ᠠᠯᠠᠱᠠ ᠵᠡᠭᠦᠨ ᠬᠤᠰᠢᠭᠤᠨ ᠤ ᠡᠷᠬᠡᠬᠠᠰᠢᠬ᠎ᠠ ᠰᠤᠮᠤ ᠬᠦᠮᠦᠨ ᠤ ᠬᠦᠴᠦ ᠪᠠᠷ 100 ᠭᠠᠷᠤᠢ ᠲᠦᠮᠡᠨ ᠲᠠᠯᠠᠨ ᠬᠠᠯᠢᠰᠤ ᠲᠠᠷᠢᠵᠤ ᠦᠢᠵᠢᠭᠤᠯᠤᠭᠠᠳ ᠰᠢᠷᠭᠠᠯ ᠮᠠᠩᠬ᠎ᠠ ᠶᠢ ᠰᠢᠨ᠎ᠡ ᠴᠠᠭ ᠤᠨ ᠮᠠᠯᠴᠢᠳ ᠢ ᠪᠠᠶᠠᠵᠢᠭᠤᠯᠬᠤ ᠠᠮᠢ ᠠᠬᠤᠢ ᠶᠢᠨ ᠨᠤᠭᠤᠭᠠᠨ ︽ᠪᠠᠩᠬᠢ︾ ᠪᠤᠯᠭᠠᠨ ᠬᠤᠪᠢᠷᠠᠭᠤᠯᠪᠠ
ᠨᠡᠶᠢᠲᠡᠯᠡᠭᠰᠡᠨ ᠴᠠᠭ᠄
2024/6/11
    ᠵᠤᠨ ᠤ ᠨᠠᠷᠠᠨ ᠵᠤᠯᠠᠢ ᠲᠡᠭᠡᠷ᠎ᠡ ᠠᠴᠠ ᠲᠦᠭᠡᠨᠡᠭᠰᠡᠨ 6 ᠰᠠᠷ᠎ᠠ ᠶᠢᠨ 1 ᠤ ᠡᠳᠦᠷ᠂ ᠰᠤᠷᠪᠤᠯᠵᠢᠯᠠᠬᠴᠢ ᠠᠯᠠᠱᠠ ᠵᠡᠭᠦᠨ ᠬᠤᠰᠢᠭᠤᠨ ᠤ ᠡᠷᠬᠡᠬᠠᠰᠢᠬ᠎ᠠ ᠰᠤᠮᠤᠨ ᠤ ᠤᠷᠳᠤᠬᠦ᠋ᠯ ᠭᠠᠴᠠᠭᠠᠨ ᠳᠤ ᠬᠦᠷᠬᠦ ᠳᠤ ᠬᠦᠮᠦᠨ ᠤ ᠬᠦᠴᠦ ᠪᠠᠷ ᠲᠠᠷᠢᠵᠤ ᠦᠢᠵᠢᠭᠤᠯᠤᠬᠰᠠᠨ ᠲᠠᠯᠠᠨ ᠬᠠᠯᠢᠰᠤ ᠮᠠᠩᠬᠠᠨ ᠰᠢᠯᠢ ᠶᠢ ᠪᠦᠷᠬᠦᠵᠤ ᠡᠯᠡᠰᠦᠨ ᠤᠬᠴᠢᠨ ᠢ ᠲᠦᠭᠦᠷᠭᠡᠳᠡᠯ᠎ᠡ ᠤᠷᠭᠤᠵᠤ᠂ ᠰᠢᠷᠭᠠᠯ ᠮᠠᠩᠬᠠᠨ ᠲᠤᠮᠳᠠᠬᠢ ᠨᠤᠮᠢᠨ ᠨᠤᠭᠤᠭᠠᠨ ᠬᠠᠯᠬᠠᠪᠴᠢ ᠤᠢ ᠶᠢ ᠪᠦᠷᠢᠯᠳᠦᠭᠦᠯᠦᠭᠰᠡᠨ ᠠᠮᠢ ᠠᠬᠤᠢ ᠶᠢᠨ ᠡᠳᠡᠭᠡᠳ ᠭᠤᠶᠤ ᠦᠵᠡᠮᠵᠢ ᠬᠠᠷᠠᠭᠠᠨ ᠳᠤ ᠲᠡᠯᠭᠡᠭᠳᠡᠨ᠎ᠡ᠃ ᠡᠨᠡ ᠪᠤᠯ ᠡᠷᠬᠡᠬᠠᠰᠢᠬ᠎ᠠ ᠰᠤᠮᠤᠨ ᠤ ᠬᠦᠮᠦᠨ ᠤ ᠬᠦᠴᠦ ᠪᠠᠷ ᠲᠠᠷᠢᠵᠤ ᠦᠢᠵᠢᠭᠤᠯᠤᠬᠰᠠᠨ 100 ᠭᠠᠷᠤᠢ ᠲᠦᠮᠡᠨ ᠮᠣ᠋ ᠲᠠᠯᠠᠨ ᠬᠠᠯᠢᠰᠤ ᠶᠢᠨ ᠲᠤᠳᠤᠷᠠᠬᠢ 28 ᠲᠦᠮᠡᠨ ᠮᠣ᠋ ᠪᠠᠶᠢᠵᠤ᠂ 3 ᠵᠢᠯ ᠭᠠᠷᠤᠢ ᠶᠢᠨ ᠦᠢᠵᠢᠭᠤᠯᠤᠯᠳᠠ ᠠᠷᠠᠴᠢᠯᠠᠯᠳᠠ ᠪᠠᠷ ᠲᠠᠮᠵᠢᠨ ᠲᠡᠭᠰᠢᠳᠭᠡᠭᠡᠳ 2 ᠮᠧᠳ᠋ᠷ ᠦᠨᠳᠦᠷ ‍ᠤᠷᠭᠤᠵᠤ᠂ ᠲᠡᠭᠷᠢ ᠡᠯᠡᠰᠦᠨ ᠤ ᠵᠡᠭᠦᠨᠰᠢ ᠨᠡᠭᠦᠳᠡᠯᠯᠡᠬᠦ ᠶᠢ ᠪᠦᠳᠦᠮᠵᠢᠳᠡᠢ ᠬᠤᠷᠢᠬᠯᠠᠵᠤ᠂ ᠲᠤᠬᠠᠢ ᠶᠢᠨ ᠭᠠᠵᠠᠷ ᠤᠨ ᠮᠠᠯᠴᠢᠳ ᠲᠠᠯᠠᠨ ᠬᠠᠯᠢᠰᠤ ᠶᠢᠨ ᠦᠷ᠎ᠡ ᠲᠡᠭᠦᠵᠤ ᠬᠤᠳᠠᠯᠳᠤᠭᠠᠳ ᠤᠷᠤᠯᠭ᠎ᠠ ᠪᠠᠨ ᠨᠡᠮᠡᠭᠳᠡᠭᠦᠯᠬᠦ ᠶᠢᠨ ᠬᠠᠮᠳᠤ ᠲᠠᠯᠠᠨ ᠬᠠᠯᠢᠰᠤ ᠶᠢᠨ ᠨᠠᠪᠴᠢ ᠨᠠᠮᠠᠭ᠎ᠠ ᠪᠠᠷ ᠰᠢᠮ᠎ᠡ ᠰᠠᠶᠢᠳᠠᠢ ᠲᠡᠵᠢᠭᠡᠯ ᠪᠤᠷᠳᠤᠭ᠎ᠠ ᠪᠤᠯᠭᠠᠵᠤ ᠦᠢᠯᠡᠳᠪᠦᠷᠢᠯᠡᠨ ᠠᠰᠢᠬᠯᠠᠵᠤ ᠴᠢᠳᠠᠬᠰᠠᠨ ᠠᠴᠠ ᠠᠮᠢ ᠠᠬᠤᠢ᠂ ᠠᠵᠤ ᠠᠬᠤᠢ᠂ ᠨᠡᠶᠢᠬᠡᠮ ᠤᠨ ᠦᠷ᠎ᠡ ᠠᠰᠢᠭ ᠢ ᠵᠡᠷᠭᠡ ᠪᠠᠷ ᠡᠭᠦᠳᠴᠦ᠂ ᠨᠡᠯᠦᠭᠡᠷ ᠶᠡᠭᠡ ᠡᠯᠡᠰᠦ ᠮᠠᠩᠬ᠎ᠠ ᠨᠢ ᠮᠠᠯᠴᠢᠳ ᠤᠨ ᠪᠠᠶᠠᠵᠢᠯ ᠤᠨ ᠵᠠᠮ ᠳᠠᠬᠢ ᠠᠮᠢ ᠠᠬᠤᠢ ᠶᠢᠨ ᠨᠤᠭᠤᠭᠠᠨ ︽ᠪᠡᠩᠬᠢ︾ ᠪᠤᠯᠤᠬᠰᠠᠨ ᠪᠠᠶᠢᠨ᠎ᠠ᠃    ᠡᠷᠬᠡᠬᠠᠰᠢᠬ᠎ᠠ ᠰᠤᠮᠤ ᠠᠯᠠᠱᠠ ᠵᠡᠭᠦᠨ ᠬᠤᠰᠢᠭᠤᠨ ᠤ ᠪᠠᠷᠠᠭᠤᠨ ᠡᠮᠦᠨ᠎ᠡ ᠬᠡᠰᠡᠭ ᠤᠨ ᠲᠡᠭᠷᠢ ᠡᠯᠡᠰᠦᠨ ᠤ ᠥᠷᠥᠴᠡᠨ ᠳᠤ ᠪᠠᠶᠢᠷᠢᠯᠠᠵᠤ᠂ 8 ᠭᠠᠴᠠᠭ᠎ᠠ᠂ 921 ᠡᠷᠦᠬᠡ ᠶᠢᠨ 1798 ᠬᠦᠮᠦᠨ ᠠᠮᠠ ᠲᠠᠢ ᠴᠣᠯ ᠮᠠᠯᠵᠢᠬᠤ ᠰᠤᠮᠤ ᠪᠠᠶᠢᠵᠤ᠂ ᠨᠤᠳᠤᠭ ᠲᠡᠪᠢᠰᠭᠡᠷ ᠤᠨ ᠶᠡᠷᠦᠩᠬᠡᠢ ᠲᠠᠯᠠᠪᠠᠶ 8070.6 ᠬᠠᠪᠳᠠᠭᠠᠢ ᠳᠥᠷᠪᠡᠯᠵᠢᠨ‌‍ᠲ᠋ᠤ ᠬᠦᠷᠴᠦ᠂ ᠡᠭᠦᠨ ᠳᠤ ᠡᠯᠡᠰᠦᠨ ᠴᠥᠯ ᠤᠨ ᠲᠠᠯᠠᠪᠠᠶ 6696 ᠬᠠᠪᠳᠠᠭᠠᠢ ᠳᠥᠷᠪᠡᠯᠵᠢᠨ  ᠪᠠᠭᠳᠠᠵᠤ᠂ ᠶᠡᠷᠦᠩᠬᠡᠢ ᠲᠠᠯᠠᠪᠠᠶ ᠶᠢᠨ 83% ᠶᠢ ᠡᠵᠡᠯᠡᠵᠤ᠂ ᠵᠢᠯ ᠤᠨ ᠳᠤᠮᠳᠠᠴᠢ ᠬᠤᠷ᠎ᠠ ᠲᠤᠨᠤᠳᠠᠰᠤᠨ ᠤ ᠬᠡᠮᠵᠢᠶ᠎ᠡ 80 ᠠᠴᠠ 220  ᠮᠢᠯᠢᠮᠧᠲᠷ ᠪᠠᠶᠢᠵᠤ᠂ ᠦᠪᠦᠷ ᠮᠤᠩᠭᠤᠯ ᠬᠢᠭᠡᠳ ᠭᠠᠨᠰᠤ ᠶᠢᠨ ᠵᠠᠭᠠᠭ ᠲᠤ ᠪᠠᠶᠢᠷᠢᠰᠢᠳᠠᠭ ᠢᠶᠠᠷ ᠢᠶᠠᠨ ᠬᠤᠶᠠᠷ ᠮᠤᠵᠢ ᠤᠷᠤᠨ ᠤ ᠬᠤᠭᠤᠷᠤᠨᠳᠤᠬᠢ ᠨᠤᠳᠤᠭ ᠲᠡᠪᠢᠰᠭᠡᠷ ᠤᠨ ᠪᠦᠷᠢᠨ ᠪᠦᠳᠦᠨ᠂ ᠮᠠᠯᠴᠢᠨ ᠲᠠᠷᠢᠶᠠᠴᠢᠨ ᠤ ᠡᠶ᠎ᠡ ᠵᠤᠬᠢᠴᠠᠯᠳᠤ ᠦᠢᠯᠡᠳᠪᠦᠷᠢᠯᠡᠯ ᠠᠮᠢᠳᠤᠷᠠᠯ ᠬᠢᠭᠡᠳ ᠨᠡᠶᠢᠬᠡᠮ ᠤᠨ ᠠᠮᠤᠷ ᠲᠤᠬᠳᠠᠭᠤᠨ ᠢ ᠪᠠᠳᠤᠯᠠᠬᠤ ᠳᠤ ᠴᠢᠬᠤᠯᠠ ᠦᠢᠯᠡᠳᠦᠯ ᠦᠵᠡᠭᠦᠯᠵᠤ᠂ ᠮᠦᠨᠴᠦ ᠮᠠᠨ ᠤ ᠤᠯᠤᠰ ᠤᠨ ︽ᠤᠮᠠᠷᠠᠳᠤ ᠶᠢᠨ ᠭᠤᠷᠪᠠᠨ ᠤᠷᠤᠨ︾ ᠳᠠᠬᠢ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠰᠢᠷᠦᠭᠦᠨ ᠲᠠᠶᠢᠯᠠᠯᠳᠤᠭᠠᠨ ᠤ ᠦᠪᠦᠷ ᠮᠤᠩᠭᠤᠯ ᠤᠨ ᠪᠠᠷᠠᠭᠤᠨ ᠪᠡᠶ᠎ᠡ ᠶᠢᠨ ᠡᠯᠡᠰᠦᠷᠭᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠲᠦᠷᠦᠯ ᠵᠦᠢᠯ ᠤᠨ ︵ᠬᠤᠶᠠᠳᠤᠭᠠᠷ ᠬᠤᠭᠤᠴᠠᠭ᠎ᠠ︶ ᠠᠯᠠᠱᠠ ᠠᠶᠢᠮᠠᠭ ᠤᠨ ᠠᠯᠠᠱᠠ ᠵᠡᠭᠦᠨ ᠬᠤᠰᠢᠭᠤᠨ ᠳᠠᠬᠢ ᠭᠤᠤᠯ ᠵᠠᠰᠠᠯᠳᠠ ᠶᠢᠨ ᠤᠷᠤᠨ ᠤ ᠨᠢᠭᠡ ᠪᠤᠯᠤᠬᠰᠠᠨ ᠪᠠᠶᠢᠨ᠎ᠠ᠃    ᠳᠡᠭᠡᠷ᠎ᠡ ᠵᠠᠭᠤᠨ ᠤ ᠶᠡᠷᠡᠭᠡᠳ ᠣᠨ ᠠᠴᠠ ᠡᠬᠢᠯᠡᠨ᠂ ᠡᠷᠬᠡᠬᠠᠰᠢᠬ᠎ᠠ ᠰᠤᠮᠤ ᠵᠢᠯ ᠲᠤᠷᠰᠢ ᠭᠠᠩ ᠬᠠᠭᠰᠠᠷᠠᠭᠠᠨ ᠠᠴᠠ ᠪᠣᠯᠵᠤ ᠠᠮᠢ ᠠᠬᠤᠢ ᠮᠠᠭᠤᠳᠠᠨ᠂ ᠨᠤᠳᠤᠭ ᠪᠡᠯᠴᠢᠭᠡᠷ ᠡᠯᠡᠰᠦᠷᠭᠡᠭᠵᠢᠨ ᠲᠠᠴᠢᠷᠳᠠᠵᠤ᠂ ᠮᠠᠯᠴᠢᠳ ᠮᠠᠩᠬᠠᠨ ᠭᠤᠪᠢ ᠨᠤᠳᠤᠭ ᠠᠴᠠ ᠪᠠᠨ ᠨᠡᠭᠦᠵᠤ ᠰᠢᠯᠵᠢᠭᠰᠡᠨ ᠤ ᠲᠠᠷᠠᠭ᠎ᠠ ᠪᠠᠶᠢᠷᠢ ᠪᠡᠯᠴᠢᠭᠡᠷ ᠤᠨ ᠡᠯᠡᠰᠦᠷᠭᠡᠭᠵᠢᠯ ᠨᠢ ᠤᠯᠠᠮ ᠬᠡᠴᠡᠭᠦᠳᠡᠵᠤ᠂ ᠪᠠᠳᠠᠢ ᠶᠢᠨ ᠵᠢᠷᠠᠨ ᠡᠯᠡᠰᠦ ᠪᠣᠯᠣᠨ ᠲᠡᠭᠷᠢ ᠡᠯᠡᠰᠦ ᠬᠤᠭᠤᠷᠤᠨᠳᠤ ᠪᠠᠨ ᠦᠷᠭᠡᠵᠢᠨ ᠲᠡᠯᠡᠵᠤ ᠵᠠᠯᠭᠠᠯᠳᠤᠬᠤ ᠬᠡᠮᠵᠢᠶᠡᠨ ᠳᠤ ᠬᠦᠷᠦᠭᠰᠡᠨ ᠪᠠᠶᠢᠨ᠎ᠠ᠃ ᠨᠤᠳᠤᠭ ᠤᠷᠤᠨ ᠤ ᠠᠮᠢ ᠠᠬᠤᠶ ᠶᠢᠨ ᠪᠦᠲᠦᠭᠡᠨ ᠪᠠᠶᠢᠭᠤᠯᠤᠯᠲᠠ ᠶᠢᠨ ᠠᠬᠢᠴᠠ ᠶᠢ ᠲᠦᠷᠭᠡᠳᠭᠡᠨ᠂ ᠡᠯᠡᠰᠦ ᠶᠢ ᠵᠠᠰᠠᠵᠤ ᠠᠷᠠᠳ ᠢ ᠪᠠᠶᠠᠵᠢᠭᠤᠯᠤᠨ ᠨᠡᠶᠢᠬᠡᠮ ᠤᠨ ᠠᠰᠢᠭ ᠡᠭᠦᠳᠬᠦ ᠶᠢ ᠪᠡᠶᠡᠯᠡᠭᠦᠯᠬᠦ ᠶᠢᠨ ᠲᠥᠯᠥᠭᠡ᠂ 2008 ᠣᠨ ᠠᠴᠠ ᠡᠬᠢᠯᠡᠨ᠂ ᠮᠠᠨ ᠤ ᠠᠶᠢᠮᠠᠭ ᠤᠷᠢᠳ ᠬᠤᠵᠢᠳ ᠮᠠᠯᠴᠢᠨ ᠲᠠᠷᠢᠶᠠᠴᠢᠨ ᠢ ᠵᠣᠷᠢᠭᠵᠢᠭᠤᠯᠤᠨ ᠵᠠᠭ᠂ ᠲᠠᠯᠠᠨ ᠬᠠᠯᠢᠰᠤ ᠲᠠᠷᠢᠪᠠᠯ ᠬᠠᠷᠠᠭᠠᠯᠵᠠᠯ ᠬᠦᠷᠳᠡᠭᠡᠬᠦ ᠲᠥᠷᠥ ᠶᠢᠨ ᠪᠣᠳᠣᠯᠭ᠎ᠠ ᠶᠢ ᠲᠤᠬᠳᠠᠭᠠᠨ ᠨᠡᠶᠢᠲᠡᠯᠡᠵᠦ᠂ ᠵᠠᠭ᠂ ᠲᠠᠯᠠᠨ ᠬᠠᠯᠢᠰᠤ ᠶᠢᠨ ᠤᠨᠳᠤᠷᠤᠯᠳᠠ ᠶᠢᠨ ᠨᠤᠷᠮ᠎ᠠ 70% ᠠᠴᠠ ᠲᠠᠪᠠᠪᠠᠯ ᠮᠦ ᠪᠦᠷᠢ ᠳᠤ 90 ᠲᠥᠭᠦᠷᠢᠭ ᠤᠨ ᠨᠥᠬᠦᠪᠥᠷᠢ ᠣᠯᠭᠤᠵᠤ᠂ 2016 ᠣᠨ ᠳᠤ ᠲᠤᠰ ᠪᠠᠷᠢᠮᠵᠢᠶ᠎ᠠ ᠶᠢ ᠲᠡᠭᠡᠭᠰᠢᠯᠡᠭᠦᠯᠦᠨ ᠮᠤ ᠪᠦᠷᠢ ᠳᠤ 200 ᠲᠥᠭᠦᠷᠢᠭ ᠪᠣᠯᠭᠠᠨ ᠨᠡᠮᠡᠭᠳᠡᠭᠦᠯᠵᠤ᠂ 2022 ᠣᠨ ᠳᠤ ᠮᠣ᠋ ᠪᠦᠷᠢ ᠳᠤ 300 ᠲᠥᠭᠦᠷᠢᠭ ᠪᠣᠯᠭᠠᠨ ᠨᠡᠮᠡᠭᠳᠡᠭᠦᠯᠦᠭᠰᠡᠨ ᠪᠠᠶᠢᠨ᠎ᠠ᠃ ᠡᠨᠡ ᠬᠦ ᠬᠠᠷᠠᠭᠠᠯᠵᠠᠯ ᠤᠨ ᠲᠦᠷᠦ ᠶᠢᠨ ᠪᠤᠳᠤᠯᠭ᠎ᠠ ᠶᠢ ᠭᠦᠢᠴᠡᠳ ᠰᠠᠶᠢᠨ ᠠᠰᠢᠬᠯᠠᠵᠤ᠂ ᠡᠯᠡᠰᠦᠷᠬᠡᠭᠵᠢᠭᠰᠡᠨ ᠨᠤᠳᠤᠭ ᠢᠶᠠᠨ ᠦᠢᠵᠢᠭᠤᠯᠤᠨ ᠰᠡᠷᠭᠦᠭᠡᠬᠦ ᠪᠠᠷ ᠡᠷᠬᠡᠬᠠᠰᠢᠬ᠎ᠠ ᠰᠤᠮᠤᠨ ᠤ ᠨᠠᠮ ᠤᠨ ᠬᠤᠷᠢᠶ᠎ᠠ᠂ ᠵᠠᠰᠠᠭ ᠤᠨ ᠤᠷᠳᠤᠨ ᠰᠢ ᠶᠢᠨ ᠫᠢᠩ ᠤᠨ ᠠᠮᠢ ᠠᠬᠤᠢ ᠶᠢᠨ ᠪᠣᠯᠪᠠᠰᠤᠨ ᠤ ᠦᠵᠡᠯ ᠰᠠᠨᠠᠭ᠎ᠠ ᠶᠢ ᠭᠦᠨᠵᠡᠭᠡᠢ ᠲᠤᠭᠤᠰᠢᠯᠠᠭᠤᠯᠵᠤ᠂ ᠮᠠᠨ ᠤ ᠤᠯᠤᠰ ᠤᠨ ᠤᠮᠠᠷᠠᠲᠤ ᠶᠢᠨ ᠴᠢᠬᠤᠯᠠ ᠠᠮᠢ ᠠᠬᠤᠢ ᠶᠢᠨ ᠠᠮᠤᠷ ᠲᠦᠪᠰᠢᠨ ᠤ ᠬᠠᠯᠬᠠᠪᠴᠢ ᠶᠢ ᠪᠠᠶᠢᠭᠤᠯᠬᠤ ᠠᠵᠢᠯ ᠤᠨ ᠲᠣᠭᠤᠷᠢᠨ ᠳᠤ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠶᠢ ᠭᠤᠣᠯ ᠡᠭᠦᠷᠭᠡ ᠪᠤᠯᠭᠠᠨ ᠪᠠᠷᠢᠮᠲᠠᠯᠠᠵᠤ᠂ ︽ᠤᠮᠠᠷᠠᠲᠤ ᠶᠢᠨ ᠭᠤᠷᠪᠠᠨ ᠣᠷᠣᠨ ᠤ ᠵᠣᠷᠢᠭ ᠰᠠᠨᠠᠭ᠎ᠠ︾ ᠪᠣᠯᠣᠨ ︽ᠮᠣᠩᠭᠤᠯ ᠮᠣᠷᠢᠨ ᠤ ᠵᠣᠷᠢᠭ ᠰᠠᠨᠠᠭ᠎ᠠ︾ ᠶᠢ ᠪᠠᠳᠠᠷᠠᠭᠤᠯᠵᠤ᠂ ᠠᠯᠠᠱᠠ ᠵᠡᠭᠦᠨ ᠬᠤᠰᠢᠭᠤᠨ ᠤ ᠣᠶ ᠰᠢᠭᠤᠢ ᠶᠢᠨ ᠰᠠᠯᠠᠭ᠎ᠠ ᠮᠥᠴᠢᠷ ᠤᠨ ᠬᠦᠴᠦᠲᠡᠢ ᠳᠡᠮᠵᠢᠯᠭᠡ ᠳᠣᠣᠷ᠎ᠠ᠂ ᠮᠠᠯᠴᠢᠳ ᠢ ᠵᠣᠬᠢᠶᠠᠨ ᠪᠠᠶᠢᠭᠤᠯᠵᠤ᠂ ᠲᠤᠬᠠᠢ ᠶᠢᠨ ᠭᠠᠵᠠᠷ ᠤᠨ ᠪᠠᠶᠢᠷᠢ ᠪᠡᠯᠴᠢᠭᠡᠷ ᠤᠷᠴᠢᠨ ᠲᠤᠭᠤᠷᠢᠨ ᠳᠤ ᠵᠤᠬᠢᠴᠠᠬᠰᠠᠨ ᠲᠠᠯᠠᠨ ᠬᠠᠯᠢᠰᠤ ᠭᠡᠬᠦ ᠪᠤᠳᠠᠯᠢᠭ ᠤᠷᠭᠤᠮᠠᠯ ᠢ ᠶᠡᠭᠡ ᠬᠡᠪᠴᠢᠶ᠎ᠡ ᠪᠠᠷ ᠲᠠᠷᠢᠵᠤ ᠦᠢᠵᠢᠭᠤᠯᠬᠤ᠂ ᠦᠷ᠎ᠡ ᠶᠢ ᠨᠢ ᠲᠡᠭᠦᠵᠤ ᠬᠤᠳᠠᠯᠳᠤᠬᠤ᠂ ᠠᠰᠢᠭ ᠤᠷᠤᠯᠭ᠎ᠠ ᠪᠠᠨ ᠬᠤᠪᠢᠶᠠᠷᠢᠯᠠᠬᠤ ᠵᠡᠷᠭᠡ ᠪᠤᠳᠠᠳᠠᠢ ᠠᠷᠭ᠎ᠠ ᠬᠡᠮᠵᠢᠶ᠎ᠡ ᠶᠢ ᠠᠪᠤᠬᠰᠠᠨ ᠠᠴᠠ ᠡᠯᠡᠰᠦᠷᠭᠡᠭᠵᠢᠯ ᠢ ᠰᠡᠷᠬᠡᠶᠢᠯᠡᠨ ᠡᠯᠡᠰᠦ ᠶᠢ ᠵᠠᠰᠠᠵᠤ᠂ ᠡᠯᠡᠰᠦᠨ ᠤ ᠠᠵᠤ ᠦᠢᠯᠡᠰ ᠢ ᠬᠦᠭᠵᠢᠭᠦᠯᠦᠨ᠂ ᠬᠠᠮᠳᠤ ᠶᠢᠨ ᠠᠵᠤ ᠠᠬᠤᠢ ᠶᠢᠨ ᠤᠷᠤᠯᠭ᠎ᠠ ᠪᠠᠨ ᠨᠡᠮᠡᠭᠳᠡᠭᠦᠯᠵᠤ᠂ ᠮᠠᠯᠴᠢᠳ ᠲᠠᠭᠠᠨ ᠦᠨᠡᠨ ᠪᠤᠳᠠᠳᠤ ᠠᠰᠢᠭ ᠬᠦᠷᠳᠡᠭᠡᠭᠰᠡᠨ ᠪᠠᠶᠢᠨ᠎ᠠ᠃    ᠡᠷᠬᠡᠬᠠᠰᠢᠬ᠎ᠠ ᠰᠤᠮᠤᠨ ᠤ ᠬᠦᠮᠦᠨ ᠤ ᠬᠦᠴᠦ ᠪᠠᠷ ᠲᠠᠷᠢᠵᠤ ᠦᠢᠵᠢᠭᠤᠯᠤᠬᠰᠠᠨ 100 ᠭᠠᠷᠤᠢ ᠲᠦᠮᠡᠨ ᠮᠤ ᠲᠠᠯᠠᠨ ᠬᠠᠯᠢᠰᠤ ᠶᠢᠨ 70 ᠲᠦᠮᠡᠨ ᠮᠣ᠋ ᠨᠢ ᠤᠷᠳᠤᠬᠦ᠋ᠯ ᠭᠠᠴᠠᠭᠠᠨ ᠳᠤ ᠪᠠᠶᠢᠳᠠᠭ᠃ 2012 ᠣᠨ ᠳᠤ᠂ ᠠᠯᠠᠱᠠ ᠵᠡᠭᠦᠨ ᠬᠤᠰᠢᠭᠤᠨ ᠤ ᠣᠢ ᠰᠢᠭᠤᠶ ᠶᠢᠨ ᠠᠵᠢᠯ ᠤᠨ ᠥᠷᠲᠡᠭᠡ ᠶᠢᠨ ᠬᠠᠪᠰᠤᠷᠤᠯᠭ᠎ᠠ ᠳᠣᠤᠷ᠎ᠠ᠂ ᠤᠷᠳᠤᠬᠦ᠋ᠯ ᠭᠠᠴᠠᠭ᠎ᠠ ᠴᠠᠭᠠᠨ ᠭᠤᠶᠣᠣ ᠶᠢᠨ ᠠᠵᠤ ᠦᠢᠯᠡᠰ ᠢ ᠬᠦᠭᠵᠢᠭᠦᠯᠬᠦ ᠵᠠᠮ ᠢ ᠬᠠᠶᠢᠨ ᠰᠦᠪᠡᠭᠴᠢᠯᠡᠵᠡᠢ᠃ ᠮᠠᠯᠴᠢᠨ ᠬᠠᠨ ᠳ᠋ᠠ ᡁᠢ 4000 ᠭᠠᠷᠤᠢ ᠮᠣ᠋ ᠵᠠᠭ ᠲᠠᠷᠢᠭᠠᠳ ᠤᠨᠳᠤᠷᠤᠯᠳᠠ ᠶᠢᠨ ᠨᠤᠷᠮ᠎ᠠ ᠲᠤᠤᠷ᠎ᠠ᠂ ᠤᠷᠭᠤᠯᠳᠠ ᠨᠡᠶᠢᠳᠡᠮ ᠳᠡᠭᠡᠨ ᠲᠡᠶᠢᠮᠦ ᠰᠠᠶᠢᠨ ᠪᠢᠰᠢ ᠪᠠᠶᠢᠵᠡᠢ᠃ ᠭᠠᠴᠠᠭᠠᠨ ᠤ ᠪᠤᠰᠤᠳ ᠮᠠᠯᠴᠢᠳ ᠤᠨ ᠲᠠᠷᠢᠬᠰᠠᠨ ᠵᠠᠭ ᠤᠨ ᠤᠷᠭᠤᠯᠳᠠ ᠤᠨᠳᠤᠷᠤᠯᠳᠠ ᠶᠢᠨ ᠪᠠᠶᠢᠳᠠᠯ ᠬᠠᠨ ᠳ᠋ᠠ ᡁᠢ ᠬᠢ ᠲᠠᠢ ᠠᠳᠠᠯᠢ ᠪᠤᠯᠵᠤ᠂ ᠵᠠᠭ ᠲᠠᠷᠢᠬᠰᠠᠨ ᠲᠤᠷᠰᠢᠯᠳᠠ ᠢᠯᠠᠬᠳᠠᠯ ᠢᠶᠠᠷ ᠲᠠᠭᠤᠰᠤᠬᠰᠠᠨ ᠪᠠᠶᠢᠪᠠ᠃ ᠭᠡᠪᠡᠴᠦ ᠮᠠᠯᠴᠢᠳ ᠵᠣᠷᠢᠭ ᠮᠤᠬᠤᠬᠰᠠᠨ ᠦᠭᠡᠢ ᠬᠠᠷᠢᠨ ᠲᠤᠷᠰᠢᠯᠭ᠎ᠠ ᠰᠤᠷᠭᠠᠮᠵᠢ ᠪᠠᠨ ᠳ᠋ᠦᠩᠨᠡᠵᠤ᠂ ᠬᠤᠷᠢᠳᠤᠭᠠᠷ ᠵᠠᠭᠤᠨ ᠤ ᠲᠠᠯᠠ ᠨᠠᠶᠠᠭᠠᠳ ᠤᠨ ᠬᠦᠷᠳᠡᠯ᠎ᠡ ᠡᠨᠡ ᠨᠤᠳᠤᠭ ᠲᠤ ᠡᠯᠪᠡᠭ ᠤᠷᠭᠤᠵᠤ ᠪᠠᠶᠢᠬᠰᠠᠨ ᠲᠠᠯᠠᠨ ᠬᠠᠯᠢᠰᠤ ᠶᠢ ᠲᠠᠷᠢᠬᠤ ᠪᠠᠷ ᠵᠤᠷᠢᠭ ᠰᠢᠢᠳᠴᠦ᠂ 2016 ᠣᠨ ᠳᠤ᠂ ᠬᠠᠨ ᠳ᠋ᠠ ᡁᠢ 3000 ᠮᠦ ᠲᠠᠯᠠᠨ ᠬᠠᠯᠢᠰᠤ ᠲᠠᠷᠢᠵᠤ᠂ 2018 ᠣᠨ ᠳᠤ ᠵᠠᠯᠭᠠᠭᠠᠳ 20000 ᠭᠠᠷᠤᠢ ᠮᠦ ᠲᠠᠷᠢᠵᠤ᠂ ᠤᠨᠳᠤᠷᠤᠯᠳᠠ ᠶᠢᠨ ᠨᠤᠷᠮ᠎ᠠ ᠨᠢ 70% ᠠᠴᠠ ᠲᠡᠭᠡᠭᠰᠢ ᠲᠠᠪᠠᠪᠠᠯ᠂ ᠤᠳᠤ ᠪᠤᠯᠬᠤ ᠳᠤ ᠲᠡᠭᠦᠨ ᠤ ᠲᠠᠷᠢᠬᠰᠠᠨ ᠲᠠᠯᠠᠨ ᠬᠠᠯᠢᠰᠤ ᠶᠢᠨ ᠲᠠᠯᠠᠪᠠᠢ 14 ᠲᠦᠮᠡᠨ ᠮᠥ ᠪᠤᠯᠵᠤ᠂ ᠨᠡᠶᠢᠲᠡ 1000 ᠲᠦᠮᠡᠨ ᠲᠥᠭᠦᠷᠢᠭ ᠤᠨ ᠪᠠᠯᠠ ᠣᠷᠣᠭᠤᠯᠵᠤ᠂ ᠬᠤᠯᠠ ᠣᠶᠢᠷ᠎ᠠ ᠳᠤ ᠠᠯᠳᠠᠷᠰᠢᠭᠰᠠᠨ ᠲᠠᠯᠠᠨ ᠬᠠᠯᠢᠰᠤ ᠲᠠᠷᠢᠬᠰᠠᠨ ᠲᠤᠮᠤ ᠡᠷᠦᠭᠡ ᠪᠤᠯᠤᠬᠰᠠᠨ ᠪᠠᠶᠢᠨ᠎ᠠ᠃ ︽ᠦᠩᠭᠡᠷᠡᠭᠰᠡᠨ ᠳᠤ ᠲᠠᠯᠠᠨ ᠬᠠᠯᠢᠰᠤ ᠶᠢ ᠡᠯᠡᠰᠦ ᠲᠤᠬᠳᠠᠪᠤᠷᠢᠵᠢᠭᠤᠯᠬᠤ᠂ ᠰᠠᠯᠬᠢ ᠰᠢᠭᠤᠷᠭᠠᠨ ᠢ ᠲᠤᠬᠳᠠᠭᠠᠨ ᠮᠠᠯ ᠠᠮᠢᠳᠠᠨ ᠳᠤ ᠨᠦᠮᠦᠷᠢ ᠪᠤᠯᠬᠤ᠂ ᠲᠡᠮᠡᠭᠡ ᠮᠠᠯ ᠤᠨ ᠢᠳᠡᠰᠢ ᠪᠤᠯᠬᠤ᠂ ᠲᠦᠯᠡᠭᠡ ᠲᠦᠯᠡᠰᠢ ᠬᠢᠬᠦ᠂ ᠬᠠᠰᠢᠶ᠎ᠠ ᠰᠠᠷᠠᠪᠴᠢ ᠪᠠᠷᠢᠬᠤ᠂ ᠡᠮ ᠡᠮᠨᠡᠯᠭᠡ ᠳᠤ ᠬᠡᠷᠡᠭᠯᠡᠬᠦ ᠮᠡᠳᠦ ᠶᠢᠨ ᠲᠠᠯᠠᠨ ᠲᠦᠷᠦᠯ ᠤᠨ ᠬᠡᠷᠡᠭᠴᠡᠭᠡ ᠲᠠᠢ ᠪᠤᠳᠠ ᠮᠤᠳᠤ ᠭᠡᠵᠤ ᠨᠤᠳᠤᠭ ᠤᠨ ᠪᠤᠭᠤᠷᠤᠯᠴᠤᠳ ᠶᠠᠷᠢᠳᠠᠭ ᠪᠠᠶᠢᠬᠰᠠᠨ᠃ ᠤᠳᠤ ᠪᠠᠰᠠ ᠵᠤᠭᠠᠴᠠᠯ ᠳᠤ ᠠᠰᠢᠬᠯᠠᠬᠤ᠂ ᠦᠷ᠎ᠡ ᠶᠢ ᠨᠢ ᠲᠡᠭᠦᠵᠤ ᠬᠤᠳᠠᠯᠳᠤᠬᠤ᠂ ᠵᠦᠭᠡᠢ ᠲᠡᠵᠢᠭᠡᠬᠦ ᠮᠡᠳᠦ ᠶᠢᠨ ᠰᠢᠨ᠎ᠡ ᠦᠢᠯᠡᠳᠦᠯ ᠬᠡᠷᠡᠭᠴᠡᠭᠡ ᠨᠡᠮᠡᠭᠳᠡᠵᠤ ᠪᠠᠶᠢᠨ᠎ᠠ᠃ ᠮᠠᠨ ᠤ ᠭᠠᠴᠠᠭ᠎ᠠ ᠲᠠᠯᠠᠨ ᠬᠠᠯᠢᠰᠤ ᠶᠢᠨ ᠠᠵᠤ ᠦᠢᠯᠡᠰ ᠢ ᠬᠥᠭᠵᠢᠭᠦᠯᠦᠭᠰᠡᠨ ᠠᠴᠠ ᠨᠠᠭᠠᠰᠢ᠂ ᠡᠯᠡᠰᠦ ᠰᠠᠯᠬᠢᠨ ᠤ ᠲᠠᠭᠠᠷᠢᠯᠳᠠ ᠶᠢ ᠬᠤᠷᠢᠬᠯᠠᠵᠤ᠂ ᠠᠮᠢ ᠠᠬᠤᠢ ᠤᠷᠴᠢᠨ ᠲᠤᠭᠤᠷᠢᠨ ᠰᠠᠶᠢᠵᠢᠷᠠᠨ᠂ ᠡᠯᠡᠰᠦᠨ ᠲᠤᠪᠤᠴᠠᠭ ᠪᠤᠭᠤᠨᠢ ᠪᠤᠯᠤᠬᠰᠠᠨ ᠢᠶᠠᠷ ᠪᠠᠷᠠᠬᠤ ᠦᠭᠡᠢ ᠮᠠᠯᠴᠢᠳ ᠤᠨ ᠣᠷᠣᠯᠭ᠎ᠠ ᠶᠢ ᠨᠡᠮᠡᠭᠳᠡᠭᠦᠯᠵᠦ᠂ ᠨᠢᠳᠤᠨᠤᠨ ᠵᠢᠯ ᠲᠠᠯᠠᠨ ᠬᠠᠯᠢᠰᠤ ᠶᠢᠨ ᠦᠷ᠎ᠡ ᠶᠢ ᠲᠡᠭᠦᠵᠤ ᠬᠤᠳᠠᠯᠳᠤᠭᠠᠳ ᠮᠠᠯᠴᠢᠳ ᠲᠤ 20 ᠭᠠᠷᠤᠶ ᠲᠦᠮᠡᠨ ᠲᠥᠭᠦᠷᠢᠭ ᠤᠨ ᠣᠷᠣᠯᠭ᠎ᠠ ᠶᠢ ᠠᠪᠴᠢᠷᠠᠵᠤ ᠥᠭᠴᠡᠢ︾ ᠭᠡᠵᠤ ᠤᠷᠳᠤᠬᠦ᠋ᠯ ᠭᠠᠴᠠᠭᠠᠨ ᠤ ᠮᠠᠯᠴᠢᠨ ᠬᠠᠨ ᠳ᠋ᠠ ᡁᠢ ᠪᠠᠶᠠᠷᠳᠠᠶᠢᠬᠠᠨ ᠶᠠᠷᠢᠨ᠎ᠠ᠃ ᠡᠷᠬᠡᠬᠠᠰᠢᠬ᠎ᠠ ᠰᠤᠮᠤᠨ ᠤ ᠤᠷᠳᠤᠬᠦ᠋ᠯ ᠭᠠᠴᠠᠭᠠᠨ ᠤ ᠲᠠᠯᠠᠨ ᠬᠠᠯᠢᠰᠤ ᠲᠠᠷᠢᠵᠤ ᠪᠤᠯᠬᠤ ᠪᠡᠯᠴᠢᠭᠡᠷ ᠤᠨ ᠲᠠᠯᠠᠪᠠᠢ 770 ᠬᠠᠪᠳᠠᠭᠠᠢ ᠳᠥᠷᠪᠡᠯᠵᠢᠨ ᠺᠢᠯᠤᠮᠧᠳ᠋ᠷ ᠲᠤ ᠬᠦᠷᠴᠦ᠂ ᠡᠲᠡᠭᠡᠷ ᠵᠢᠯ ᠳᠤ ᠭᠠᠴᠠᠭᠠᠨ ᠤ ᠲᠠᠯ᠎ᠠ ᠠᠴᠠ ᠨᠡᠶᠢᠳᠡ ᠶᠢᠨ ᠪᠡᠯᠴᠢᠭᠡᠷ ᠢ ᠭᠠᠳᠠᠬᠰᠢ ᠲᠦᠷᠢᠶᠡᠰᠦᠯᠡᠬᠦ᠂ ᠮᠠᠯᠴᠢᠳ ᠲᠤ ᠲᠠᠭᠠᠭᠠᠴᠢᠯᠠᠭᠤᠯᠬᠤ᠂ ᠨᠢᠰᠭᠡᠯ ᠢᠶᠠᠷ ᠦᠢᠵᠢᠭᠤᠯᠬᠤ ᠵᠡᠷᠭᠡ ᠠᠷᠭ᠎ᠠ ᠬᠡᠯᠪᠡᠷᠢ ᠪᠠᠷ ᠲᠠᠯᠠᠨ ᠬᠠᠯᠢᠰᠤ ᠲᠠᠷᠢᠵᠤ ᠦᠢᠵᠢᠭᠤᠯᠬᠤ ᠦᠢᠯᠡᠰ ᠢ ᠶᠡᠭᠡ ᠪᠠᠷ ᠬᠦᠭᠵᠢᠭᠦᠯᠵᠤ᠂ ᠤᠳᠤ ᠪᠤᠯᠬᠤ ᠳᠤ ᠪᠦᠬᠦ ᠭᠠᠴᠠᠭᠠᠨ ᠤ ᠲᠠᠯᠠᠨ ᠬᠠᠯᠢᠰᠤ ᠲᠠᠷᠢᠵᠤ ᠦᠢᠵᠢᠭᠤᠯᠤᠬᠰᠠᠨ ᠲᠠᠯᠠᠪᠠᠢ 69 ᠲᠦᠮᠡ ᠭᠠᠷᠤᠢ ᠮᠣ᠋ ᠳᠤ ᠬᠦᠷᠴᠦ᠂ ᠪᠥᠬᠦ ᠠᠶᠢᠮᠠᠭ ᠲᠤ ᠲᠠᠯᠠᠨ ᠬᠠᠯᠢᠰᠤ ᠲᠠᠷᠢᠬᠰᠠᠨ ᠲᠠᠯᠠᠪᠠᠢ ᠬᠠᠮᠤᠭ ᠶᠡᠭᠡ ᠭᠠᠴᠠᠭ᠎ᠠ ᠪᠤᠯᠵᠤ᠂ ᠴᠠᠭᠠᠨᠬᠦᠦ᠂ ᠬᠠᠨ ᠳ᠋ᠠ ᡁᠢ᠂ ᠮᠠ ᠵᠦᠩ ᠳ᠋ᠧ᠂ ᠪᠠᠢ ᠶᠢᠨ ᠵᠢᠶᠦ᠋ᠨ ᠵᠡᠷᠭᠡ ᠲᠠᠯᠠᠨ ᠬᠠᠯᠢᠰᠤ ᠲᠠᠷᠢᠵᠤ ᠦᠢᠵᠢᠭᠤᠯᠤᠬᠰᠠᠨ ᠲᠤᠮᠤ ᠡᠷᠦᠬᠡ ᠴᠤᠯᠭᠤᠷᠠᠨ ᠭᠠᠷᠴᠤ᠂ ᠭᠠᠴᠠᠭᠠᠨ ᠤ ᠮᠠᠯᠴᠢᠳ ᠲᠤ ᠲᠠᠯᠠᠨ ᠬᠠᠯᠢᠰᠤ ᠲᠠᠷᠢᠵᠤ ᠦᠢᠵᠢᠭᠤᠯᠬᠤ ᠬᠦᠳᠦᠴᠢ ᠦᠢᠯᠡᠳᠦᠯ ᠦᠵᠡᠭᠦᠯᠤᠨ᠂ ᠭᠠᠴᠠᠭᠠᠨ ᠤ ᠵᠢᠯ ᠤᠨ ᠬᠠᠮᠳᠤ ᠶᠢᠨ ᠠᠵᠤ ᠠᠬᠤᠢ ᠶᠢᠨ ᠤᠷᠤᠯᠭ᠎ᠠ ᠲᠠᠯᠠᠨ ᠬᠠᠯᠢᠰᠤ ᠲᠠᠷᠢᠬᠤ ᠠᠴᠠ ᠡᠮᠦᠨᠡᠬᠢ ᠦᠶ᠎ᠡ ᠶᠢᠨ 1 ᠲᠦᠮᠡᠨ ᠲᠦᠭᠦᠷᠢᠭ ᠬᠦᠷᠬᠦ ᠦᠭᠡᠢ ᠪᠠᠶᠢᠬᠰᠠᠨ ᠠᠴᠠ ᠣᠳᠣ ᠪᠤᠯᠬᠤ ᠳᠤ 320 ᠲᠦᠮᠡᠨ ᠲᠥᠭᠦᠷᠢᠭ ᠲᠤ ᠬᠦᠷᠴᠦ᠂ ᠮᠠᠯᠴᠢᠳ ᠤᠨ ᠡᠵᠡᠮᠳᠡᠵᠦ ᠪᠣᠯᠬᠤ ᠣᠷᠣᠯᠭ᠎ᠠ ᠨᠡᠮᠡᠭᠳᠡᠭᠡᠳ 25376.4 ᠲᠥᠭᠦᠷᠢᠭ ᠲᠤ ᠬᠦᠷᠴᠡᠢ᠃ ᠤᠷᠳᠤᠬᠦ᠋ᠯ ᠭᠠᠴᠠᠭᠠᠨ ᠤ ᠨᠠᠮ ᠤᠨ ᠡᠭᠦᠷ ᠤᠨ ᠱᠦᠵᠢ᠂ ᠭᠠᠴᠠᠭᠠᠨ ᠲᠠᠷᠤᠭ᠎ᠠ ᠪᠦᠬᠡᠪᠠᠶᠠᠷ᠄ ︽ᠮᠠᠨ ᠤ ᠭᠠᠴᠠᠭ᠎ᠠ 2018 ᠤᠨ ᠳᠤ ᠬᠠᠮᠳᠤ ᠶᠢᠨ ᠠᠵᠤ ᠠᠬᠤᠢ ᠶᠢᠨ ᠤᠷᠤᠯᠭ᠎ᠠ ᠠᠴᠠ 150 ᠲᠦᠮᠡᠨ ᠲᠦᠭᠦᠷᠢᠭ ᠭᠠᠷᠭᠠᠵᠤ᠂ ᠬᠡᠤᠬᠡᠳ ᠪᠠᠭᠠᠴᠤᠤᠯ᠂ ᠢᠳᠡᠷᠴᠤᠤᠯ᠂ ᠨᠠᠰᠤᠳᠠᠶᠢᠴᠤᠤᠯ ᠵᠡᠷᠭᠡ ᠭᠤᠷᠪᠠᠨ ᠲᠡᠰ ᠬᠤᠪᠢᠶᠠᠨ ᠮᠠᠯᠴᠢᠳ ᠲᠤ ᠠᠰᠢᠭ ᠬᠤᠪᠢᠶᠠᠷᠢᠯᠠᠵᠤ᠂ ᠡᠷᠦᠬᠡ ᠪᠦᠷᠢ ᠳᠤ ᠲᠡᠭᠰᠢᠳᠭᠡᠭᠡᠳ 2000 ᠠᠴᠠ 3000 ᠭᠠᠷᠤᠢ ᠲᠦᠭᠦᠷᠢᠭ ᠤᠨ ᠠᠰᠢᠭ ᠬᠦᠷᠳᠡᠭᠡᠵᠡᠢ᠂ ᠡᠨᠡ ᠵᠢᠯ ᠭᠠᠴᠠᠭᠠᠨ ᠤ ᠬᠠᠮᠳᠤ ᠶᠢᠨ ᠠᠵᠤ ᠠᠬᠤᠢ ᠶᠢᠨ ᠤᠷᠤᠯᠭ᠎ᠠ ᠠᠴᠠ 50 ᠠᠴᠠ 100 ᠲᠦᠮᠡᠨ ᠲᠦᠭᠦᠷᠢᠭ ᠭᠠᠷᠭᠠᠵᠤ᠂ ᠮᠠᠯᠴᠢᠳ ᠲᠤ ᠦᠷᠭᠦᠯᠵᠢᠯᠡᠨ ᠠᠰᠢᠭ ᠬᠤᠪᠢᠶᠠᠷᠢᠯᠠᠬᠤ ᠪᠠᠷ ᠲᠦᠯᠦᠪᠯᠡᠵᠤ ᠪᠠᠶᠢᠨ᠎ᠠ᠃ ᠭᠠᠴᠠᠭᠠᠨ ᠤ ᠲᠠᠯ᠎ᠠ ᠠᠴᠠ ᠵᠢᠯ ᠪᠦᠷᠢ ᠬᠠᠮᠳᠤ ᠶᠢᠨ ᠠᠵᠤ ᠠᠬᠤᠢ ᠶᠢᠨ ᠤᠷᠤᠯᠭ᠎ᠠ ᠠᠴᠠ ᠵᠤᠬᠢᠬᠤ ᠪᠡᠯᠡ ᠮᠦᠩᠭᠦ ᠭᠠᠷᠭᠠᠵᠤ᠂ ᠶᠡᠭᠡ ᠰᠤᠷᠭᠠᠭᠤᠯᠢ ᠶᠢᠨ ᠤᠶᠤᠳᠠᠨ᠂ ᠵᠡᠮᠳᠡᠭ ᠬᠦᠮᠦᠨ᠂ ᠬᠦᠨᠳᠦ ᠡᠪᠡᠳᠴᠢᠳᠡᠨ᠂ ᠠᠮᠢᠳᠤᠷᠠᠯ ᠬᠦᠴᠢᠷᠳᠡᠯᠳᠡᠢ ᠡᠷᠦᠬᠡ ᠵᠡᠷᠭᠡ ᠳᠤ ᠲᠤᠰᠠᠯᠠᠮᠵᠢ ᠬᠦᠷᠳᠡᠭᠡᠬᠦ ᠶᠢ ᠪᠠᠷᠢᠮᠳᠠᠯᠠᠭᠠᠳ ᠤᠯᠠᠨ ᠵᠢᠯ ᠪᠤᠯᠵᠤ ᠪᠤᠢ᠃ ᠮᠠᠯᠴᠢᠳ ᠤᠨ ᠤᠷᠤᠯᠭ᠎ᠠ ᠰᠢᠨ᠎ᠡ ᠨᠡᠮᠡᠭᠳᠡᠯ ᠲᠠᠢ ᠪᠤᠯᠵᠤ᠂ ᠤᠷᠴᠢᠨ ᠲᠤᠭᠤᠷᠢᠨ ᠨᠤᠭᠤᠭᠠᠷᠠᠨ᠂ ᠠᠶᠢᠯ ᠡᠷᠦᠬᠡ ᠭᠡᠷ ᠪᠠᠶᠢᠰᠢᠩ ᠢᠶᠠᠨ ᠰᠢᠨᠡᠳᠭᠡᠵᠤ᠂ ᠨᠤᠳᠤᠭ ᠤᠰᠤᠨ ᠤ ᠪᠠᠶᠢᠳᠠᠯ ᠰᠢᠨ᠎ᠡ ᠬᠤᠪᠢᠷᠠᠯᠳᠠ ᠭᠠᠷᠬᠤ ᠶᠢ ᠲᠠᠭᠠᠯᠳᠤᠨ᠂ ᠬᠤᠳᠠ ᠤᠷᠤᠬᠰᠠᠨ ᠪᠤᠶᠤ ᠭᠠᠳᠠᠬᠰᠢ ᠭᠠᠷᠴᠤ ᠠᠵᠢᠯ ᠬᠢᠵᠤ ᠶᠠᠪᠤᠬᠰᠠᠨ ᠬᠦᠮᠦᠰ ᠴᠤ ᠬᠠᠷᠢᠵᠤ ᠢᠷᠡᠭᠡᠳ ᠨᠤᠳᠤᠭ ᠤᠰᠤᠨ ᠳᠠᠭᠠᠨ ᠨᠤᠭᠤᠭᠠᠷᠠᠭᠤᠯᠤᠯᠳᠠ ᠬᠢᠵᠤ᠂ ᠡᠯᠡᠰᠦᠨ ᠤ ᠠᠵᠤ ᠦᠢᠯᠡᠰ ᠤᠨ ᠬᠦᠭᠵᠢᠯᠳᠡ ᠳᠤ ᠤᠷᠤᠯᠴᠠᠵᠤ ᠪᠠᠶᠢᠨ᠎ᠠ︾ ᠭᠡᠵᠤ ᠪᠠᠶᠢᠪᠠ᠃    2023 ᠣᠨ ᠤ ᠰᠡᠭᠦᠯᠴᠢ ᠪᠣᠯᠲᠠᠯ᠎ᠠ᠂ ᠠᠯᠠᠱᠠ ᠵᠡᠭᠦᠨ ᠬᠤᠰᠢᠭᠤᠨ ᠤ ᠡᠷᠬᠡᠬᠠᠰᠢᠬ᠎ᠠ ᠰᠤᠮᠤ ᠪᠠᠶᠢᠭᠠᠯᠢᠯᠢᠭ ᠤᠢ ᠶᠢ ᠬᠠᠮᠠᠭᠠᠯᠠᠬᠤ᠂ ᠭᠤᠷᠪᠠᠨ ᠤᠮᠠᠷᠠᠳᠤ ᠶᠢᠨ ᠬᠠᠯᠬᠠᠪᠴᠢ ᠤᠢ᠂ ᠮᠠᠯᠵᠢᠬᠤ ᠶᠢ ᠵᠤᠬᠰᠤᠭᠠᠵᠤ ᠪᠡᠯᠴᠢᠭᠡᠷ ᠰᠡᠷᠭᠦᠭᠡᠬᠦ᠂ ᠲᠠᠴᠢᠷᠳᠠᠬᠰᠠᠨ ᠪᠡᠯᠴᠢᠭᠡᠷ ᠤᠨ ᠠᠮᠢ ᠠᠬᠤᠢ ᠶᠢ ᠰᠡᠷᠭᠦᠭᠡᠨ ᠵᠠᠰᠠᠬᠤ ᠵᠡᠷᠭᠡ ᠠᠮᠢ ᠠᠬᠤᠢ ᠶᠢᠨ ᠬᠠᠮᠠᠭᠠᠯᠠᠯᠳᠠ ᠬᠢᠭᠡᠳ ᠪᠦᠳᠦᠭᠡᠨ ᠪᠠᠶᠢᠭᠤᠯᠤᠯᠳᠠ ᠶᠢᠨ ᠭᠤᠤᠯᠳᠠᠯᠭ᠎ᠠ ᠲᠠᠢ ᠢᠨᠵᠧᠨᠧᠷᠢᠩ ᠤᠨ ᠲᠦᠷᠦᠯ ᠵᠦᠢᠯ ᠢ ᠬᠡᠷᠡᠭᠵᠢᠭᠦᠯᠬᠦ ᠶᠢᠨ ᠬᠠᠮᠳᠤ ᠳᠤᠮᠳᠠᠳᠤ ᠤᠯᠤᠰ ᠤᠨ ᠨᠣᠭᠤᠭᠠᠷᠠᠭᠤᠯᠤᠯᠲᠠ ᠶᠢᠨ ᠰᠠᠭᠤᠷᠢ ᠮᠥᠩᠭᠦᠨ ᠤ ᠨᠡᠶᠢᠭᠡᠮᠯᠢᠭ᠂ SEE ᠠᠮᠢ ᠠᠬᠤᠢ ᠶᠢᠨ ᠨᠡᠶᠢᠭᠡᠮᠯᠢᠭ᠂ ᠠᠯᠠᠱᠠ ᠶᠢᠨ ᠠᠮᠢ ᠠᠬᠤᠢ ᠶᠢᠨ ᠰᠠᠭᠤᠷᠢ ᠮᠥᠩᠭᠦᠨ ᠤ ᠨᠡᠶᠢᠭᠡᠮᠯᠢᠭ ᠵᠡᠷᠭᠡ ᠨᠡᠶᠢᠭᠡᠮ ᠤᠨ ᠪᠦᠯᠬᠦᠮ ᠲᠠᠢ ᠨᠢᠭᠲᠠ ᠬᠠᠮᠵᠢᠯᠴᠠᠵᠤ᠂ ᠬᠥᠮᠥᠨ ᠤ ᠬᠦᠴᠦ ᠪᠠᠷ ᠲᠠᠷᠢᠵᠤ ᠦᠢᠵᠢᠭᠤᠯᠤᠬᠰᠠᠨ ᠲᠠᠯᠠᠨ ᠬᠠᠯᠢᠰᠤ ᠶᠢᠨ ᠲᠠᠯᠠᠪᠠᠢ ᠨᠡᠶᠢᠲᠡ 116.61 ᠲᠦᠮᠡᠨ ᠮᠦ ᠳᠤ ᠬᠦᠷᠴᠦ᠂ ᠪᠦᠬᠦ ᠠᠶᠢᠮᠠᠭ ᠲᠤ ᠲᠠᠯᠠᠨ ᠬᠠᠯᠢᠰᠦ ᠲᠠᠷᠢᠵᠦ ᠤᠶᠢᠵᠢᠭᠤᠯᠤᠭᠰᠠᠨ ᠬᠠᠮᠤᠭ ᠲᠤᠮᠤ ᠰᠠᠭᠤᠷᠢᠨ ᠭᠠᠵᠠᠷ ᠢ ᠪᠠᠶᠢᠭᠤᠯᠵᠦ᠂ ᠪᠦᠬᠦ ᠰᠤᠮᠤᠨ ᠤ ᠵᠤᠩᠬᠢᠯᠠᠬᠤ ᠪᠠᠶᠢᠷᠢ ᠪᠡᠯᠴᠢᠭᠡᠷ ᠤᠨ ᠠᠮᠢ ᠠᠬᠤᠢ ᠤᠷᠴᠢᠨ ᠲᠤᠭᠤᠷᠢᠨ ᠮᠡᠳᠡᠭᠳᠡᠮ᠎ᠡ ᠰᠠᠶᠢᠵᠢᠷᠠᠵᠤ᠂ ᠡᠯᠡᠰᠦ ᠶᠢ ᠬᠤᠷᠢᠬᠯᠠᠨ ᠵᠠᠰᠠᠬᠤ ᠬᠠᠯᠬᠠᠪᠴᠢ ᠪᠦᠰᠡ ᠶᠢ ᠪᠦᠷᠢᠯᠳᠦᠭᠦᠯᠦᠨ᠂ ᠨᠡᠭᠦᠳᠡᠯ ᠡᠯᠡᠰᠦ ᠶᠢ ᠲᠤᠬᠳᠠᠪᠤᠷᠢᠵᠢᠭᠤᠯᠤᠨ᠂ ᠡᠯᠡᠰᠦ ᠮᠠᠩᠬ᠎ᠠ ᠶᠢᠨ ᠦᠷᠭᠡᠵᠢᠨ ᠨᠡᠭᠦᠳᠡᠯᠯᠡᠬᠦ ᠶᠢ ᠪᠦᠳᠦᠮᠵᠢᠳᠡᠢ ᠬᠤᠷᠢᠬᠯᠠᠵᠤ᠂ ᠰᠠᠯᠬᠢ ᠰᠢᠭᠤᠷᠭ᠎ᠠ ᠪᠤᠰᠬᠤ ᠨᠤᠷᠮ᠎ᠠ ᠶᠢ ᠪᠠᠭᠠᠰᠬᠠᠨ᠂ ᠮᠠᠯᠴᠢᠳ ᠤᠨ ᠦᠢᠯᠡᠳᠪᠦᠷᠢᠯᠡᠯ ᠠᠮᠢᠳᠤᠷᠠᠯ ᠤᠨ ᠤᠷᠴᠢᠨ ᠲᠤᠭᠤᠷᠢᠨ ᠰᠠᠶᠢᠵᠢᠷᠠᠵᠤ᠂ ᠪᠠᠳᠠᠢ ᠶᠢᠨ ᠵᠢᠷᠠᠨ ᠡᠯᠡᠰᠦ ᠪᠤᠯᠤᠨ ᠲᠡᠭᠷᠢ ᠡᠯᠡᠰᠦᠨ ᠤ ᠦᠷᠭᠦᠯᠵᠢᠯᠡᠨ ᠵᠠᠯᠭᠠᠯᠳᠤᠬᠤ ᠶᠢ ᠬᠤᠷᠢᠬᠯᠠᠵᠤ᠂ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠠᠵᠢᠯ ᠢᠯᠡᠷᠬᠡᠢ ᠰᠠᠶᠢᠨ ᠦᠷ᠎ᠡ ᠪᠦᠲᠦᠮᠵᠢ ᠤᠯᠤᠬᠰᠠᠨ ᠪᠠᠶᠢᠨ᠎ᠠ᠃ 2024 ᠣᠨ ᠳᠤ᠂ ᠡᠷᠬᠡᠬᠠᠰᠢᠬ᠎ᠠ ᠰᠤᠮᠤ ᠦᠪᠦᠷ ᠮᠤᠩᠭᠤᠯ ᠤᠨ ᠪᠠᠷᠠᠭᠤᠨ ᠪᠡᠶ᠎ᠡ ᠶᠢᠨ ᠡᠯᠡᠰᠦᠷᠬᠡᠭᠵᠢᠯ ᠢ ᠰᠡᠷᠭᠡᠶᠢᠯᠡᠨ ᠡᠯᠡᠰᠦ ᠶᠢ ᠵᠠᠰᠠᠬᠤ ᠲᠦᠷᠦᠯ ᠵᠦᠢᠯ ︵ᠬᠤᠶᠠᠳᠤᠭᠠᠷ ᠬᠤᠭᠤᠴᠠᠭ᠎ᠠ︶ ᠤᠨ ᠪᠦᠳᠦᠭᠡᠨ ᠪᠠᠶᠢᠭᠤᠯᠤᠯᠳᠠ ᠶᠢᠨ ᠡᠭᠦᠷᠭᠡ ᠶᠢ ᠯᠠᠪᠳᠠᠭᠤᠨ ᠢᠶᠠᠷ ᠲᠦᠯᠬᠢᠨ ᠠᠬᠢᠭᠤᠯᠵᠤ᠂ 47 ᠲᠦᠮᠡᠨ ᠮᠦ ᠡᠯᠡᠰᠦ ᠮᠠᠩᠬ᠎ᠠ ᠶᠢ ᠡᠪᠡᠰᠦᠨ ᠲᠦᠷᠪᠡᠯᠵᠢ ᠪᠠᠷ ᠲᠤᠬᠳᠠᠪᠤᠷᠢᠵᠢᠭᠤᠯᠵᠤ᠂ ᠬᠦᠮᠦᠨ ᠤ ᠬᠦᠴᠦ ᠪᠠᠷ 34 ᠲᠦᠮᠡᠨ ᠮᠦ ᠡᠪᠡᠰᠦ ᠳᠠᠷᠢᠬᠤ ᠶᠢ ᠪᠡᠶᠡᠯᠡᠭᠦᠯᠦᠭᠰᠡᠨ ᠪᠠᠶᠢᠨ᠎ᠠ᠃ ᠡᠷᠬᠡᠬᠠᠰᠢᠬ᠎ᠠ ᠰᠤᠮᠤᠨ ᠤ ᠨᠠᠮ ᠤᠨ ᠬᠤᠷᠢᠶᠠᠨ ᠤ ᠲᠡᠳ᠋ ᠱᠦᠵᠢ᠂ ᠰᠤᠮᠤᠨ ᠲᠠᠷᠤᠭ᠎ᠠ ᠲᠤᠯᠢᠳᠤ ᠬᠡᠯᠡᠬᠦ ᠳᠡᠭᠡᠨ᠂ ︽ᠮᠠᠨ ᠤ ᠰᠤᠮᠤ ᠤᠳᠤ ᠪᠤᠯᠳᠠᠯ᠎ᠠ ᠲᠠᠯᠠᠨ ᠬᠠᠯᠢᠰᠤ ᠲᠠᠷᠢᠬᠰᠠᠨ ᠮᠠᠯᠴᠢᠳ ᠲᠤ ᠨᠡᠶᠢᠲᠡ 2 ᠳ᠋ᠦᠩᠰᠢᠭᠤᠷ ᠭᠠᠷᠤᠢ ᠲᠥᠭᠦᠷᠢᠭ ᠤᠨ ᠨᠥᠬᠦᠪᠦᠷᠢ ᠲᠠᠷᠬᠠᠭᠠᠵᠤ᠂ ᠨᠢᠭᠡᠨᠳᠡ 100 ᠭᠠᠷᠤᠢ ᠮᠠᠯᠴᠢᠨ ᠡᠷᠦᠬᠡ ᠶᠢ ᠲᠠᠶᠢᠴᠢᠯᠠᠨ ᠲᠠᠯᠠᠨ ᠬᠠᠯᠢᠰᠤ ᠲᠠᠷᠢᠬᠤ ᠳᠤ ᠤᠷᠤᠯᠴᠠᠭᠤᠯᠵᠤ᠂ ᠡᠷᠦᠬᠡ ᠪᠦᠷᠢ ᠶᠢᠨ ᠳᠤᠮᠳᠠᠴᠢ ᠣᠷᠣᠯᠭ᠎ᠠ 30 ᠲᠦᠮᠡᠨ ᠲᠥᠭᠦᠷᠢᠭ ᠲᠤ ᠬᠦᠷᠴᠦ᠂ ᠲᠠᠯᠠᠨ ᠬᠠᠯᠢᠰᠤ ᠶᠢᠨ ᠦᠢᠵᠢᠭᠤᠯᠤᠯᠳᠠ ᠶᠢᠨ ᠰᠠᠭᠤᠷᠢᠨ ᠭᠠᠵᠠᠷ ᠠᠴᠠ ᠵᠢᠯ ᠳᠡᠭᠡᠨ 80 — 100 ᠲᠣᠨ ᠲᠠᠯᠠᠨ ᠬᠠᠯᠢᠰᠤ ᠶᠢᠨ ᠦᠷ᠎ᠡ ᠬᠤᠷᠢᠶᠠᠨ ᠠᠪᠴᠤ᠂ ᠵᠢᠯ ᠤᠨ ᠦᠢᠯᠡᠳᠬᠦᠨ ᠤ ᠥᠷᠲᠡᠭ 450 ᠲᠦᠮᠡᠨ ᠲᠦᠭᠦᠷᠢᠭ ᠲᠤ ᠬᠦᠷᠴᠦ᠂ ᠠᠮᠢ ᠠᠬᠤᠢ ᠶᠢ ᠬᠠᠮᠠᠭᠠᠯᠠᠵᠤ᠂ ᠠᠵᠤ ᠠᠬᠤᠢ ᠶᠢᠨ ᠠᠰᠢᠭ ᠬᠦᠷᠳᠡᠨ᠂ ᠨᠡᠶᠢᠬᠡᠮ ᠤᠨ ᠦᠷ᠎ᠡ ᠠᠰᠢᠭ ᠡᠭᠦᠳᠴᠦ᠂ ᠬᠦᠳᠡᠭᠡ ᠲᠤᠰᠬᠤᠨ ᠮᠠᠯᠵᠢᠬᠤ ᠤᠷᠤᠨ ᠢ ᠬᠦᠭᠵᠢᠭᠦᠯᠦᠨ ᠮᠠᠨᠳᠤᠭᠤᠯᠬᠤ ᠲᠤᠮᠳᠠ ᠤᠷᠤᠨ ᠨᠤᠳᠤᠭ ᠤᠨ ᠪᠤᠳᠠᠳᠤ ᠪᠠᠶᠢᠳᠠᠯ ᠳᠤ ᠲᠤᠬᠢᠷᠠᠬᠰᠠᠨ ᠰᠢᠨ᠎ᠡ ᠠᠷᠭ᠎ᠠ ᠵᠠᠮ ᠢ ᠰᠦᠪᠡᠭᠴᠢᠯᠡᠵᠤ ᠨᠡᠭᠡᠭᠡᠭᠰᠡᠨ ᠪᠠᠶᠢᠨ᠎ᠠ᠃ ᠬᠤᠶᠢᠰᠢᠳᠠ ᠰᠤᠮᠤᠨ ᠠᠴᠠ ᠮᠠᠯᠴᠢᠳ ᠢᠶᠠᠨ ᠲᠠᠶᠢᠴᠢᠯᠠᠨ ᠲᠠᠯᠠᠨ ᠬᠠᠯᠢᠰᠤ ᠲᠠᠷᠢᠵᠤ ᠦᠢᠵᠢᠭᠤᠯᠬᠤ ᠦᠢᠯᠡᠰ ᠲᠤ ᠤᠷᠤᠯᠴᠠᠭᠤᠯᠵᠤ᠂ ᠲᠠᠯᠠᠨ ᠬᠠᠯᠢᠰᠤ ᠶᠢᠨ ᠦᠷ᠎ᠡ ᠶᠢ ᠲᠡᠭᠦᠵᠤ ᠬᠤᠳᠠᠯᠳᠤᠬᠤ᠂ ᠨᠠᠪᠴᠢ ᠨᠠᠮᠠᠭ᠎ᠠ ᠪᠠᠷ ᠨᠢ ᠮᠠᠯ ᠤᠨ ᠲᠡᠵᠢᠭᠡᠯ ᠪᠤᠷᠳᠤᠭ᠎ᠠ ᠦᠢᠯᠡᠳᠪᠦᠷᠢᠯᠡᠬᠦ᠂ ᠲᠠᠯᠠᠨ ᠬᠠᠯᠢᠰᠤ ᠶᠢᠨ ᠴᠡᠴᠡᠭ ᠢ ᠰᠤᠨᠢᠷᠬᠠᠬᠤ ᠠᠮᠢ ᠠᠬᠤᠢ ᠶᠢᠨ ᠰᠤᠶᠤᠯ ᠵᠢᠭᠤᠯᠴᠢᠯᠠᠯ ᠤᠨ ᠨᠠᠶᠢᠷ ᠡᠷᠬᠢᠯᠡᠬᠦ ᠪᠠᠷ ᠲᠠᠮᠵᠢᠭᠤᠯᠤᠨ ᠠᠮᠢ ᠠᠬᠤᠢ᠂ ᠰᠤᠶᠤᠯ ᠵᠢᠭᠤᠯᠴᠢᠯᠠᠯ᠂ ᠠᠵᠤ ᠠᠬᠤᠢ ᠶᠢ ᠵᠡᠷᠭᠡᠪᠡᠷ ᠬᠦᠭᠵᠢᠭᠦᠯᠬᠦ ᠠᠯᠤᠰ ᠬᠡᠳᠦ ᠶᠢᠨ ᠬᠦᠭᠵᠢᠯᠳᠡ ᠶᠢᠨ ᠬᠠᠷᠠᠯᠳᠠ ᠪᠠᠨ ᠲᠤᠬᠳᠠᠭᠠᠭᠠᠳ ᠪᠠᠶᠢᠨ᠎ᠠ︾ ᠭᠡᠪᠡ᠃    ᠲᠠᠯᠠᠨ ᠬᠠᠯᠢᠰᠤ ᠶᠢᠨ ᠠᠰᠢᠬᠯᠠᠵᠤ ᠪᠤᠯᠬᠤ ᠦᠨ᠎ᠡ ᠦᠷᠳᠡᠭ ᠲᠦᠢᠯ ᠤᠨ ᠦᠨᠳᠦᠷ᠂ 6᠂ 7 ᠵᠢᠯ ᠤᠷᠭᠤᠬᠰᠠᠨ ᠤ ᠲᠠᠷᠠᠭ᠎ᠠ ᠬᠠᠯᠢᠰᠤ ᠨᠠᠮᠠᠭ᠎ᠠ ᠶᠢ ᠨᠢ ᠲᠠᠭᠠᠷᠢᠵᠤ᠂ ᠮᠤ ᠪᠦᠷᠢ ᠠᠴᠠ ᠬᠡᠳᠦᠨ ᠮᠢᠩᠭᠠᠨ ᠺᠢᠯᠦᠭᠷᠡᠮ ᠤᠨ ᠬᠠᠯᠢᠰᠤ ᠨᠠᠪᠴᠢ ᠤᠨᠠᠵᠤ᠂ ᠮᠠᠯ ᠤᠨ ᠲᠡᠵᠢᠭᠡᠯ ᠡᠪᠡᠰᠦ ᠪᠤᠯᠭᠠᠵᠤ ᠪᠤᠯᠳᠠᠭ᠃ ᠲᠠᠯᠠᠨ ᠬᠠᠯᠢᠰᠤ ᠶᠢᠨ ᠦᠨ᠎ᠡ ᠦᠷᠳᠡᠭ ᠢ ᠭᠦᠢᠴᠡᠳ ᠨᠡᠭᠡᠭᠡᠨ ᠠᠰᠢᠬᠯᠠᠬᠤ ᠶᠢᠨ ᠲᠦᠯᠦᠭᠡ ᠡᠷᠬᠡᠬᠠᠰᠢᠬ᠎ᠠ ᠰᠤᠮᠤ ᠳᠤᠮᠳᠠᠳᠤ ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠪᠠᠷᠠᠭᠤᠨ ᠬᠤᠶᠢᠲᠤ ᠶᠢᠨ ᠠᠮᠢ ᠠᠬᠤᠢ ᠣᠷᠴᠢᠨ ᠲᠣᠭᠤᠷᠢᠨ ᠤ ᠡᠬᠢ ᠪᠠᠶᠠᠯᠢᠭ ᠤᠨ ᠰᠤᠳᠤᠯᠭᠠᠨ ᠤ ᠬᠦᠷᠢᠶᠡᠯᠡᠩ᠂ ᠨᠢᠩᠰᠢᠶᠠ ᠶᠢᠨ ᠶᠡᠭᠡ ᠰᠤᠷᠭᠠᠭᠤᠯᠢ ᠶᠢᠨ ᠲᠠᠷᠢᠶᠠᠯᠠᠩ ᠤᠨ ᠳᠡᠭᠡᠳᠦ ᠰᠤᠷᠭᠠᠭᠤᠯᠢ ᠶᠢᠨ ᠰᠤᠳᠤᠯᠭᠠᠨ ᠤ ᠬᠦᠷᠢᠶᠡᠯᠡᠩ ᠲᠠᠢ ᠮᠡᠷᠭᠡᠵᠢᠯ ᠤᠨ ᠬᠠᠮᠲᠤᠷᠠᠯᠴᠠᠭ᠎ᠠ ᠬᠢᠵᠦ᠂ ᠲᠠᠯᠠᠨ ᠬᠠᠯᠢᠰᠤ ᠶᠢᠨ ᠲᠡᠵᠢᠭᠡᠯ ᠪᠤᠷᠳᠤᠭᠠᠨ ᠤ ᠦᠨ᠎ᠡ ᠦᠷᠳᠡᠭ ᠢ ᠨᠡᠭᠡᠭᠡᠨ ᠠᠰᠢᠬᠯᠠᠬᠤ ᠲᠠᠯ᠎ᠠ ᠪᠠᠷ ᠭᠦᠨᠵᠡᠭᠡᠢ ᠰᠤᠳᠤᠯᠭᠠᠨ ᠦᠷᠨᠢᠭᠦᠯᠵᠤ᠂ 508 ᠲᠦᠮᠡᠨ ᠲᠥᠭᠦᠷᠢᠭ ᠤᠨ ᠬᠦᠳᠡᠭᠡ ᠲᠤᠰᠬᠤᠨ ᠢ ᠬᠦᠭᠵᠢᠭᠦᠯᠦᠨ ᠮᠠᠨᠳᠤᠭᠤᠯᠬᠤ ᠲᠦᠷᠦᠯ ᠵᠦᠢᠯ ᠤᠨ ᠪᠡᠯᠡ ᠮᠥᠩᠭᠦ ᠭᠤᠶᠤᠴᠢᠯᠠᠨ ᠤᠯᠵᠤ᠂ ᠲᠠᠯᠠᠨ ᠬᠠᠯᠢᠰᠤ ᠶᠢᠨ ᠲᠡᠵᠢᠭᠡᠯ ᠪᠤᠷᠳᠤᠭ᠎ᠠ ᠡᠳ᠋ᠰᠢᠭᠦᠯᠬᠦ ᠦᠢᠯᠡᠳᠪᠦᠷᠢ ᠪᠠᠶᠢᠭᠤᠯᠵᠤ᠂ ᠣᠷᠭᠠᠨᠢᠭ ᠲᠡᠵᠢᠭᠡᠯ ᠪᠣᠷᠳᠤᠭ᠎ᠠ ᠡᠳ᠋ᠰᠢᠭᠦᠯᠦᠨ ᠦᠢᠯᠡᠳᠪᠦᠷᠢᠯᠡᠬᠦ ᠠᠵᠤ ᠦᠢᠯᠡᠰ ᠤᠨ ᠬᠡᠯᠬᠢᠶᠡᠵᠢᠯ ᠢ ᠬᠦᠭᠵᠢᠭᠦᠯᠦᠨ᠂ ᠲᠠᠯᠠᠨ ᠬᠠᠯᠢᠰᠤ ᠶᠢ ᠲᠠᠷᠢᠵᠤ ᠦᠢᠵᠢᠭᠤᠯᠬᠤ᠂ ᠡᠳ᠋ᠰᠢᠭᠦᠯᠵᠤ ᠦᠢᠯᠡᠳᠪᠦᠷᠢᠯᠡᠬᠦ᠂ ᠪᠤᠷᠤᠯᠠᠭᠤᠯᠵᠤ ᠬᠤᠳᠠᠯᠳᠤᠬᠤ᠂ ᠠᠮᠢ ᠠᠬᠤᠢ ᠶᠢᠨ ᠵᠢᠭᠤᠯᠴᠢᠯᠠᠯ ᠢ ᠨᠢᠭᠡ ᠴᠤᠭᠴᠠᠵᠢᠭᠤᠯᠤᠭᠰᠠᠨ ᠪᠣᠬᠢᠷᠲᠤᠯ ᠥᠬᠡᠶ ᠠᠵᠤ ᠦᠢᠯᠡᠰ ᠤᠨ ᠬᠡᠯᠬᠢᠶᠡᠵᠢᠯ ᠢ ᠪᠦᠷᠢᠯᠳᠦᠭᠦᠯᠵᠤ᠂ ᠰᠢᠷᠭᠠᠯ ᠡᠯᠡᠰᠦ ᠶᠢ ᠰᠢᠨ᠎ᠡ ᠴᠠᠭ ᠦᠶ᠎ᠡ ᠶᠢᠨ ᠮᠠᠯᠴᠢᠳ ᠢ ᠪᠠᠶᠠᠵᠢᠨ ᠴᠢᠨᠡᠭᠡᠯᠢᠭᠵᠢᠭᠦᠯᠬᠦ ᠠᠮᠢ ᠠᠬᠤᠢ ᠶᠢᠨ ᠨᠤᠭᠤᠭᠠᠨ ︽ᠪᠠᠩᠬᠢ︾ ᠪᠤᠯᠭᠠᠨ ᠬᠤᠪᠢᠷᠠᠭᠤᠯᠵᠤ ᠪᠠᠶᠢᠨ᠎ᠠ᠃ 
 
ᠢᠷᠡᠯᠲᠡ᠄ ᠠᠯᠠᠱᠠ ᠶᠢᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号