᠲᠥ᠋ᠷᠥᠭᠴᠢ ᠶᠢ ᠤᠰᠤᠨ ᠳᠤ ᠠᠭᠤᠰᠬᠠᠵᠤ ᠰᠢᠩᠭᠡᠨ ᠶᠡᠭᠦᠯᠡᠬᠦ ᠨᠦᠬᠡ ᠪᠠᠷ ᠡᠷᠦᠳᠡᠰᠦ ᠶᠢᠨ ᠳᠠᠪᠬᠤᠷᠭ᠎ᠠ ᠳᠤ ᠴᠢᠳᠬᠤᠨ ᠣᠷᠣᠭᠤᠯᠵᠤ᠂ ᠡᠷᠦᠳᠡᠰᠦ ᠶᠢᠨ ᠳᠠᠪᠬᠤᠷᠭ᠎ᠠ ᠳᠣᠲᠣᠷᠠᠬᠢ ᠦᠷᠡᠨ ᠲᠠᠢ ᠤᠷᠪᠠᠯ ᠡᠭᠦᠰᠭᠡᠵᠦ᠂ ᠳᠠᠬᠢᠨ ᠰᠢᠩᠭᠡᠨ ᠰᠣᠷᠣᠬᠤ ᠨᠦᠬᠡ ᠪᠠᠷ ᠦᠷᠡᠨ ᠠᠭᠤᠯᠤᠭᠰᠠᠨ ᠠᠭᠤᠰᠤᠮᠠᠯ ᠢ ᠭᠠᠵᠠᠷ ᠤᠨ ᠭᠠᠳᠠᠷᠭᠤ ᠳᠤ ᠲᠡᠳᠡᠨ ᠠᠪᠴᠤ᠂ ᠤᠰᠤ ᠪᠣᠯᠪᠠᠰᠤᠷᠠᠭᠤᠯᠬᠤ ᠦᠢᠯᠡᠳᠪᠦᠷᠢ ᠳᠤ ᠬᠦᠷᠭᠡᠨ ᠦᠷᠡᠨ ᠢ ᠢᠯᠭᠠᠷᠠᠭᠤᠯᠤᠨ᠎ᠠ᠃    ᠡᠶᠢᠮᠦᠷᠬᠦᠦ ᠦᠷᠡᠨ ᠮᠠᠯᠲᠠᠬᠤ ᠠᠷᠭ᠎ᠠ ᠮᠠᠶ᠋ᠢᠭ ᠨᠢ ᠠᠭᠤᠷᠬᠠᠢ ᠶᠢᠨ ᠲᠡᠭᠡᠷᠡᠬᠢ ᠭᠠᠵᠠᠷ ᠤᠨ ᠭᠠᠳᠠᠷᠭᠤ ᠶᠢ ᠡᠪᠳᠡᠬᠦ ᠠᠴᠠ ᠵᠠᠶᠢᠯᠠᠰᠬᠢᠵᠦ᠂ ᠦᠯᠡᠳᠡᠭᠳᠡᠯ ᠬᠦᠳᠡᠷ ᠪᠠ ᠬᠠᠶᠠᠭᠳᠠᠮᠠᠯ ᠴᠢᠯᠠᠭᠤ ᠭᠠᠷᠬᠤ ᠦᠭᠡᠢ ᠮᠥᠷᠲᠡᠭᠡᠨ ᠭᠠᠵᠠᠷ ᠳᠣᠣᠷᠠᠬᠢ ᠤᠰᠤ ᠶᠢ ᠴᠤ ᠪᠣᠬᠢᠷᠲᠤᠭᠤᠯᠬᠤ ᠦᠭᠡᠢ ᠪᠠᠶᠢᠵᠤ᠂ ᠨᠡᠭᠡᠭᠡᠨ ᠮᠠᠯᠲᠠᠬᠤ ᠪᠥᠬᠦ ᠶᠠᠪᠤᠴᠠ ᠳᠤ ᠣᠷᠴᠢᠨ ᠲᠣᠭᠤᠷᠢᠨ ᠤ ᠪᠣᠬᠢᠷᠲᠤᠯ ᠡᠭᠦᠰᠭᠡᠬᠦ ᠦᠭᠡᠢ᠃ ᠦᠷᠡᠨ ᠮᠠᠯᠳᠠᠵᠤ ᠪᠠᠶᠢᠬᠤ ᠦᠶ᠎ᠡ ᠳᠤ ᠴᠤ ᠡᠷᠭᠢᠨ ᠲᠤᠭᠤᠷᠢᠨ ᠤ ᠠᠷᠠᠳ ᠤᠯᠠᠨ ᠡᠨᠡ ᠬᠡᠰᠡᠭ ᠲᠠᠯ᠎ᠠ ᠨᠤᠲᠤᠭ ᠲᠤ ᠮᠠᠯ ᠮᠠᠯᠵᠢᠵᠦ ᠲᠠᠷᠢᠶ᠎ᠠ ᠲᠠᠷᠢᠵᠤ ᠪᠣᠯᠣᠨ᠎ᠠ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号